☆ ᠪᠠ᠊·ᠪᠦᠷᠭᠦᠳ
ᠡᠵᠢ ᠮᠢᠨᠢ᠂ ᠢᠷᠠᠭᠤ ᠨᠠᠢ᠌ᠷᠠᠭ ᠶᠢᠡᠷ ᠶᠢᠡᠨ ᠨᠠᠮᠢ᠋ᠢ ᠥᠯᠦᠭᠡᠢ᠌ᠳᠡᠵᠤ ᠥᠰᠭᠡᠭ᠍ᠰᠡᠨ ᠶᠤᠮ
ᠡᠨᠡ ᠯᠠ ᠰᠠᠢ᠌ᠬᠠᠨ ᠵᠠᠶᠠᠭᠠᠨ ᠳᠤ ᠮᠢᠨᠢ
ᠡᠵᠢ ᠮᠢᠨᠢ ᠨᠠᠮᠢ᠋ᠢ ᠢᠷᠠᠭᠤ ᠨᠠᠢ᠌ᠷᠠᠭ ᠶᠢᠡᠷ ᠶᠢᠡᠨ
ᠥᠯᠦᠭᠡᠢ᠌ᠳᠡᠵᠤ ᠥᠰᠭᠡᠭ᠍ᠰᠡᠨ ᠶᠤᠮ
ᠱᠠᠭᠰᠢᠭᠤᠷᠭᠠ ᠱᠠᠷᠭᠢᠭᠰᠠᠨ ᠬᠠᠪᠣᠷᠵᠢᠶᠠᠨ ᠳ᠋ᠤᠨᠢ
ᠳᠤᠢᠯ ᠤᠨ ᠳᠠᠭᠤ ᠭᠦᠭ᠍ᠵᠢᠮᠳᠦᠭ᠍ᠰᠡᠨ
ᠱᠠᠯᠠ ᠥᠩᠭᠡᠯᠡᠭ᠍ᠰᠡᠨ ᠰᠠᠯᠭᠢᠨ ᠳ᠋ᠤᠨᠢ
ᠲᠦᠮᠡᠨ ᠥᠯᠢᠭᠡᠷ ᠭᠦᠭᠯᠡᠷᠡᠭ᠍ᠰᠡᠨ
ᠣᠰᠤᠨ ᠳᠤ ᠢᠷᠡᠭ᠍ᠰᠡᠨ ᠰᠢᠪᠠᠭᠤᠳ
ᠣᠭᠳᠠᠷᠭᠤᠢ ᠶᠢᠨ ᠴᠡᠭᠡᠯ ᠳᠤ ᠣᠮᠪᠠᠭᠰᠠᠨ
ᠣᠷᠭᠤᠮᠠᠯ ᠨᠤᠭᠤᠭᠠᠨ ᠤ ᠭᠡᠡᠵᠡᠯᠡᠭᠡ ᠳᠤ
ᠣᠯᠠᠨ ᠮᠠᠯᠴᠢᠳ ᠪᠦᠵᠢᠭᠢᠨᠡᠭ᠍ᠰᠡᠨ
ᠣᠰᠤ ᠴᠠᠰᠤᠨ ᠭᠡᠰᠦᠭ᠍ᠰᠡᠨ
ᠣᠷᠢᠬᠠᠨ ᠳᠤᠯᠠᠭᠠᠨ ᠳᠠᠷᠠ ᠣᠯᠠᠷᠢᠯ ᠳᠤ
ᠣᠷᠴᠢᠯᠠᠩ ᠳᠤ ᠪᠢ ᠳᠠᠭᠤ ᠠᠯᠳᠠᠵᠤ
ᠣᠬᠠᠭᠠᠠᠳᠤ ᠡᠵᠢ ᠪᠠᠨ ᠵᠤᠪᠠᠭᠠᠵᠤ
ᠳᠦᠷᠦᠭ᠍ᠰᠡᠨ ᠶᠤᠮ ᠡ
ᠢᠰᠡᠭᠡᠢ ᠭᠡᠷ ᠤᠨ ᠭᠠᠳᠠᠨ᠎ᠠ
ᠭᠦᠨᠦᠭ᠌ ᠲᠡᠶ ᠠᠢ᠌ᠷᠠᠭ ᠱᠤᠤᠭᠢᠭᠰᠠᠨ
ᠢᠩᠭᠡᠨ ᠳᠡᠮᠡᠭᠡᠨ ᠤ ᠭᠤᠩᠭ᠋ᠠᠨᠢᠭᠠ ᠳᠤ
ᠭᠦᠮᠦᠭ᠌ ᠤᠨ ᠡᠯᠡᠰᠤ ᠨᠤᠷᠠᠭᠰᠠᠨ
ᠶᠡᠭᠡ ᠭᠤᠪᠢ ᠶᠢᠨ ᠬᠠᠩᠭ᠋ᠠᠢ ᠳᠤ
ᠭᠦᠯᠦᠭ᠌ ᠤᠨ ᠳᠤᠭᠤᠰᠤ ᠰᠤᠮᠤᠳᠠᠭᠰᠠᠨ
ᠰᠥ᠋ ᠴᠠᠯᠭᠢᠭᠰᠠᠨ ᠵᠠᠯᠠᠨ ᠳᠡᠭᠡᠷ᠎ᠡ ᠨᠢ
ᠰᠠᠪᠠ ᠰᠠᠭᠤᠯᠠᠭ᠎ᠠ ᠭᠦᠭᠡᠰᠦᠷᠡᠭ᠍ᠰᠡᠨ
ᠰᠥᠷᠦᠭ᠌ ᠮᠠᠯ ᠭᠦᠯᠯᠡᠭ᠍ᠰᠡᠨ
ᠰᠢᠳᠠᠭᠠᠮ᠎ᠠ ᠬᠠᠯᠠᠭᠤᠨ ᠳᠠᠷᠠ ᠵᠤᠨ
ᠬᠠᠭᠠᠷᠬᠠᠢ ᠵᠤᠯᠠᠢ ᠨᠢ ᠬᠠᠯᠠᠴᠢᠬᠤ ᠪᠣᠢ ᠭᠡᠵᠤ
ᠬᠠᠢ᠌ᠷᠠᠳᠤ ᠡᠵᠢ ᠮᠢᠨᠢ ᠨᠠᠮᠢ᠋ᠢ
ᠬᠠᠯᠠᠭᠤᠨ ᠡᠩᠭᠡᠷ ᠲᠡᠭᠡᠨ ᠰᠡᠭᠦᠳᠡᠷᠯᠡᠭᠦᠯᠵᠤ ᠪᠠᠢ᠌ᠭᠰᠠᠨ ᠶᠤᠮ ᠡ
ᠳᠡᠭ᠍ᠷᠢ ᠭᠠᠵᠠᠷ ᠤᠨ ᠭᠠᠠᠳᠠᠷᠢᠰᠤᠨ ᠳᠤ
ᠳᠠᠪᠤᠨ ᠳᠠᠷᠢᠶᠠᠨ ᠰᠢᠷᠭᠠᠯᠳᠤᠭᠰᠠᠨ
ᠳᠠᠯ᠎ᠠ ᠶᠢᠨ ᠮᠢᠩᠭ᠋ᠠᠨ ᠮᠠᠯᠴᠢᠳ
ᠳᠠᠩᠰᠤᠭ ᠠᠮᠢᠳᠤᠷᠠᠯ ᠳᠤ ᠱᠠᠭᠠᠯᠵᠠᠭᠰᠠᠨ
ᠰᠢᠭᠦᠳᠡᠷᠢ ᠶᠢᠨ ᠮᠥᠩᠭᠦᠨ ᠳᠤᠰᠤᠯ ᠤᠳ
ᠡᠪᠠᠰᠤᠨ ᠤ ᠨᠠᠮᠠᠭ᠎ᠠ ᠳᠡᠭᠡᠷ᠎ᠡ ᠭᠢᠯᠳᠤᠭᠠᠨᠠᠭᠰᠠᠨ
ᠰᠡᠷᠢᠭᠦᠨ ᠳᠠᠷᠭᠤᠨ ᠳᠠᠷᠠ ᠨᠠᠮᠤᠷ
ᠰᠡᠭ᠍ᠰᠡᠭ᠌ ᠨᠤᠤᠰᠤ ᠲᠡᠶ ᠭᠦᠳᠦᠰᠤᠨ ᠳᠡᠭᠡᠷ᠎ᠡ
ᠱᠤᠮᠪᠣᠢ᠌ᠨ ᠰᠠᠭᠤᠬᠤ ᠳᠤ ᠮᠢᠨᠢ
ᠰᠡᠪᠠᠯᠭᠡ ᠭᠡᠵᠢᠭᠡ ᠶᠢ ᠨᠢ ᠢᠯᠪᠢᠵᠤ
ᠰᠡᠷᠭᠦᠯᠡᠩ ᠣᠬᠠᠭᠠᠠᠳᠤ ᠡᠵᠢ ᠮᠢᠨᠢ
ᠰᠠᠤᠠᠭᠢᠯ ᠪᠠᠶᠠᠨ ᠮᠦᠰᠢᠶᠠᠵᠤ ᠪᠠᠢ᠌ᠭᠰᠠᠨ ᠶᠤᠮ ᠡ
ᠭᠤᠤᠯ ᠮᠦᠷᠠᠨ ᠮᠦᠰᠤᠳᠠᠵᠤ
ᠭᠤᠪᠢ ᠬᠠᠩᠭ᠋ᠠᠢ ᠳᠠᠴᠢᠭᠢᠨᠠᠨ
ᠭᠤᠠᠵᠢᠨ ᠳᠡᠮᠡᠭᠡ ᠪᠣᠢ᠌ᠯᠠᠵᠤ
ᠭᠤᠳᠤᠰ ᠤᠨ ᠵᠠᠢ ᠦᠭᠡᠶ ᠪᠣᠭᠤᠷᠤᠯᠳᠤᠭᠰᠠᠨ
ᠭᠤᠷᠪᠠᠨ ᠶᠢᠰᠤ ᠶᠢᠨ ᠭᠦᠢᠳᠡᠨ ᠲᠡᠶ ᠳᠠᠷᠠ ᠡᠪᠦᠯ ᠪᠢ
ᠵᠠᠭᠤᠨ ᠬᠠᠢ᠌ᠨᠤᠭ ᠤᠨ ᠶᠢᠡᠨ ᠠᠴᠢᠶ᠎ᠠ ᠭᠦᠢᠴᠡᠭᠡᠭᠦ ᠭᠡᠵᠤ
ᠵᠠᠭᠤᠷᠠᠳᠤ ᠶᠢᠨ ᠵᠠᠪ ᠦᠭᠭᠦᠯ ᠦᠭᠡᠶ ᠳᠡᠮᠳᠡᠴᠢᠭᠦ ᠳᠤ
ᠵᠤᠪᠠᠯᠠᠩᠰᠢᠶᠠᠵᠤ ᠬᠠᠯᠠᠰᠢᠷᠠᠳᠠᠭ ᠦᠭᠡᠶ ᠡᠵᠢ ᠮᠢᠨᠢ
ᠵᠤᠩᠭ᠋ᠠᠭ ᠳᠤᠰᠤᠳᠤ ᠳᠠᠪᠠᠯ ᠳᠡᠭᠡᠨ ᠴᠤᠭᠯᠠᠵᠤ ᠮᠥᠷᠦᠯᠡᠭᠡᠤᠨ
ᠴᠠᠭ ᠦᠭᠡᠶ ᠣᠯᠠᠨ ᠠᠵᠢᠯ ᠳᠠᠭᠠᠨ ᠮᠤᠩᠭ᠋ᠠᠨᠢᠳᠠᠭ ᠯᠠ ᠪᠠᠢ᠌ᠭᠰᠠᠨ
ᠡᠨᠡ ᠯᠠ ᠰᠠᠢ᠌ᠬᠠᠨ ᠵᠠᠶᠠᠭᠠᠨ ᠳᠤ ᠮᠢᠨᠢ
ᠡᠵᠢ ᠮᠢᠨᠢ ᠨᠠᠮᠢ᠋ᠢ ᠢᠷᠠᠭᠤ ᠨᠠᠢ᠌ᠷᠠᠭ ᠶᠢᠡᠷ ᠶᠢᠡᠨ
ᠥᠯᠦᠭᠡᠢ᠌ᠳᠡᠵᠤ ᠥᠰᠭᠡᠭ᠍ᠰᠡᠨ ᠶᠤᠮ ᠡ᠃
ᠵᠤᠬᠢᠶᠠᠭᠴᠢ᠄ ᠪᠠ᠊·ᠪᠦᠷᠭᠦᠳ
ᠢᠷᠡᠯᠲᠡ᠄ ᠨᠡᠷᠡᠡᠴᠡᠴᠡᠭ᠌
ᠬᠠᠷᠢᠶ᠎ᠠ᠄
ᠰᠢᠯᠦᠭᠳᠠᠷᠤᠮ᠄ 3414
ᠴᠠᠭ᠄ 2006 ᠤᠨ ᠤ 07 ᠰᠠᠷ᠎ᠠ ᠶᠢᠨ 20
ᠨᠠᠢ᠌ᠷᠠᠭᠤᠯᠤᠭᠴᠢ᠄ ᠪᠦᠬᠡᠡᠷᠳᠡᠨᠢ