ᠨᠡᠪᠲᠡᠷᠡᠨ ᠤᠷᠤᠬᠤ
ᠬᠠᠢ᠌ᠯᠠᠰᠤᠨ ᠱᠠᠩᠰᠢ ᠭᠢᠭᠡᠤᠨ ᠡᠪᠦᠭᠡᠨ ᠪᠠᠭᠰᠢ

ᠬᠠᠢ᠌ᠯᠠᠰᠤᠨ ᠮᠤᠳᠤ ᠲᠡᠶ ᠪᠠᠭᠠᠬᠠᠨ ᠬᠤᠳᠤᠭᠤᠷ ᠳᠤ

ᠡᠭᠡ ᠰᠤᠷᠭᠠᠭᠤᠯᠢ ᠮᠢᠨᠢ ᠪᠠᠢ᠌ᠷᠢᠯᠠᠳᠠᠭ ᠪᠠᠢ᠌ᠯ᠎ᠠ

ᠬᠠᠵᠠᠭᠤ ᠳ᠋ᠤᠨᠢ ᠨᠡᠪᠳᠡᠢ᠌ᠭ᠍ᠰᠡᠨ ᠰᠢᠪᠠᠷ ᠪᠠᠢ᠌ᠰᠢᠩ ᠳᠤ

ᠡᠪᠦᠭᠡᠨ ᠪᠠᠭᠰᠢ ᠮᠢᠨᠢ ᠰᠠᠭᠤᠳᠠᠭ ᠪᠠᠢ᠌ᠯ᠎ᠠ᠃

ᠬᠤᠳᠤᠭᠤᠷ ᠲᠤ ᠣᠷᠭᠤᠭᠰᠠᠨ ᠴᠤ ᠴᠢᠨᠠᠷ ᠬᠠᠳᠠᠭᠤ ᠪᠠᠢ ᠭᠡᠵᠤ

ᠬᠠᠢ᠌ᠯᠠᠰᠤᠨ ᠱᠠᠩᠰᠢ ᠨᠢ ᠵᠢᠭᠠᠳᠠᠭ ᠪᠠᠢ᠌ᠯ᠎ᠠ

ᠭᠦᠳᠡᠭᠡ ᠮᠠᠩᠬᠠᠨ ᠡᠴᠡ ᠴᠤ ᠭᠠᠷᠤᠳᠠᠢ ᠳᠠᠪᠳᠠᠷᠢᠨ᠎ᠠ ᠭᠡᠵᠤ

ᠬᠠᠯᠵᠠᠨ ᠪᠠᠭᠰᠢ ᠣᠴᠢᠷᠯᠠᠳᠠᠭ ᠪᠠᠢ᠌ᠯ᠎ᠠ᠃

ᠦᠭ‍ᠭᠢᠶᠡᠮᠦᠷᠴᠢ ᠪᠣᠷᠤᠭᠵᠢᠭᠤᠨ ᠬᠠᠢ᠌ᠯᠠᠰᠤᠨ ᠱᠠᠩᠰᠢ

ᠥᠯᠦᠰᠭᠦᠯᠡᠩ ᠵᠢᠯ ᠤᠳ ᠲᠤ ᠵᠤᠭ᠎ᠠ ᠪᠠᠨ ᠬᠠᠢ᠌ᠷᠠᠯᠠᠭᠰᠠᠨ

ᠥᠰᠦᠷᠦᠩᠭᠦᠢ ᠳᠠᠪᠰᠢᠯᠳᠠ ᠶᠢᠨ ᠨᠢᠯᠬ᠎ᠠ ᠨᠠᠮᠢ᠋ᠢ

ᠡᠷ᠎ᠡ ᠶᠢᠨ ᠭᠡᠢ᠌ᠮᠦᠷᠢ ᠳᠤ ᠳᠦᠷᠦᠭᠡ ᠭᠢᠰᠭᠢᠭᠦᠯᠦᠭ᠍ᠰᠡᠨ᠃

ᠥᠳᠡᠯᠦᠭᠡ ᠪᠠᠭᠰᠢ ᠶᠢᠨ ᠨᠠᠰᠤᠨ ᠤ ᠣᠢ᠌ᠯᠠᠰ

ᠦᠰᠪᠦᠷᠢ ᠶᠢᠨ ᠰᠤᠷᠤᠭᠴᠢᠳ ᠲᠤ ᠬᠠᠢ᠌ᠷ᠎ᠠ ᠪᠠᠨ ᠶᠡᠭᠦᠯᠡᠭ᠍ᠰᠡᠨ

ᠥᠢᠮᠡᠭᠡᠡᠳᠤ ᠵᠢᠯ ᠤᠨ ᠥᠷᠡᠭ᠍ᠳᠡᠯ ᠪᠢ ᠴᠤ

ᠡᠷᠳᠡᠮ ᠤᠨ ᠬᠠᠷᠭᠤᠢ ᠶᠢ ᠵᠤᠯ ᠲᠡᠶ ᠡᠯᠭᠦᠭ᠍ᠰᠡᠨ᠃

ᠬᠠᠪᠣᠷ ᠤᠨ ᠬᠠᠪᠣᠷ ᠵᠤᠭ᠎ᠠ ᠪᠦᠭᠡᠯᠵᠢᠭ᠍ᠰᠡᠭᠡᠷ

ᠬᠠᠢ᠌ᠷᠠᠨ ᠱᠠᠩᠰᠢ ᠠᠷᠭ᠎ᠠ ᠦᠭᠡᠶ ᠥᠳᠡᠯᠴᠢᠭᠡᠵᠢ

ᠭᠢᠷ᠎ᠠ ᠳᠡᠭᠡᠷ᠎ᠡ ᠥᠡᠳᠦᠰᠦᠯᠡᠭ᠍ᠰᠡᠨ ᠴᠤ ᠬᠠᠵᠠᠢ᠌ᠬᠤ ᠦᠭᠡᠶ ᠰᠦᠰᠦ

ᠬᠠᠢ᠌ᠯᠠᠰᠤ ᠨᠠᠷ᠎ᠠ ᠮᠥᠩᠭᠡᠳᠡ ᠰᠡᠭᠦᠢᠯᠭᠡᠵᠡᠢ᠃

ᠬᠣᠢ᠌ᠨᠠᠭᠢ ᠭᠦᠮᠦᠰ ᠲᠡᠭᠡᠨ ᠶᠠᠠᠳᠠᠷ ᠪᠣᠯᠤᠭᠰᠠᠨ ᠪᠠᠭᠰᠢ ᠶᠢᠨ

ᠬᠠᠨᠠᠭᠠᠷ ᠨᠢᠷᠤᠭᠤ ᠨᠠᠢ᠌ᠷ ᠦᠭᠡᠶ ᠪᠦᠭ᠍ᠳᠥᠢᠴᠢᠭᠡᠵᠡᠢ᠃

ᠬᠠᠷᠠᠯᠭᠠᠨ ᠭᠡᠵᠢᠭᠡ ᠣ ᠶᠢᠨ ᠪᠢᠷ ᠲᠤ ᠴᠠᠢ᠌ᠭᠰᠠᠨ ᠴᠤ

ᠭᠦᠡᠳᠦᠳᠤ ᠳᠦᠷᠢ ᠨᠢ ᠮᠠᠨ ᠤ ᠰᠠᠤᠠᠭᠢᠯ ᠳᠤ ᠱᠤᠭᠤᠭᠳᠠᠵᠠᠢ᠃


《ᠡᠷᠡᠭᠦᠯ ᠴᠠᠭᠠᠨ ᠬᠠᠰᠭᠢᠷᠤᠯ》 ᠭᠡᠳᠡᠭ᠌ ᠨᠤᠮ ᠡᠴᠡ ᠵᠤᠬᠢᠶᠠᠭᠴᠢ ᠶᠢᠨ ᠵᠦᠪᠰᠢᠶᠠᠷᠠᠯ ᠲ᠋ᠠᠢ ᠰᠢᠯᠵᠢᠭᠦᠯᠪᠡ

ᠵᠤᠬᠢᠶᠠᠭᠴᠢ᠄ ᠰ·ᠵᠠᠮᠰᠤ
ᠢᠷᠡᠯᠲᠡ᠄ ᠮᠢ᠊·ᠨᠠᠷᠠᠨ ᠬᠠᠩᠭ᠋ᠠᠪᠠ
ᠬᠠᠷᠢᠶ᠎ᠠ᠄ ᠰᠢᠯᠦᠭ
ᠳᠠᠷᠤᠮ᠄ 2637
ᠴᠠᠭ᠄ 2008 ᠤᠨ ᠤ 12 ᠰᠠᠷ᠎ᠠ ᠶᠢᠨ 18
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ