ᠨᠡᠪᠲᠡᠷᠡᠨ ᠤᠷᠤᠬᠤ
ᠨᠠᠭᠠᠯᠢᠩᠬᠠᠢ ᠪᠣᠷᠤᠭᠠᠨ

ᠡᠷᠭᠡᠰ ᠤᠨ ᠳᠤᠮᠳᠠ ᠠᠭᠠᠯᠢᠭᠦᠢᠳᠡᠨ ᠳᠤᠭᠯᠠᠭᠰᠠᠨ

ᠡᠩ ᠣᠯᠠᠨ ᠣᠳᠤᠳ ᠤᠨ ᠰᠦᠷᠦᠭ᠌ ᠡᠴᠠ

ᠣᠠᠴᠠᠯᠠᠨ ᠨᠠᠳᠠ ᠳᠤ ᠣᠩᠭ᠋ᠤᠳ ᠤᠨ ᠪᠣᠷᠤᠭᠠᠨ ᠪᠣᠯᠵᠤ ᠱᠠᠭᠢᠭᠰᠠᠨ

ᠦᠷᠤ ᠭᠠᠭᠴᠠ ᠮᠢᠨᠤ ᠭᠦᠭᠡᠷᠦᠭᠦᠨ ᠳᠡᠭᠦᠤ ︕


ᠰᠠᠭᠠᠯᠢᠴᠢᠨ ᠮᠤᠩᠭ᠋ᠤᠯ ᠡᠵᠢ ᠶᠢᠨ ᠬᠤᠷᠮᠤᠢ ᠳ᠋ᠤ

ᠰᠠᠷᠠ ᠨᠠᠷᠠ ᠶᠢ ᠠᠳᠠᠭᠠᠷᠬᠠᠭᠤᠯᠤᠨ ᠣᠨᠠᠵᠤ

ᠰᠠᠨᠠᠭ᠎ᠠ ᠴᠠᠢ᠌ᠯᠭᠠᠨ ᠭᠦᠮᠤᠨ ᠠᠷᠠᠤᠨ ᠤᠨ ᠡᠩᠨᠡᠭᠡᠨ ᠳᠤ

ᠰᠠᠭᠮᠠᠢ ᠭᠡᠷᠡᠯᠳᠦᠭᠦᠯᠵᠤ ᠪᠣᠠᠳᠣᠢ᠌ᠭᠰᠠᠨ ᠡᠪᠠᠢ ︕


ᠰᠢᠭᠦᠳᠡᠷᠢ ᠶᠢᠨ ᠳᠤᠯᠠᠭᠠᠨ ᠠᠯᠠᠭᠠᠨ ᠳᠡᠭᠡᠷ᠎ᠡ

ᠠᠳᠤᠭᠤᠨ ᠤ ᠭᠦᠯᠦᠰᠤ ᠲᠡᠶ ᠰᠡᠭᠦᠳᠡᠷ ᠶᠢᠡᠨ ᠥᠯᠡᠳᠡᠭᠡᠭ᠍ᠰᠡᠨ

ᠦᠷᠯᠦᠭ᠌ ᠬᠤᠷᠸ᠎ᠠ ᠳᠤ ᠰᠦᠷᠯᠢᠭ᠌ ᠶᠠᠪᠣᠭ᠎ᠠ ᠠᠪᠣ ᠭᠦᠮᠤᠨ ᠤ

ᠡᠷᠡᠤ ᠳᠤᠤᠷ᠎ᠠ ᠱᠤᠯᠤᠭᠠᠨᠠᠭᠰᠠᠨ ᠪᠣᠷᠤᠬᠠᠨ ᠠᠩᠭ᠋ᠠᠬᠠᠢ ︕


ᠵᠤᠯᠠᠢ ᠵᠤᠯᠠᠢ ᠶᠢᠨ ᠨᠢᠭᠤᠴᠠᠬᠠᠢ ᠣᠷᠠᠨ ᠪᠠᠷᠢᠯᠳᠤᠯᠭ᠎ᠠ ᠪᠠᠷ

ᠵᠢᠰᠤ ᠵᠢᠷᠦᠭᠡ ᠪᠠᠨ ᠦᠭ‍ᠭᠦᠭ᠍ᠰᠡᠨ ᠡᠭᠡᠴᠢ ᠭᠦᠮᠤᠨ ᠤ ᠡᠩᠭᠡᠷ ᠳᠤ

ᠵᠤᠷᠢᠮᠠᠭ ᠠᠷᠠᠠᠰᠢᠨ ᠤ ᠭᠡᠳᠡᠷ ᠨᠢᠯᠪᠣᠰᠤ ᠪᠠᠨ

ᠬᠠᠳᠠᠭᠠᠵᠤ ᠶᠠᠪᠣᠭᠰᠠᠨ ᠮᠢᠨᠤ ᠬᠠᠢ᠌ᠷᠠᠳᠠᠢ ᠣᠭᠢᠯᠠᠩᠬᠠᠢ ︕


ᠬᠠᠷᠠᠭ᠎ᠠ ᠳᠤᠭᠤᠯ ᠤᠨ ᠵᠤᠩᠭ᠋ᠠᠭ ᠥᠨᠦᠷᠳᠦᠭ᠍ᠰᠡᠨ ᠪᠠᠯᠴᠢᠭᠡᠷ ᠵᠢᠠᠷ

ᠣᠨᠠᠭᠠᠨ ᠨᠠᠰᠤ ᠪᠠᠨ ᠳᠠᠭᠤᠯᠠᠩᠬᠠᠨ ᠭᠡᠭᠡᠵᠤ

ᠬᠤᠨ ᠶᠢᠡᠨ ᠳᠡᠪᠠᠷᠢᠭ᠍ᠰᠡᠨ ᠴᠡᠩᠭᠡᠷ ᠨᠠᠭᠤᠷ ᠢ

ᠨᠢᠴᠦᠭᠦᠨ ᠪᠠᠶ᠎ᠠ ᠪᠠᠷ ᠠᠯᠠᠭᠠᠳᠠᠨ ᠢᠨᠢᠶᠠᠵᠤ

ᠵᠡᠷᠭᠡᠯᠭᠡᠨ ᠰᠡᠮᠡᠯᠡᠭ᠍ᠰᠡᠨ ᠨᠤᠳᠤᠭ ᠤᠨ ᠵᠥᠭᠡᠯᠡᠨ ᠰᠠᠯᠭᠢ ᠪᠠᠷ

ᠰᠥ᠋ ᠥᠨᠦᠷᠳᠦᠭ᠍ᠰᠡᠨ ᠰᠢᠷ᠎ᠠ ᠦᠷᠪᠠᠭᠡ ᠭᠡᠢ᠌ᠰᠭᠡᠵᠤ

ᠨᠢᠰᠤᠬᠠᠢ ᠵᠢᠭᠠᠯ ᠤᠨ ᠣᠷᠤᠭᠤᠯ ᠳᠤ ᠨᠠᠭᠠᠯᠳᠤᠭᠰᠠᠨ ᠰᠢᠭᠢᠷ ᠳᠤ

ᠭᠤᠷᠢᠳᠠᠩᠭ᠋ᠤᠢ ᠬᠠᠷᠠᠴᠠ ᠰᠡᠮᠡᠭᠡᠷ ᠣᠷᠬᠠᠳᠠᠭᠤᠯᠵᠤ

ᠭᠤᠨᠢᠭ ᠶᠢᠡᠨ ᠨᠢᠭᠤᠭᠰᠠᠨ ᠨᠢᠴᠦᠭᠦᠨ ᠴᠠᠭᠠᠨ ᠮᠠᠩᠬᠠᠨ ᠳᠡᠭᠡᠭᠦᠷ

ᠨᠢᠯᠪᠣᠰᠤ ᠪᠠᠨ ᠭᠡᠭᠡᠭ᠍ᠰᠡᠨ ᠮᠢᠨᠤ ᠬᠠᠢ᠌ᠷᠠᠳᠠᠢ ᠪᠦᠦᠪᠠᠢ

ᠨᠢᠰᠴᠤ ᠥᠩᠭᠡᠷᠡᠭ᠍ᠰᠡᠨ ᠵᠤᠨ ᠤ ᠭᠦᠭᠡ ᠳᠤᠭᠤᠷᠤᠤ ᠳ᠋ᠤ

ᠭᠦᠰᠡᠯ ᠶᠢᠡᠨ ᠳᠤᠰᠢᠶᠠᠭᠰᠠᠨ ᠮᠢᠨᠤ ᠠᠯᠳᠠᠷᠠᠢ ᠳᠡᠭᠦᠤ ︕


ᠨᠠᠷᠠ ᠵᠥᠭ᠌ ᠡᠴᠠ ᠳᠠᠳᠠᠭᠰᠠᠨ

ᠰᠤᠯᠤᠩᠭ᠋ᠠᠨ ᠳᠤᠯᠤᠭᠠᠨ ᠥᠩᠭᠡ ᠰᠢᠭ᠌

ᠳᠤᠳᠤᠭᠤᠨ ᠵᠠᠢ ᠪᠠᠷ ᠪᠦᠯᠳᠡᠯᠵᠡᠭ᠍ᠰᠡᠨ

ᠭᠦᠨ ᠬᠠᠷ᠎ᠠ ᠨᠢᠳᠤᠨ

ᠳᠤᠮᠤᠭ᠎ᠠ ᠳᠤᠮᠤᠭ᠎ᠠ ᠨᠡᠮᠡᠭ᠍ᠰᠡᠭᠡᠷ

ᠳᠤᠪᠣ ᠳᠤᠯᠤᠭᠠᠤᠨ ᠤᠨ ᠣᠷᠤᠢ ᠳᠡᠭᠡᠷ᠎ᠡ

ᠪᠣᠯᠤᠷᠳᠠᠨ ᠳᠤᠮᠪᠣᠢ᠌ᠵᠤ ᠬᠤᠴᠤᠷᠳᠠᠭ

ᠨᠠᠮ᠎ᠠ ᠶᠢ ᠭᠦᠯᠢᠶᠡᠭ᠍ᠰᠡᠨ ᠮᠢᠨᠤ ᠬᠤᠩᠭ᠋ᠤᠷ ᠳᠡᠭᠦᠤ ︕


ᠪᠢᠴᠢᠭ᠌ ᠰᠤᠶᠤᠯ ᠤᠨ ᠮᠦᠩᠭᠦᠨ ᠦᠷᠭᠦᠭᠡᠨ ᠳ᠋ᠤ

ᠪᠦᠮᠪᠦᠷᠴᠡᠭ᠌ ᠳᠢᠪ ᠢ ᠮᠠᠷᠳᠠᠨ ᠵᠢᠷᠭᠠᠵᠤ

ᠪᠦᠳᠦᠭᠡᠨ᠎ᠡ ᠭᠡᠰᠡᠨ ᠭᠢᠩᠭ᠋ᠠᠨ ᠣᠮᠤᠭ ᠵᠢᠠᠨ

ᠢᠴᠢᠭᠡᠵᠤ ᠨᠢᠭᠡ ᠰᠤᠷᠤᠭ᠎ᠠ ᠥᠭᠡᠢ

ᠪᠣᠰᠤᠨ᠎ᠠ ᠭᠡᠰᠡᠨ ᠪᠠᠳᠤ ᠳᠠᠩᠭ᠋ᠠᠷᠢᠭ ᠵᠢᠠᠷ

ᠳᠦᠷᠠᠯᠵᠠᠵᠤ ᠶᠠᠪᠣᠭ᠎ᠠ ᠭᠡᠷᠡᠯᠳᠤ ᠨᠢᠭᠡᠨ ︕

ᠪᠣᠮᠠᠨ ᠣᠯᠠᠨ ᠦᠷᠠᠰ ᠤᠨ ᠳᠤᠮᠳᠠ

ᠣᠬᠠᠭᠠᠨ ᠤ ᠰᠠᠷᠠᠭᠤᠯ ᠢᠷᠠᠯᠵᠠᠭᠤᠯᠤᠨ ᠳᠡᠯᠭᠡᠵᠤ

ᠪᠣᠳᠤᠯᠢᠵᠤ ᠶᠠᠪᠣᠭ᠎ᠠ ᠨᠢᠭᠡᠨ ᠳᠤ ᠪᠠᠨ

ᠳᠤᠯᠢ ᠪᠣᠯᠤᠭᠰᠠᠨ ᠨᠠᠢ᠌ᠷᠰᠠᠭ ᠨᠢᠭᠡᠨ︕


ᠦᠬᠢᠨ ᠴᠠᠭᠠᠨ ᠳᠡᠭ᠍ᠷᠢ ᠵᠢᠨ

ᠬᠠᠯᠠᠭᠤᠨ ᠡᠩᠭᠡᠷ ᠲᠤ ᠰᠢᠳᠤᠵᠤ

ᠠᠮᠢᠳᠤᠷᠠᠯ ᠤᠨ ᠭᠡᠭᠡᠨ ᠬᠠᠢ᠌ᠷ᠎ᠠ ᠳ᠋ᠤ

ᠦᠪᠰᠢᠵᠤ ᠶᠠᠪᠣᠭᠰᠠ ᠮᠢᠨᠤ ᠭᠦᠭᠡᠷᠦᠭᠦᠨ ᠳᠡᠭᠦᠤ ︕


ᠡᠵᠢ ᠬᠤᠷᠸ᠎ᠠ ᠶᠢᠨ ᠨᠣᠢ᠌ᠳᠠᠨ ᠡᠯᠢᠭᠡ ᠬᠤᠳᠤᠯᠵᠠᠭᠤᠯᠤᠭᠰᠠᠨ

ᠵᠡᠭᠡᠷ᠎ᠡ ᠶᠢᠨ ᠴᠠᠭᠠᠨ ᠭᠦᠶ‍ᠦᠳᠡᠯ ᠰᠢᠭ᠌

ᠵᠢᠷᠦᠭᠡ ᠰᠡᠳᠭᠢᠯ ᠤᠨ ᠣᠩᠭ᠋ᠤᠨ ᠴᠢᠪᠬᠠᠳᠠᠰᠤᠨ ᠳᠡᠭᠡᠭᠦᠷ

ᠵᠦᠮᠪᠣᠷᠳᠠᠵᠤ ᠢᠷᠡᠭ᠍ᠰᠡᠨ ᠰᠢᠯᠦᠭ᠌ ᠤᠨ ᠮᠢᠨᠢ ᠡᠭᠡᠰᠢᠭ᠌ ᠳᠤ

ᠵᠢᠷᠤᠭ ᠰᠢᠭ ᠠᠭᠤᠰᠤᠨ ᠳᠤᠳᠤᠷᠠᠭᠰᠠᠨ

ᠭᠡᠭᠡᠨ ᠪᠣᠯᠤᠷ ᠡᠩᠭᠦᠷᠡᠢ ᠮᠢᠨᠤ ᠳᠡᠭᠦᠤ ︕

ᠪᠣᠷᠤ ᠳᠦᠷᠭᠦᠳᠤ ᠣᠬᠠᠭᠠᠨ ᠳᠤ ᠮᠢᠨᠢ

ᠪᠣᠷᠤᠭᠠᠰᠢᠵᠤ ᠨᠠᠭᠠᠰᠢᠯᠠᠭᠰᠠᠨ

ᠢᠷᠠᠭᠤ ᠨᠠᠢ᠌ᠷᠠᠭ ᠤᠨ ᠨᠠᠭᠠᠯᠢᠩᠬᠠᠢ ︕


ᠵᠤᠬᠢᠶᠠᠭᠴᠢ ᠶᠢᠨ ᠬᠠ‍‌ᠶᠢᠭ ᠄ ᠣᠷᠳᠤᠰ ᠳᠸᠯᠸᠢᠰ ᠬᠤᠷᠢᠶ᠎ᠠ

ᠵᠤᠬᠢᠶᠠᠭᠴᠢ᠄ ᠠᠭᠠᠷᠤᠤᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2639
ᠴᠠᠭ᠄ 2011 ᠤᠨ ᠤ 07 ᠰᠠᠷ᠎ᠠ ᠶᠢᠨ 08
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ