☆ ᠰᠡᠷᠭᠦᠯᠡᠩ
ᠨᠤᠳᠤᠭ ᠮᠢᠨᠢ ᠰᠠᠢ᠌ᠬᠠᠨ ᠪᠠᠢ᠌ᠭᠰᠠᠨ ᠳ᠋ᠠ
ᠨᠠᠭᠤᠷ ᠲᠡᠶ ᠪᠦᠷᠢᠳᠤ ᠲᠡᠶ ᠴᠢᠭᠢᠭᠯᠢᠭ᠌ ᠪᠠᠢ᠌ᠭᠰᠠᠨ
ᠨᠤᠭᠤᠰᠤ ᠭᠠᠯᠠᠭᠤ ᠶᠢᠨ ᠭᠠᠩᠨᠠᠭᠠᠨ ᠲᠡᠶ ᠪᠠᠢ᠌ᠭᠰᠠᠨ
ᠨᠠᠷᠠ ᠬᠤᠷ᠎ᠠ ᠲᠡᠩᠴᠡᠬᠦᠤ ᠪᠠᠢ᠌ᠭᠰᠠᠨ
ᠨᠠᠢ᠌ᠭᠤᠨ ᠬᠠᠯᠢᠭᠤᠷᠠᠭᠰᠠᠨ ᠬᠤᠯᠤᠰᠤ ᠲᠡᠶ ᠪᠠᠢ᠌ᠭᠰᠠᠨ
ᠨᠤᠳᠤᠭ ᠮᠢᠨᠢ ᠰᠠᠢ᠌ᠬᠠᠨ ᠪᠠᠢ᠌ᠭᠰᠠᠨ ᠳ᠋ᠠ
ᠳᠦᠷᠦᠭᠡ ᠰᠢᠭᠦᠷᠦᠮ᠎ᠡ ᠪᠠᠯᠴᠢᠭᠡᠷ ᠲᠡᠶ ᠪᠠᠢ᠌ᠯ᠎ᠠ
ᠳᠦᠭᠦᠷᠳᠡᠯ᠎ᠡ ᠪᠠᠯᠴᠢᠳᠡᠭ᠌ ᠰᠥᠷᠦᠭ᠌ ᠲᠡᠶ ᠪᠠᠢ᠌ᠯ᠎ᠠ
ᠳᠦᠷᠡᠯᠵᠡᠭ᠍ᠰᠡᠨ ᠠᠮᠢᠳᠤᠷᠠᠯ ᠨᠤᠴᠤᠵᠤ ᠪᠠᠢ᠌ᠯ᠎ᠠ
ᠭᠦᠷᠦᠩᠰᠢᠭ᠍ᠰᠡᠨ ᠮᠠᠯᠴᠢᠳ ᠭᠦᠭᠡᠷᠦᠯᠳᠦᠵᠤ ᠪᠠᠢ᠌ᠯ᠎ᠠ
ᠨᠤᠳᠤᠭ ᠮᠢᠨᠢ ᠰᠠᠢ᠌ᠬᠠᠨ ᠪᠠᠢ᠌ᠭᠰᠠᠨ ᠳ᠋ᠠ
ᠨᠠᠶᠠᠨ ᠭᠠᠵᠠᠷ ᠡᠴᠡ ᠮᠤᠷᠢ ᠣᠷᠤᠯᠳᠤᠳᠠᠭ
ᠨᠢᠳᠤ ᠠᠯᠳᠠᠮ᠎ᠠ ᠳᠠᠯ᠎ᠠ ᠲᠡᠶ ᠪᠠᠢ᠌ᠭᠰᠠᠨ
ᠨᠢ᠋ᠮᠠ ᠡᠳᠦᠷ ᠶᠢᠡᠷ ᠨᠠᠭᠠᠳᠤᠮ ᠡᠷᠭᠢᠯᠡᠭ᠍ᠰᠡᠨ ᠴᠤ
ᠨᠤᠯᠭᠤᠷᠠᠵᠤ ᠨᠤᠷᠮᠠᠰᠢᠳᠠᠭ ᠦᠭᠡᠶ ᠭᠦᠷᠦᠰᠤ ᠲᠡᠶ ᠪᠠᠢ᠌ᠭᠰᠠᠨ
ᠨᠤᠳᠤᠭ ᠮᠢᠨᠢ ᠰᠠᠢ᠌ᠬᠠᠨ ᠪᠠᠢ᠌ᠭᠰᠠᠨ ᠳ᠋ᠠ
ᠵᠤᠬᠢᠶᠠᠭᠴᠢ ᠶᠢᠨ ᠬᠠᠶᠢᠭ ᠄ ᠪᠠᠷᠠᠭᠤᠨ ᠪᠠᠭᠠᠷᠢᠨ
ᠵᠤᠬᠢᠶᠠᠭᠴᠢ᠄ ᠰᠡᠷᠭᠦᠯᠡᠩ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2646
ᠴᠠᠭ᠄ 2010 ᠤᠨ ᠤ 04 ᠰᠠᠷ᠎ᠠ ᠶᠢᠨ 05
ᠨᠠᠢ᠌ᠷᠠᠭᠤᠯᠤᠭᠴᠢ᠄ ᠪᠦᠬᠡᠡᠷᠳᠡᠨᠢ