ᠨᠡᠪᠲᠡᠷᠡᠨ ᠤᠷᠤᠬᠤ
ᠮᠦᠰᠦᠨ ᠭᠤᠤᠯ ᠤᠨ ᠨᠡᠭᠦᠯᠲᠡ

ᠮᠦᠰᠤᠨ ᠭᠤᠤᠯ ᠪᠣᠯ ᠳᠡᠯᠡᠭᠡᠢ ᠶᠢᠨ ᠪᠦᠮᠪᠦᠷᠴᠡᠭ᠌ ᠳᠡᠭᠡᠷᠡᠭᠢ ᠭᠠᠢ᠌ᠬᠠᠮᠰᠢᠭᠳᠤ ᠥᠵᠡᠭ᠍ᠳᠡᠯ ᠤᠨ ᠨᠢᠭᠡ ᠨᠢ ᠶᠤᠮ᠃ ᠳᠡᠯᠡᠭᠡᠢ ᠶᠢᠨ ᠪᠦᠮᠪᠦᠷᠴᠡᠭ᠌ ᠳᠡᠭᠡᠷ᠎ᠡ ᠣᠷᠳᠤ ᠬᠤᠭᠤᠴᠠᠭ᠎ᠠ ᠪᠠᠷ ᠴᠠᠰᠤ ᠮᠦᠰᠤᠨ ᠳᠤ ᠬᠤᠴᠢᠭᠳᠠᠭᠰᠠᠨ ᠭᠠᠵᠠᠷ ᠪᠠᠷᠤᠭ 15600 ᠲᠦᠮᠡᠨ ᠺᠦᠸᠡᠳ᠋ ᠺᠢᠯᠤᠮᠸᠲ᠋ᠷ ᠪᠠᠢ᠌ᠵᠤ᠂ ᠡᠭᠡ ᠬᠠᠭᠤᠷᠠᠢ ᠶᠢᠨ ᠶᠡᠷᠦᠩᠭᠡᠢ ᠳᠠᠯᠠᠪᠠᠢ ᠶᠢᠨ ᠠᠷᠪᠠᠨ ᠤ ᠨᠢᠭᠡ ᠬᠤᠪᠢ ᠶᠢ ᠡᠵᠡᠯᠡᠨ᠎ᠡ᠃

ᠳᠡᠯᠡᠭᠡᠢ ᠶᠢᠨ ᠪᠦᠮᠪᠦᠷᠴᠡᠭ᠌ ᠳᠡᠭᠡᠷᠡᠭᠢ ᠬᠠᠮᠤᠭ ᠤᠨ ᠶᠡᠭᠡ ᠮᠦᠰᠤᠨ ᠤ ᠰᠠᠩ ᠡᠮᠦᠨᠡᠳᠤ ᠳᠣᠢ᠌ᠯ ᠤᠨ ᠳᠢᠪ ᠲᠤ ᠪᠠᠢ᠌ᠳᠠᠭ᠃ 1400 ᠲᠦᠮᠡᠨ ᠺᠦᠸᠡᠳ᠋ ᠺᠢᠯᠤᠮᠸᠲ᠋ᠷ ᠤᠨ ᠡᠮᠦᠨᠡᠳᠤ ᠳᠣᠢ᠌ᠯ ᠤᠨ ᠡᠭᠡ ᠬᠠᠭᠤᠷᠠᠢ ᠶᠢᠨ ᠵᠠᠭᠤᠨ ᠤ ᠶᠠᠷᠠᠨ ᠳᠠᠪᠣ ᠨᠢ ᠮᠦᠰᠤ ᠴᠠᠰᠤᠨ ᠳᠤ ᠬᠤᠴᠢᠭᠳᠠᠵᠤ ᠪᠠᠢ᠌ᠳᠠᠭ᠃ ᠮᠦᠰᠤᠨ ᠤ ᠭᠢᠨᠢ ᠵᠤᠵᠠᠭᠠᠨ ᠨᠢ 2000 ᠮᠸᠲ᠋ᠷ ᠲᠤ ᠭᠦᠷᠴᠤ ᠳᠡᠯᠡᠭᠡᠢ ᠶᠢᠨ ᠪᠦᠮᠪᠦᠷᠴᠡᠭ᠌ ᠤᠨ ᠴᠡᠩᠭᠡᠭ᠌ ᠣᠰᠤᠨ ᠤ ᠵᠠᠭᠤᠨ ᠤ ᠶᠠᠷᠠ ᠶᠢ ᠡᠵᠡᠯᠡᠵᠤ ᠪᠣᠢ᠃ ᠨᠠᠮ ᠳᠤᠭᠳᠠᠭᠤᠨ ᠮᠦᠰᠤᠨ ᠭᠤᠤᠯ ᠨᠢ ᠭᠤᠤᠯ ᠮᠦᠷᠠᠨ ᠰᠢᠭ᠌ ᠦᠨᠳᠦᠷ ᠭᠠᠵᠠᠷ ᠡᠴᠡ ᠨᠠᠮ ᠭᠠᠵᠠᠷ ᠵᠥᠭ᠌ ᠠᠭᠠᠵᠢᠮ ᠶᠢᠡᠷ ᠣᠷᠤᠰᠴᠤ ᠪᠠᠢ᠌ᠳᠠᠭ᠃ ᠡᠨᠡ ᠪᠣᠯ ᠳᠠᠷᠤᠢ ᠮᠦᠰᠤᠨ ᠭᠤᠤᠯ ᠤᠨ ᠨᠡᠭᠦᠯᠳᠡ ᠪᠣᠯᠤᠨ᠎ᠠ᠃ ᠮᠦᠰᠤᠨ ᠭᠤᠤᠯ ᠪᠣᠯ ᠭᠦᠷ ᠴᠠᠰᠤᠨ ᠤ ᠬᠤᠪᠢᠷᠠᠯᠳᠠ ᠡᠴᠡ ᠪᠦᠷᠢᠯᠳᠦᠳᠡᠭ᠌ ᠠᠵᠠᠢ᠃ ᠮᠦᠰᠤᠨ ᠳᠠᠯᠠᠰᠳᠤ ᠶᠢᠨ ᠪᠦᠳᠦᠴᠡ ᠨᠢ ᠴᠠᠰᠤᠨ ᠤ ᠮᠥᠭᠦᠯᠢᠭ᠌ ᠤᠨ ᠪᠦᠳᠦᠴᠡ ᠲᠡᠶ ᠠᠳᠠᠯᠢᠪᠳᠤᠷ ᠳᠠᠯᠠᠰᠳᠤ ᠶᠢᠨ ᠵᠠᠪᠰᠠᠷ ᠤᠳ ᠲᠤ ᠨᠢ ᠣᠰᠤ ᠲᠡᠶ ᠪᠠᠢ᠌ᠳᠠᠭ᠃ ᠣᠰᠤ ᠨᠢ ᠭᠤᠯᠭᠤᠭᠤᠯᠬᠤ ᠣᠢ᠌ᠯᠠᠳᠤᠯ ᠭᠠᠷᠭᠠᠬᠤ ᠳᠤ ᠳᠠᠷᠤᠯᠳᠠ ᠭᠦᠯᠢᠶᠡᠭ᠍ᠰᠡᠨ ᠮᠦᠰᠤᠨ ᠭᠤᠤᠯ ᠠᠭᠤᠯᠠ ᠣᠷᠤᠭᠤ ᠨᠡᠭᠦᠳᠡᠭ᠌᠃ ᠭᠡᠯᠡᠯᠭᠡᠨ ᠦᠭᠡᠶ ᠳᠡᠭᠦᠨ ᠤ ᠨᠡᠭᠦᠭᠦ ᠬᠤᠷᠳᠤᠴᠠ ᠨᠢ ᠮᠠᠰᠢ ᠣᠳᠠᠭᠠᠨ ᠪᠠᠢ᠌ᠵᠤ ᠂ ᠡᠳᠦᠷ ᠪᠦᠷᠢ ᠳᠡᠭ᠍ᠰᠢᠦᠡᠭᠡᠭᠡᠤᠨ ᠭᠡᠳᠤᠨ ᠰᠠᠠᠲ᠋ᠢᠮᠸᠲ᠋ᠷ ᠡᠴᠡ ᠭᠡᠳᠤᠨ ᠮᠸᠲ᠋ᠷ ᠯᠠ ᠨᠡᠭᠦᠳᠡᠭ᠌᠃


ᠵᠤᠬᠢᠶᠠᠭᠴᠢ᠄ ᠤᠶᠤᠨᠭᠡᠷᠡᠯ
ᠢᠷᠡᠯᠲᠡ᠄ ᠲᠤᠰ ᠰᠦᠯᠵᠢᠶ᠎ᠡ
ᠬᠠᠷᠢᠶ᠎ᠠ᠄ ᠰᠢᠨᠵᠢᠯᠡᠭᠡ ᠮᠡᠷᠭᠡᠵᠢᠯ
ᠳᠠᠷᠤᠮ᠄ 4841
ᠴᠠᠭ᠄ 2010 ᠤᠨ ᠤ 04 ᠰᠠᠷ᠎ᠠ ᠶᠢᠨ 03
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ