ᠨᠡᠪᠲᠡᠷᠡᠨ ᠤᠷᠤᠬᠤ
ᠳᠤᠷᠤᠨᠠᠳᠠᠭᠢᠨ ᠤ ᠰᠠᠷᠠ

ᠰᠠᠷᠠᠳᠤ ᠰᠦᠨᠢ ᠳᠤ ᠳᠠᠭᠤᠯᠠᠬᠤ ᠳᠤ ᠮᠠᠨᠢ

ᠰᠠᠢ᠌ᠬᠠᠨ ᠪᠠᠢ᠌ᠭᠠᠯᠢ ᠠᠭᠤᠵᠢᠷᠠᠳᠠᠭ ᠶᠤᠮ ᠤᠤ

ᠰᠠᠢ᠌ᠬᠠᠨ ᠭᠡᠦᠭᠡᠨ ᠳᠤᠸᠡᠯᠡᠰᠭᠢᠭᠦ ᠪᠠᠷ ᠨᠢ

ᠰᠠᠢ᠌ᠷᠠᠮ ᠤᠨ ᠰᠠᠷᠠ ᠰᠢᠭ ᠥᠵᠡᠭ᠍ᠳᠡᠳᠡᠭ᠌ ᠶᠤᠮ ᠤᠤ

ᠰᠠᠷᠠᠨ ᠤ ᠳᠤᠬᠠᠢ ᠳᠠᠭᠤᠯᠠᠬᠤ ᠳ᠋ᠤ

ᠰᠠᠨᠠᠭᠠᠨ ᠤ ᠬᠠᠢ᠌ᠷᠠᠳᠠᠢ ᠪᠦᠰᠡᠭᠦᠢ ᠮᠠᠨᠢ ᠳᠤᠷᠮᠣᠢ᠌ᠨ᠎ᠠ

ᠰᠠᠢ᠌ᠬᠠᠨ ᠭᠡᠦᠭᠡᠨ ᠡ ᠭᠡᠵᠤ ᠰᠠᠨᠠᠬᠤ ᠶᠢᠨ ᠬᠤᠷᠤᠮ

ᠲ᠋ᠤᠷᠠᠰᠤᠯ ᠳᠡᠭᠡᠷ᠎ᠡ ᠰᠠᠷᠠ ᠰᠢᠭ ᠳᠤᠯᠠᠢ᠌ᠨ᠎ᠠ᠃

ᠪᠣᠳᠠᠨ ᠤ ᠨᠠᠮᠠᠭ᠎ᠠ ᠰᠢᠭᠦᠷᠡᠭᠦ ᠳᠤ ᠯᠠ

ᠪᠣᠳᠤᠯ ᠳᠡᠭᠡᠷ᠎ᠡ ᠮᠠᠨᠢ ᠨᠠᠷᠠ ᠰᠢᠭ ᠭᠢᠯᠪᠠᠨ᠎ᠠ

ᠪᠣᠳᠠᠷᠭᠠᠨ᠎ᠠ ᠳᠡᠷᠡᠯᠡᠭᠡᠤᠨ ᠭᠡᠪᠳᠡᠭᠦ ᠳᠤ ᠴᠤ

ᠵᠡᠭᠦᠳᠤᠨ ᠳᠡᠭᠡᠷ᠎ᠡ ᠮᠠᠨᠢ ᠰᠠᠷᠠ ᠰᠢᠭ ᠭᠢᠯᠠᠯᠵᠠᠨ᠎ᠠ


ᠪᠣᠳᠤᠯᠭᠠᠨ ᠳᠤ ᠳᠠᠷᠤᠭᠳᠠᠭᠠᠤᠨ ᠭᠡᠶ‍ᠦᠷᠡᠭᠦ ᠳ᠋ᠤ

ᠰᠠᠤᠠᠭᠢᠯ ᠤᠨ ᠰᠠᠪ ᠢ ᠠᠶᠠᠷᠬᠠᠨ ᠢᠯᠪᠢᠨ᠎ᠠ

ᠪᠣᠯᠵᠤᠭᠠᠨ ᠳᠡᠭᠡᠷ᠎ᠡ ᠪᠠᠨ ᠨᠢᠭᠤᠭᠠᠤᠨ ᠭᠦᠷᠭᠦ ᠳ᠋ᠤ

ᠪᠣᠷᠪᠢᠳᠠᠵᠤ ᠰᠡᠭᠦᠯᠳᠡᠭᠡᠤᠨ ᠰᠡᠮᠭᠡᠨ ᠳᠠᠭᠠᠨ᠎ᠠ᠃

ᠲ᠋ᠠᠯᠮᠢᠶ᠎ᠠ ᠰᠠᠷᠠ ᠵᠠᠰᠠᠯ ᠪᠦᠷᠢᠳᠦᠭᠡᠤᠨ

ᠲ᠋ᠠᠩᠭᠢᠯ ᠢᠨᠠᠭ ᠮᠠᠨᠢ ᠰᠢᠭ ᠭᠢᠯᠠᠯᠵᠠᠨ ᠬᠠᠷᠠᠭᠳᠠᠨ᠎ᠠ

ᠲ᠋ᠠᠪᠠᠳᠠᠢ ᠵᠤᠭᠤᠭ ᠳᠡᠯᠭᠡᠵᠤ ᠰᠠᠭᠤᠬᠤ ᠳᠤ

ᠲ᠋ᠠᠯ᠎ᠠ ᠶᠢᠨ ᠴᠡᠴᠡᠭ᠌ ᠰᠢᠭ᠌ ᠳᠠᠯᠪᠢ ᠪᠠᠨ ᠵᠠᠳᠠᠯᠤᠨ᠎ᠠ

ᠰᠦᠨᠢ ᠶᠢᠨ ᠮᠠᠨᠠᠭᠠᠨ ᠳᠤ ᠢᠰᠭᠡᠷᠴᠤ ᠰᠠᠭᠤᠬᠤ ᠳ᠋ᠤ

ᠰᠥᠷᠦᠭ᠌ ᠤᠨ ᠳᠦᠷᠦᠭᠦᠤ ᠶᠢ ᠮᠠᠨᠠᠳᠠᠭ ᠶᠤᠮᠰᠠᠨ

ᠰᠦ᠋ ᠪᠠᠨ ᠡᠷᠭᠦᠭ᠍ᠰᠡᠨ ᠡᠵᠢ ᠶᠤᠮ ᠰᠢᠭ᠌

ᠰᠦᠨᠢᠵᠢᠨ ᠮᠠᠯᠳᠠᠷᠠᠵᠤ ᠬᠤᠨᠤᠳᠠᠭ ᠶᠤᠮᠰᠠᠨ᠃

ᠢᠰᠭᠡᠷᠦᠭᠡ ᠬᠠᠳᠠᠭᠠᠨ ᠥᠤᠷ ᠰᠢᠭᠦᠵᠤ

ᠢᠳᠡᠭᠡᠯ ᠳᠡᠨᠢᠭᠡᠷ ᠮᠠᠨᠠᠭᠠᠨ ᠡᠴᠡ ᠪᠣᠴᠠᠬᠤ ᠳ᠋ᠤ

ᠢᠷᠮᠡᠭ᠍ᠰᠡᠨ ᠨᠢᠳᠤᠨ ᠳᠡᠭᠡᠨ ᠬᠠᠢ᠌ᠷ᠎ᠠ ᠳᠤᠭᠯᠠᠭᠤᠯᠵᠤ

ᠢᠨᠢᠶᠡᠭ᠍ᠰᠡᠭᠡᠷ ᠪᠦᠰᠡᠭᠦᠢ ᠮᠠᠨᠢ ᠣᠭᠳᠤᠳᠠᠭ ᠪᠠᠢ᠌ᠵᠠᠢ

ᠪᠦᠳᠤᠨ ᠰᠦᠨᠢ ᠶᠢᠨ ᠠᠯᠵᠢᠶᠠᠯ ᠳᠡᠭᠡᠭᠦ ᠳ᠋ᠤ

ᠪᠦᠷᠦᠩᠭᠦᠢ ᠰᠠᠠᠰᠠᠷ ᠤᠨ ᠣᠳᠤᠳ ᠰᠢᠭ ᠪᠠᠯᠠᠷᠠᠵᠤ

ᠪᠦᠰᠡᠭᠦᠢ ᠬᠤᠩᠭ᠋ᠤᠷ ᠤᠨ ᠳᠠᠩᠭᠢᠨᠠᠭᠰᠠᠨ ᠢᠨᠢᠶᠠᠳᠤᠨ ᠳ᠋ᠤ

ᠪᠦᠯᠢᠶᠡᠨ ᠠᠮᠢᠰᠬᠤᠯ ᠤᠨ ᠳᠤᠶᠠᠭ᠎ᠠ ᠣᠢ᠌ᠨ᠎ᠠ᠃

ᠲ᠋ᠤᠷᠠᠨ ᠨᠢᠳᠤᠳᠠᠢ ᠮᠤᠩᠭ᠋ᠤᠯ ᠭᠡᠦᠭᠡᠨ

ᠲ᠋ᠤᠷᠠᠯᠠᠯᠳᠤ ᠢᠨᠠᠭ ᠲᠠᠭᠠᠨ ᠨᠠᠷᠠ ᠨᠢ ᠴᠤ ᠶᠤᠮ ᠤᠤ

ᠲ᠋ᠤᠷᠤᠨᠠᠳᠠᠭᠢᠨ ᠤ ᠮᠤᠩᠭ᠋ᠤᠯ ᠪᠦᠰᠡᠭᠦᠢ

ᠲ᠋ᠠᠭᠤᠤ ᠰᠢᠯᠦᠭ᠌ ᠤᠨ ᠰᠠᠷᠠ ᠨᠢ ᠴᠤ ᠶᠤᠮ ᠤᠤ

ᠶᠠᠭ ᠳᠠᠢ᠌ᠮᠤ ᠡᠴᠡ ᠳᠤᠷᠤᠨᠠᠳᠠᠭᠢᠨ ᠤ ᠭᠢᠨ

ᠢᠷᠠᠭᠤ ᠪᠣᠳᠤᠯ ᠳᠠᠭᠠᠨ ᠰᠠᠷᠠ ᠶᠢ ᠰᠢᠳᠦᠳᠡᠭ᠌ ᠤᠤ

ᠰᠠᠨᠠᠭ᠎ᠠ ᠳᠡᠷᠡᠯᠡᠭ᠍ᠰᠡᠨ ᠰᠠᠢ᠌ᠬᠠᠨ ᠳᠡᠯᠡᠭᠡᠢ ᠪᠠᠨ

ᠰᠠᠷᠠᠳᠤ ᠬᠤᠷᠸ᠎ᠠ ᠭᠡᠵᠤ ᠵᠥᠢᠷᠯᠡᠭ᠍ᠰᠡᠨ ᠪᠠᠢ᠌ᠳᠠᠭ ᠦᠦ︖

ᠵᠤᠬᠢᠶᠠᠭᠴᠢ᠄ ᠰ·ᠤᠯᠠᠭᠠᠨᠪᠠᠲᠤ
ᠢᠷᠡᠯᠲᠡ᠄ ᠵᠤᠬᠢᠶᠠᠭᠴᠢ ᠡᠴᠡ ᠬᠠᠩᠭ᠋ᠠᠪᠠ
ᠬᠠᠷᠢᠶ᠎ᠠ᠄ ᠰᠢᠯᠦᠭ
ᠳᠠᠷᠤᠮ᠄ 2928
ᠴᠠᠭ᠄ 2005 ᠤᠨ ᠤ 08 ᠰᠠᠷ᠎ᠠ ᠶᠢᠨ 04
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ