ᠨᠡᠪᠲᠡᠷᠡᠨ ᠤᠷᠤᠬᠤ
ᠴᠦᠷᠬᠦᠬᠡ ᠭᠤᠷᠪᠡ

ᠣᠴᠤᠭ ᠤᠨ ᠭᠤᠷᠪᠠᠨ ᠴᠢᠯᠠᠭᠤ


ᠡᠵᠢ ᠨᠠᠭᠤᠷ ᠢ ᠴᠢᠭᠯᠡᠭ᠍ᠰᠡᠨ ᠠᠶᠠᠨ ᠤ ᠬᠠᠷᠠᠴᠤ ᠶᠢᠨ ᠭᠤᠯᠤᠮᠳᠠ

ᠡᠭᠡᠳᠡᠢ ᠪᠦᠭᠡᠳᠡᠢ ᠠᠮᠢᠳᠤᠷᠠᠯ ᠤᠨ ᠭᠦᠯᠪᠠᠷᠡᠵᠤ ᠣᠯᠠᠷᠢᠭᠰᠠᠨ ᠳᠡᠦᠭᠡ

ᠠᠰᠬ᠎ᠠ ᠬᠠᠢ᠌ᠷᠬᠠᠨ ᠤ ᠠᠮᠠᠷᠠᠭ ᠭᠤᠷᠪᠠᠨ ᠴᠢᠯᠠᠭᠤ ︕

ᠰᠠᠮᠰᠤᠷᠠᠵᠤ ᠣᠳᠤᠭᠰᠠᠨ ᠥᠴᠦᠭᠡᠳᠦᠷ ᠤᠨ

ᠰᠠᠤᠠᠭᠢᠯ ᠳᠤ ᠰᠢᠩᠭᠡᠭ᠍ᠰᠡᠨ ᠳᠤᠷᠠᠰᠤᠮᠵᠢ

ᠰᠡᠭᠯᠡᠷᠡᠵᠤ ᠭᠡᠯᠪᠠᠷᠡᠭ᠍ᠰᠡᠨ ᠮᠠᠨ ᠤ ᠭᠢᠨ ᠤ

ᠰᠦᠨᠠᠰᠤ ᠶᠢ ᠨᠢ ᠳᠠᠯᠠᠯᠤᠭᠰᠠᠨ ᠰᠢᠳᠦᠭᠡᠨ

ᠰᠦᠮᠪᠦᠷ ᠬᠠᠢ᠌ᠷᠬᠠᠨ ᠤ ᠰᠦᠯᠳᠡ ᠭᠤᠷᠪᠠᠨ ᠴᠢᠯᠠᠭᠤ ︕


ᠡᠷ᠎ᠡ ᠶᠢᠨ ᠭᠤᠷᠪᠠᠨ ᠨᠠᠭᠠᠳᠤᠮ


ᠡᠵᠡᠨ ᠴᠢᠩᠭᠢᠰ ᠤᠨ ᠡᠷᠡᠯᠭᠡᠭ᠌ ᠭᠦᠯᠦᠭ᠌ ᠤᠨ ᠰᠢᠯᠭᠠᠭᠤᠷ

ᠣᠳᠤᠮᠳᠤ ᠶᠠᠰᠤᠳᠠᠨ ᠤ ᠦᠶ᠎ᠡ ᠣᠯᠠᠮᠵᠢᠯᠠᠬᠤ ᠭᠦᠷᠦᠩᠭᠡ

ᠡᠷ᠎ᠡ ᠶᠢᠨ ᠭᠤᠷᠪᠠᠨ ᠨᠠᠭᠠᠳᠤᠮ ︕

ᠨᠠᠢ᠍ᠮᠠᠨ ᠰᠠᠷ᠎ᠠ ᠶᠢᠨ ᠨᠠᠢ᠌ᠷ ᠤᠨ ᠳᠠᠯᠠᠪᠠᠢ ᠶᠢᠨ ᠰᠦᠨᠠᠰᠤ

ᠨᠠᠷᠭᠢᠶᠠᠠᠳᠤ ᠮᠠᠯᠴᠢᠤᠨ ᠤᠨ ᠰᠠᠤᠠᠭᠢᠯ ᠤᠨ ᠴᠢᠮᠡᠭ᠌

ᠡᠷ᠎ᠡ ᠶᠢᠨ ᠭᠤᠷᠪᠠᠨ ᠨᠠᠭᠠᠳᠤᠮ ︕


ᠪᠢ


ᠵᠢᠰᠤ ᠪᠠᠷ ᠮᠠᠭᠤᠬᠠᠢ ᠭᠡᠵᠤ ᠨᠠᠮ᠎ᠠ ᠶᠢ ᠪᠣᠤ ᠭᠤᠯᠤ

ᠵᠤᠭᠤᠰ ᠦᠭᠡᠶ ᠭᠡᠵᠤ ᠨᠠᠮ᠎ᠠ ᠶᠢ ᠪᠣᠤ ᠭᠠᠳᠠᠭᠤᠷᠴᠢᠯᠠ

ᠵᠤᠪᠠᠯᠠᠩ ᠶᠠᠮᠠᠷ ᠢ ᠪᠢ ᠴᠢᠮ᠎ᠠ ᠳᠤ ᠭᠡᠯᠡᠵᠤ ᠦᠭ‍ᠭᠦᠶ᠎ᠡ

ᠵᠢᠯᠤᠭᠤ ᠪᠠᠨ ᠳᠠᠳᠠᠵᠤ ᠨᠠᠮ᠎ᠠ ᠶᠢ ᠠᠷᠤ ᠳᠠᠭᠠᠨ ᠰᠤᠠᠳᠠᠯᠠᠭᠠᠴᠢ

ᠥᠭᠡ ᠪᠠᠷ ᠠᠷᠪᠢᠨ ᠭᠡᠵᠤ ᠨᠠᠮ᠎ᠠ ᠶᠢ ᠪᠣᠤ ᠬᠠᠷᠢᠶᠠ

ᠦᠨᠡᠨ ᠢ ᠴᠢᠨᠢ ᠭᠡᠯᠡᠯ᠎ᠡ ᠭᠡᠵᠤ ᠨᠠᠳᠠ ᠪᠢᠳᠡᠭᠡᠢ ᠭᠤᠮᠤᠳᠠ

ᠥᠭᠦᠭᠡᠷᠢᠳᠤᠡ ᠤᠷᠦᠬᠤ ᠡᠴᠡ ᠨᠡᠰᠢ ᠬᠡᠯᠡᠵᠤ ᠴᠢᠳᠡᠬᠤ ᠥᠭᠡᠢ ᠵᠡᠩ ᠢ

ᠷᠠᠰᠢᠶᠠᠨ ᠣᠰᠤ ᠪᠠᠷ ᠲᠦᠮᠠᠠᠳᠠ ᠣᠭᠢᠶᠠᠪᠠᠴᠤ ᠠᠷᠢᠯᠬᠤ ᠦᠭᠡᠶ ︕

ᠵᠤᠬᠢᠶᠠᠭᠴᠢ᠄ ᠨᠠᠮᠵᠢᠯ ᠤᠨ ᠮᠦᠩᠬᠡᠪᠠᠶᠠᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2645
ᠴᠠᠭ᠄ 2007 ᠤᠨ ᠤ 03 ᠰᠠᠷ᠎ᠠ ᠶᠢᠨ 15
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ