ᠨᠡᠪᠲᠡᠷᠡᠨ ᠤᠷᠤᠬᠤ
ᠴᠠᠭ ᠬᠤᠭᠤᠴᠠᠭ᠎ᠠ
᠊᠊᠊᠊᠊᠊᠊᠊᠊᠊᠊᠊᠊᠊᠊ ᠦᠪᠣᠷ ᠮᠤᠩᠭ᠋ᠤᠯ ᠤᠨ ᠢᠷᠠᠭᠤ ᠨᠠᠢ᠌ᠷᠠᠭᠴᠢᠳ ᠳᠠᠢ ᠭᠠᠠᠵᠤᠭ᠎ᠠ ᠨᠡᠢ᠌ᠯᠡᠭᠦᠯᠵᠤ ᠦᠯᠮᠡᠢ ᠬᠤᠯᠪᠣᠪᠠ᠃

        

ᠴᠠᠭ ᠬᠤᠭᠤᠴᠠᠭ᠎ᠠ ᠊᠊᠊᠊᠊᠊᠊᠊᠊᠊᠊᠊᠊᠊᠊

ᠨᠤᠢᠯ (ᠲ᠋ᠢᠭ᠌) ᠴᠠᠭ ᠤᠨ ᠨᠤᠮᠸᠷ ᠶᠤᠮ

ᠨᠦᠮᠦᠷᠴᠦ ᠪᠣᠯᠳᠠᠭ ᠦᠭᠡᠶ ᠴᠠᠭᠠᠳᠬᠠᠯ ᠶᠤᠮ᠃


ᠴᠠᠭᠠᠰᠢᠯᠠᠵᠤ ᠪᠠᠢ᠌ᠭ᠎ᠠ

        ᠭᠤᠮᠤᠷᠬᠠᠯ ᠪᠢᠯᠠ᠂

ᠨᠠᠭᠠᠰᠢᠯᠠᠵᠤ ᠢᠷᠡᠳᠡᠭ᠌ ᠥᠭᠡᠢ

        ᠭᠡᠮᠰᠢᠯ ᠪᠢᠯᠠ᠃

ᠮᠦᠩᠭᠦᠨ ᠪᠣᠭᠤᠷᠤᠯ ᠭᠡᠵᠢᠭᠡ ᠶᠢᠨ

ᠴᠠᠢ᠌ᠳᠠᠯ᠎ᠠ ᠣᠷᠤᠭᠰᠠᠨ ᠪᠣᠷᠤᠭᠠᠨ ᠡᠴᠠ

ᠠᠷᠴᠢᠵᠤ ᠪᠣᠯᠳᠠᠭ ᠦᠭᠡᠶ ᠊ᠭ᠍ᠭᠢᠷ ᠁

ᠵᠢᠷᠠᠭᠠᠯ ᠴᠡᠩᠭᠡᠯ ᠳᠤ ᠳᠠᠰᠢᠭᠤᠷᠠᠭᠰᠠᠨ

ᠵᠢᠩ ᠤᠨ ᠬᠤᠩᠬᠤᠨ ᠤ ᠳᠠᠭᠤᠨ ᠳ᠋ᠤ

ᠠᠭᠤᠰᠴᠤ ᠣᠳᠤᠭᠰᠠᠨ ᠣᠮᠤᠭᠰᠢᠯ ︕

ᠴᠠᠭ ᠬᠤᠭᠤᠴᠠᠭ᠎ᠠ ᠊᠊᠊᠊᠊᠊᠊᠊᠊᠊᠊᠊᠊᠊᠊

ᠪᠠᠷᠢᠵᠤ ᠪᠣᠯᠳᠠᠭ ᠦᠭᠡᠶ ᠵᠠᠢ

ᠪᠠᠷᠠᠭ᠎ᠠ ᠠᠴᠢᠵᠤ ᠪᠣᠯᠳᠠᠭ ᠣᠩᠭ᠋ᠤᠴᠠ

ᠠᠪᠴᠤ ᠪᠣᠯᠳᠠᠭ ᠰᠠᠢ᠌ᠰᠢᠶᠠᠯ

ᠠᠮᠠᠷᠠᠭᠯᠠᠵᠤ ᠪᠣᠯᠳᠠᠭ ᠬᠤᠩᠭ᠋ᠤᠷ᠃


ᠣᠠᠳᠠᠬᠤ ᠶᠢᠨ ᠣᠷᠤᠮ ᠦᠭᠡᠶ ᠬᠠᠰᠤᠭᠳᠠᠯ

ᠣᠴᠠᠷᠠᠬᠤ ᠶᠢᠨ ᠣᠪᠢᠳᠠᠰᠳᠤ ᠳᠤᠷᠠᠳᠬᠠᠯ

ᠴᠠᠭ ᠬᠤᠭᠤᠴᠠᠭ᠎ᠠ ᠊᠊᠊᠊᠊᠊᠊᠊᠊᠊᠊᠊᠊᠊᠊

ᠪᠠᠭᠤᠵᠤ ᠥᠳᠡᠯᠡᠭᠦ ᠣᠷᠴᠢᠯᠠᠩ ᠳᠡᠬᠢ

ᠪᠣᠮᠪᠠ ᠶᠢᠨ ᠳᠠᠮᠠᠭ᠎ᠠ ᠲᠡᠶ ᠦᠷᠳᠡᠭᠡ ᠮᠦᠨ᠂

ᠪᠣᠭᠤᠷᠤᠯ ᠪᠣᠯᠳᠠᠯ᠎ᠠ ᠪᠠᠨ ᠥᠳᠡᠯᠡᠭᠦ ᠳᠤ

ᠪᠣᠰᠤᠭ᠎ᠠ ᠳᠠᠳᠠᠭᠰᠠᠨ ᠱᠤᠩ ᠮᠦᠨ  ᠃

               2011.2.2


ᠵᠤᠬᠢᠶᠠᠭᠴᠢ ᠶᠢᠨ ᠬᠠ‍‌ᠶᠢᠭ ᠄ ᠬᠤᠪᠣᠭᠰᠠᠢ᠌ᠷᠢ ᠰᠢᠶᠠᠨ

ᠵᠤᠬᠢᠶᠠᠭᠴᠢ᠄ ᠴᠥ᠊·ᠪᠣᠯᠤᠤᠠᠪᠠᠳᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2691
ᠴᠠᠭ᠄ 2011 ᠤᠨ ᠤ 02 ᠰᠠᠷ᠎ᠠ ᠶᠢᠨ 02
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ