ᠨᠡᠪᠲᠡᠷᠡᠨ ᠤᠷᠤᠬᠤ
ᠪᠠᠶᠠᠠᠪᠣᠯᠠᠭ ᠳ᠋ᠠᠭᠢ ᠠᠶᠠᠯᠠᠯ
᠊᠊᠊᠊᠊᠊᠊᠊᠊᠊᠊᠊᠊᠊᠊ ᠠᠩᠬᠠᠳᠠᠭᠴᠢ ᠣᠳᠠᠭᠠᠨ ᠤ ᠪᠠᠷᠠᠭᠤᠨ ᠣᠷᠤᠨ ᠤ ᠵᠤᠬᠢᠶᠠᠯᠴᠢᠳ ᠤᠨ ᠪᠢᠷ ᠤᠨ ᠴᠤᠭᠯᠠᠭᠠᠨ ᠳᠤ ᠵᠤᠷᠢᠭᠤᠯᠪᠠ᠃

ᠪᠠᠶᠠᠠᠪᠣᠯᠠᠭ ᠭᠡᠳᠡᠭ᠌ ᠴᠢᠨᠢ


ᠪᠠᠶᠠᠠᠪᠣᠯᠠᠭ ᠭᠡᠳᠡᠭ᠌ ᠴᠢᠨᠢ

ᠪᠠᠬᠠᠷᠤᠯ ᠢ ᠳᠠᠳᠠᠭᠰᠠᠨ

ᠳᠤᠷᠭᠠᠨ ᠳᠠᠯ᠎ᠠ᠂ ᠳᠤᠰᠤᠨ ᠰᠢᠷᠤᠢ ᠰᠠᠠᠵᠢ ᠯᠠᠢ᠂

ᠪᠠᠭᠠᠳᠤᠷ ᠳᠤᠷᠭᠤᠳ ᠤᠨ ᠮᠢᠨᠢ

ᠠᠮᠢᠨ ᠭᠤᠤᠯ᠂ ᠠᠯᠢᠮᠠᠨ ᠬᠠᠴᠠᠷ ᠨᠢ ᠰᠠᠠᠵᠢ ᠯᠠᠢ᠃

ᠪᠠᠶᠠᠠᠪᠣᠯᠠᠭ ᠭᠡᠳᠡᠭ᠌ ᠴᠢᠨᠢ

ᠬᠠᠷᠠᠭ᠎ᠠ ᠶᠢ ᠪᠣᠯᠢᠶᠠᠭᠰᠠᠨ

ᠬᠠᠨᠠᠭᠠᠷ ᠳᠠᠯ᠎ᠠ᠂ ᠬᠠᠷ᠎ᠠ ᠰᠢᠷᠤᠢ ᠰᠠᠠᠵᠢ ᠯᠠᠢ᠂

ᠬᠤᠱᠤᠳ ᠳᠤᠷᠭᠤᠳ ᠤᠨ ᠮᠢᠨᠢ

ᠬᠤᠪᠣᠷ ᠦᠯᠦᠭᠡᠢ᠂ ᠬᠤᠤᠰ ᠦᠭᠡᠶ ᠪᠠᠭᠤᠷᠢ ᠰᠠᠠᠵᠢ ᠯᠠᠢ᠃

ᠪᠠᠶᠠᠠᠪᠣᠯᠠᠭ ᠭᠡᠳᠡᠭ᠌ ᠴᠢᠨᠢ

ᠵᠠᠭᠤᠨ ᠠᠭᠤᠯᠠ ᠶᠢᠨ ᠣᠷᠤᠢ ᠳ᠋ᠠᠭᠢ

ᠵᠤᠰᠠᠯᠠᠩ ᠤᠨ ᠨᠤᠭᠤᠭᠠᠨ ᠳᠡᠪᠠᠭᠡᠨ ᠰᠠᠠᠵᠢ ᠯᠠᠢ᠂

ᠵᠤᠯᠴᠠ ᠶᠢᠨ ᠳᠡᠨᠢᠭᠡᠷ ᠭᠦᠳᠡᠭᠡ ᠳ᠋ᠠᠭᠢ

ᠵᠤᠯ ᠵᠢᠷᠭᠠᠯ ᠤᠨ ᠳ᠋ᠸᠪᠠᠵᠠᠨ ᠰᠠᠠᠵᠢ ᠯᠠᠢ᠃

ᠪᠠᠶᠠᠠᠪᠣᠯᠠᠭ ᠭᠡᠳᠡᠭ᠌ ᠴᠢᠨᠢ

ᠡᠪᠠᠰᠤ ᠨᠢ ᠰᠠᠬᠤᠯᠢᠭ᠂ ᠣᠰᠤ ᠨᠢ ᠳᠤᠰᠤᠯᠢᠭ

ᠡᠯᠪᠠᠭ᠌ ᠪᠠᠯᠴᠢᠭᠡᠷ ᠰᠠᠠᠵᠢ ᠯᠠᠢ᠂

ᠠᠷᠠᠤᠨ ᠨᠢ ᠪᠠᠶᠠᠨ᠂ ᠠᠮᠢᠳᠤᠷᠠᠯ ᠨᠢ ᠵᠢᠷᠭᠠᠯᠳᠠᠢ

ᠠᠮᠤᠷ ᠦᠭᠡᠶ ᠨᠤᠳᠤᠭ ᠰᠠᠠᠵᠢ ᠯᠠᠢ ᠁


ᠪᠠᠶᠠᠠᠪᠣᠯᠠᠭ ᠤᠨ ᠪᠦᠰᠡᠭᠦᠢ


ᠭᠠᠷ ᠢ ᠴᠢᠨᠢ ᠢᠯᠢᠭ᠍ᠰᠡᠨ ᠪᠣᠯᠪᠠᠴᠤ

ᠰᠡᠳᠭᠢᠯ ᠢ ᠴᠢᠨᠢ ᠠᠷᠭᠠᠯᠠᠵᠤ ᠣᠶᠠᠭᠠᠤᠨ ᠦᠭᠡᠶ᠂

ᠭᠠᠳᠠᠨ᠎ᠠ ᠳᠤ ᠴᠢᠨᠢ ᠣᠴᠢᠭᠰᠠᠨ ᠪᠣᠯᠪᠠᠴᠤ

ᠭᠡᠷ ᠲᠤ ᠴᠢᠨᠢ ᠦᠳᠡᠯᠠᠵᠤ ᠰᠠᠭᠤᠭᠠᠤᠨ ᠥᠭᠡᠢ

ᠪᠠᠶᠠᠠᠪᠣᠯᠠᠭ ᠤᠨ ᠪᠦᠰᠡᠭᠦᠢ ᠮᠢᠨᠢ︕


ᠪᠠᠰᠢᠯᠠᠭ ᠤᠨ ᠳᠠᠷ᠎ᠠ ᠲᠡᠶ ᠬᠤᠨ ᠰᠢᠪᠠᠭᠤ


ᠬᠤᠨ ᠰᠢᠪᠠᠭᠤ ᠬᠠᠮᠢᠭ᠎ᠠ ᠪᠠᠢ᠌ᠨ᠎ᠠ ᠭᠡᠵᠤ

ᠬᠤᠯᠠ ᠶᠢ ᠬᠠᠷᠠᠵᠤ ᠪᠢ ᠪᠣᠳᠤᠯᠭᠠᠰᠢᠷᠠᠨ᠎ᠠ᠂

ᠬᠤᠯᠠ ᠶᠢᠨ ᠳᠠᠷᠠ ᠡᠭᠦᠷ ᠳᠡᠭᠡᠨ

ᠬᠤᠷᠤᠰᠤᠨ ᠪᠠᠰᠢᠯᠠᠭ ᠤᠨ ᠳᠠᠷ᠎ᠠ ᠳᠡᠭᠡᠷ᠎ᠡ ᠪᠠᠨ ᠭᠡᠵᠤ

ᠬᠤᠪᠣᠭ ᠤᠨ ᠨᠠᠢ᠌ᠵᠠ ᠮᠢᠨᠢ ᠰᠢᠪᠠᠨᠠᠨ᠎ᠠ᠃


ᠥᠡᠳᠡᠭᠡ ᠳᠡᠭᠡᠨ ᠦᠷᠤᠪᠴᠢ ᠬᠤᠨ ᠰᠢᠪᠠᠭᠤ

ᠡᠭᠦᠷ ᠲᠡᠭᠡᠨ ᠪᠦᠭᠦᠭ᠍ᠰᠡᠨ ᠳ᠋ᠤᠨᠢ ᠪᠢ ᠭᠤᠮᠳᠤᠨ᠎ᠠ᠂

ᠦᠷᠦᠭᠡᠰᠤᠨ ᠳᠠᠷ᠎ᠠ ᠲᠡᠶ ᠯᠠ ᠪᠣᠤ ᠪᠠᠢ᠌ᠭᠠᠰᠠᠢ ᠭᠡᠵᠤ

ᠤᠢ᠌ᠷᠠᠤᠨ ᠵᠠᠯᠪᠢᠷᠠᠯ ᠶᠢᠡᠷ ᠪᠢ ᠵᠠᠯᠪᠢᠷᠠᠨ᠎ᠠ᠃


ᠪᠠᠰᠢᠯᠠᠭ ᠳᠡᠷᠡᠯᠡᠭ᠍ᠰᠡᠨ ᠬᠤᠨ ᠮᠢᠨᠢ

ᠪᠠᠭ ᠪᠠᠭ ᠶᠢᠡᠷ ᠥᠰᠳᠦᠭᠡᠢ︕

ᠪᠠᠷᠠᠭᠤᠨ ᠣᠷᠤᠨ ᠤ ᠵᠤᠬᠢᠶᠠᠭᠴᠢ ᠪᠢ

ᠪᠠᠢ᠌ᠰᠭᠢᠭᠡᠳ ᠪᠠᠰᠠᠯᠠ ᠢᠷᠡᠰᠡᠭᠡᠢ︕


ᠬᠤᠯᠠ ᠶᠢᠨ ᠬᠤᠯᠠ ᠳ᠋ᠠᠭᠢ ᠬᠤᠷᠤᠭᠠᠨ ᠤ ᠪᠣᠯᠤᠩ


ᠬᠤᠯᠠ ᠶᠢᠨ ᠬᠤᠯᠠ ᠳ᠋ᠠᠭᠢ

ᠬᠤᠷᠤᠭᠠᠨ ᠤ ᠳᠤᠬᠤᠢ (ᠪᠣᠯᠤᠩ) ᠳ᠋ᠤ

ᠦᠳᠡ ᠶᠢᠨ ᠬᠤᠭᠤᠷᠬᠠᠢ ᠳᠤ ᠪᠢ ᠰᠠᠭᠠᠳᠤᠯ᠎ᠠ ︕

ᠬᠤᠪᠳᠤᠯ ᠵᠢᠷᠦᠭᠡᠨ ᠤ ᠭᠦᠨ ᠡᠴᠠ ᠪᠠᠨ

ᠬᠠᠢ᠌ᠷ᠎ᠠ ᠶᠢᠨ ᠰᠡᠳᠭᠢᠯ ᠶᠢᠡᠨ ᠪᠢ ᠳᠡᠯᠭᠡᠯ᠎ᠡ ︕


ᠮᠤᠩᠭ᠋ᠤᠯ ᠥᠭᠡᠰ ᠤᠨ ᠪᠠᠶᠠᠯᠢᠭ ᠢ

ᠮᠦᠩᠭᠦᠨ ᠠᠭ᠎ᠠ ᠶᠢᠨ ᠪᠣᠶᠠᠨ ᠢ

ᠮᠥᠩᠭᠡ ᠳᠡᠭ᠍ᠷᠢ ᠶᠢᠨ ᠳᠡᠨᠢᠭᠡᠷ ᠢ

ᠮᠤᠩᠭ᠋ᠤᠯ ᠭᠡᠷ ᠤᠨ ᠳᠠᠢ᠌ᠪᠣᠩ ᠢ

ᠮᠦᠨ ᠡ᠊ᠨᠳᠡ ᠭᠠᠢ᠌ᠬᠠᠯ᠎ᠠ ︕


ᠪᠣᠶᠠᠠᠳᠠᠢ ᠪᠣᠭᠤᠷᠠᠯᠴᠤᠳ ᠤᠨ ᠰᠤᠷᠭᠠᠯ ᠢ

ᠪᠣᠯᠮᠠᠭ ᠲᠡᠶ ᠳᠠᠯᠬᠠᠨ ᠤ ᠠᠮᠳᠠ ᠵᠢ

ᠪᠣᠷᠠᠮ ᠲᠡᠶ ᠰᠢᠭᠢᠷ ᠤᠨ ᠺᠠᠠᠳᠠ ᠵᠢ

ᠪᠣᠯᠬᠠᠢ ᠦᠭᠡᠶ ᠪᠦᠰᠡᠭᠦᠢ ᠶᠢᠨ ᠢᠨᠢᠶᠠᠳᠤ ᠵᠢ

ᠮᠦᠨ ᠡ᠊ᠨᠳᠡ ᠭᠦᠷᠳᠡᠯ᠎ᠡ ︕


ᠰᠠᠷᠯᠤᠭ ᠬᠤᠳᠠᠯᠠᠭᠰᠠᠨ ᠠᠢ᠌ᠯ ᠢ

ᠰᠠᠪᠠ ᠰᠠᠩᠬ᠎ᠠ ᠶᠢᠨ ᠡᠯᠪᠠᠭ᠌ ᠢ

ᠰᠠᠳᠤᠨ ᠳᠦᠷᠤᠯ ᠤᠨ ᠰᠠᠢ᠌ᠬᠠᠨ ᠢ

ᠰᠠᠮᠪᠠ ᠬᠠᠳᠠᠭ ᠲᠡᠶ ᠳᠠᠭᠤᠤ ᠵᠢ

ᠮᠦᠨ ᠡ᠊ᠨᠳᠡ ᠡᠴᠠ ᠬᠠᠷᠠᠯ᠎ᠠ ︕


ᠬᠤᠯᠠ ᠶᠢᠨ ᠬᠤᠯᠠ ᠳ᠋ᠠᠭᠢ

ᠬᠤᠷᠤᠭᠠᠨ ᠤ ᠳᠤᠬᠤᠢ ᠳ᠋ᠤ

ᠬᠤᠪᠳᠤᠯ ᠵᠢᠷᠦᠭᠡᠨ ᠮᠢᠨᠢ ᠬᠤᠷᠭᠤᠳᠠᠨ᠎ᠠ᠃

ᠬᠠᠢ᠌ᠷ᠎ᠠ ᠶᠢᠨ ᠰᠡᠳᠭᠢᠯ ᠶᠢᠡᠨ ᠳᠡᠯᠭᠡᠭᠦ ᠳ᠋ᠤ

ᠦᠳᠡ ᠶᠢᠨ ᠬᠤᠭᠤᠷᠬᠠᠢ ᠪᠠᠭᠠᠳᠠᠨ᠎ᠠ᠃


ᠷᠠᠰᠢᠶᠠᠳᠤ ᠳᠤ ᠠᠷᠬᠠᠯᠠᠭᠳᠠᠭᠰᠠᠨ ᠰᠡᠳᠭᠢᠯ


ᠠᠪᠠᠭᠠᠤᠨ ᠶᠠᠪᠣᠰᠠᠢ ᠭᠡᠭᠦ ᠯᠠᠢ

ᠵᠠᠮ ᠤᠨ ᠠᠴᠢᠭ᠎ᠠ ᠮᠢᠨᠢ ᠭᠦᠡᠳᠦᠷᠡᠨ᠎ᠡ᠂

ᠠᠴᠢᠭᠠᠤᠨ ᠠᠴᠢᠭᠠᠤᠨ ᠪᠠᠢ᠌ᠬᠤ ᠯᠠᠢ

ᠯᠤᠤᠰ ᠰᠠᠪᠳᠤᠭ ᠮᠢᠨᠢ ᠠᠳᠢᠨ᠎ᠠ᠃

ᠪᠠᠶᠠᠠᠪᠣᠯᠠᠭ ᠤᠨ ᠡᠭᠢᠨ

ᠪᠠᠢ᠌ᠬᠤ ᠲᠡᠶ ᠨᠤᠳᠤᠭ ᠤᠨ ᠪᠣᠶᠠᠨ

ᠷᠠᠰᠢᠶᠠᠳᠤ ᠠᠷᠢᠭᠤᠨ ᠭᠠᠵᠠᠷ ᠡ︕

ᠣᠷᠤᠢ ᠳᠠᠭᠠᠨ ᠣᠪᠣᠭ᠎ᠠ ᠳᠠᠭᠢᠯᠭ᠎ᠠ ᠳᠠᠢ

ᠣᠯᠠᠨ ᠳᠠᠭᠠᠨ ᠠᠮᠠᠨ ᠳᠡᠵᠢᠭᠡᠯ ᠳᠠᠢ

ᠪᠣᠷᠵᠢᠩᠨᠠᠭᠰᠠᠨ ᠪᠣᠯᠠᠭ ᠡᠭᠢ ᠳᠠᠢ

ᠪᠣᠯᠬᠤᠵᠤ ᠪᠣᠯᠳᠠᠭ ᠨᠢᠳᠤ ᠳᠠᠢ

ᠷᠠᠰᠢᠶᠠᠳᠤ ᠠᠷᠢᠭᠤᠨ ᠭᠠᠵᠠᠷ ᠡ ︕

ᠬᠤᠪᠴᠠᠰᠤ ᠪᠠᠨ ᠳᠠᠢ᠌ᠯᠠᠭᠠᠤᠨ ᠣᠷᠤᠪᠠᠯ

ᠬᠤᠭᠤᠰᠤᠷᠠᠬᠤ ᠶᠢᠨ ᠪᠠᠯᠭᠡ ᠳᠠᠭᠠᠯᠴᠠᠳᠠᠭ

ᠬᠤᠪᠳᠤᠭ ᠴᠢᠨᠢ ᠭᠦᠳᠡᠯᠦᠭᠡᠳ ᠪᠠᠯᠭᠤᠪᠠᠯ

ᠬᠤᠰᠤᠷᠬᠤ ᠶᠢᠨ ᠢᠷᠸ᠎ᠠ ᠠᠪᠣᠯᠴᠠᠳᠠᠭ

ᠷᠠᠰᠢᠶᠠᠳᠤ ᠠᠷᠢᠭᠤᠨ ᠭᠠᠵᠠᠷ ᠡ ︕

ᠠᠪᠠᠭᠠᠤᠨ ᠶᠠᠪᠣᠰᠠᠢ ᠭᠡᠭᠦ ᠯᠠᠢ

ᠵᠠᠮ ᠤᠨ ᠠᠴᠢᠭ᠎ᠠ ᠮᠢᠨᠢ ᠭᠦᠡᠳᠦᠷᠡᠨ᠎ᠡ᠂

ᠠᠴᠢᠭᠠᠤᠨ ᠠᠴᠢᠭᠠᠤᠨ ᠪᠠᠢ᠌ᠬᠤ ᠯᠠᠢ

ᠯᠤᠤᠰ ᠰᠠᠪᠳᠤᠭ ᠮᠢᠨᠢ ᠠᠳᠢᠨ᠎ᠠ᠃

ᠷᠠᠰᠢᠶᠠᠳᠤ ᠠᠷᠢᠭᠤᠨ ᠭᠠᠵᠠᠷ ᠡ ︕ ᠁


ᠵᠤᠬᠢᠶᠠᠭᠴᠢ ᠶᠢᠨ ᠬᠠᠶ‍ᠢᠭ᠄ ᠰᠢᠠᠵᠢᠶᠠᠩ ᠤᠨ ᠬᠤᠪᠣᠭᠰᠠᠢ᠌ᠷᠢ ᠰᠢᠶᠠᠨ ᠤ ᠪᠠᠭᠰᠢ ᠶᠢᠨ ᠳᠠᠪᠳᠠᠨ ᠪᠣᠯᠪᠠᠰᠤᠷᠬᠤ ᠰᠤᠷᠭᠠᠭᠤᠯᠢ

ᠵᠤᠬᠢᠶᠠᠭᠴᠢ᠄ ᠴᠥ᠊·ᠪᠣᠯᠤᠤᠠᠪᠠᠳᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2640
ᠴᠠᠭ᠄ 2010 ᠤᠨ ᠤ 07 ᠰᠠᠷ᠎ᠠ ᠶᠢᠨ 06
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ