ᠨᠡᠪᠲᠡᠷᠡᠨ ᠤᠷᠤᠬᠤ
ᠰᠢᠠᠳᠠᠰᠤ ᠲᠡᠶ ᠡᠷ᠎ᠡ

ᠰᠢᠠᠳᠠᠰᠤ ᠲᠡᠶ ᠡᠷ᠎ᠡ

ᠬᠠᠪᠢᠰ ᠭᠡᠭ᠍ᠰᠡᠭᠡᠷ

ᠳᠡᠭᠡᠰᠤ ᠪᠠᠨ ᠳᠡᠭᠡᠰᠦᠯᠡᠭᠡᠳ

ᠨᠤᠳᠤᠭ ᠶᠢᠡᠨ ᠭᠡᠰᠡᠭᠯᠡᠭᠦ ᠭᠡᠳ ᠪᠠᠢ᠂

ᠪᠢᠳᠡᠭᠡᠢ ᠯᠠ

ᠦᠰᠴᠦ ᠳᠤᠷᠨᠢᠭᠰᠠᠨ

ᠥᠯᠦᠭᠡᠢ ᠨᠤᠳᠤᠭ ᠵᠢᠠᠨ

           ᠬᠤᠳᠠᠯᠳᠤᠬᠤ ᠭᠡᠳ ᠪᠠᠢ

ᠠᠷᠢᠭᠤᠨ ᠭᠦᠳᠡᠯᠮᠦᠷᠢ ᠳ᠋ᠤ

            ᠲ᠋ᠤᠷ᠎ᠠ ᠪᠣᠯᠭᠢᠭᠰᠠᠨ ᠪᠣᠯ

ᠠᠯᠠᠭ᠎ᠠ ᠪᠠᠨ ᠳᠤᠰᠴᠤ

ᠠᠮᠢᠳᠤᠷᠠᠵᠤ ᠦᠵᠡ

ᠪᠢᠳᠠᠭᠡᠢ ᠯᠠ

ᠳᠡᠭ᠍ᠷᠢ ᠠᠪᠣ

ᠭᠠᠵᠠᠷ ᠡᠭᠡ ᠡᠴᠠ ᠰᠤᠶᠤᠷᠬᠠᠭᠰᠠᠨ

ᠠᠰᠢᠳᠠ ᠶᠢᠨ ᠠᠮᠢᠳᠤᠷᠠᠯ ᠤᠨ ᠠᠶᠠᠭ᠎ᠠ ᠵᠢ

            ᠬᠠᠭᠠᠯᠬᠤ ᠭᠡᠳ ᠪᠠᠢ᠃

ᠭᠡᠯᠳᠡᠰ ᠭᠡᠭ᠍ᠰᠡᠭᠡᠷ

ᠭᠦᠷᠵᠡ ᠪᠠᠨ ᠡᠭᠦᠷᠦᠭᠡᠳ

ᠨᠤᠳᠤᠭ ᠶᠢᠡᠨ ᠳᠠᠰᠤᠯᠠᠬᠤ ᠭᠡᠳ ᠪᠠᠢ

ᠪᠢᠳᠡᠭᠡᠢ ᠯᠠ

ᠣᠩᠭ᠋ᠤᠨ ᠳᠠᠷᠬᠠᠨ ᠨᠤᠳᠤᠭ ᠵᠢᠠᠨ

ᠣᠷᠠᠵᠤ ᠰᠡ᠊ᠨᠳᠡᠯᠡᠭᠦ ᠭᠡᠳ ᠪᠠᠢ᠂

ᠦᠷᠢ ᠳᠤ ᠣᠨᠠᠭᠰᠠᠨ ᠪᠣᠯ

ᠦᠪᠡᠷ ᠤᠨ ᠣᠯᠠᠭᠠᠨ ᠠᠮᠠᠢ ᠪᠠᠷ ᠶᠢᠡᠨ ᠲᠦᠯ

ᠪᠢᠳᠡᠭᠡᠢ ᠯᠠ

ᠠᠷᠢᠭᠤᠨ ᠳᠡᠭᠡᠳᠤ ᠥᠯᠦᠭᠡᠢ ᠪᠠᠨ ᠬᠤᠳᠠᠯᠳᠤᠵᠤ

ᠠᠮᠢᠳᠤ ᠶᠠᠪᠣᠭᠰᠠᠨ ᠤ

ᠠᠳᠠᠭ ᠤᠨ ᠮᠠᠭᠤᠬᠠᠢ ᠨᠢᠭᠦᠯ ᠢ ᠭᠢᠭᠦ ᠭᠡᠳ ᠪᠠᠢ᠂

ᠠᠯᠢ ᠨᠢᠭᠡ ᠡᠳᠦᠷ

ᠪᠣᠷᠬᠠᠨ ᠳᠡᠭ᠍ᠷᠢ

ᠨᠤᠳᠤᠭ ᠲᠡᠶ ᠭᠦᠮᠤᠨ ᠳ᠋ᠤ

          ᠨᠢᠳᠤ ᠪᠠᠨ ᠨᠡᠭᠡᠭᠡᠭᠦ ᠳ᠋ᠤ

ᠡᠷᠯᠢᠭ᠌ ᠨᠤᠮᠤᠨ ᠬᠠᠭᠠᠨ ᠴᠤ

ᠡᠨᠡᠷᠢᠨ ᠦᠷᠤᠪᠳᠤᠵᠤ

ᠡᠩᠭᠡᠷ ᠶᠢᠡᠨ ᠳᠡᠯᠭᠡᠵᠤ

       ᠡᠪᠦᠷ ᠶᠢᠡᠨ ᠳᠤᠰᠳᠠᠭ ᠶᠤᠮ᠂

ᠡᠩᠬᠡ ᠶᠠᠪᠣᠵᠤ

ᠡᠯᠪᠠᠭ᠌ ᠵᠢᠷᠭᠠᠭᠰᠠᠨ

ᠠᠷᠢᠭᠤᠨ ᠥᠯᠦᠭᠡᠢ ᠳᠡᠭᠡᠨ ᠪᠦᠪᠠᠢ᠌ᠯᠡᠭᠳᠠᠬᠦ ᠨᠢ

ᠭᠢᠶᠡᠨ ᠶᠠᠰᠤᠳᠤ ᠶᠢᠨ

ᠰᠢᠠᠳᠠᠰᠤ ᠲᠡᠶ ᠡᠷ᠎ᠡ


ᠵᠤᠬᠢᠶᠠᠭᠴᠢ ᠶᠢᠨ ᠬᠠ‍‌ᠶᠢᠭ ᠄ ᠣᠷᠳᠤᠰ ᠬᠤᠳᠠ ᠶᠢᠨ ᠬᠠᠩᠭᠢᠨ ᠬᠤᠰᠢᠭᠤᠨ ᠤ ᠬᠠᠤᠯᠢ ᠴᠠᠭᠠᠵᠠ ᠶᠢᠨ ᠳᠤᠪᠴᠢᠶ᠎ᠠ

ᠵᠤᠬᠢᠶᠠᠭᠴᠢ᠄ ᠴᠤ᠋·ᠣᠷᠭᠢᠯᠳᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2645
ᠴᠠᠭ᠄ 2011 ᠤᠨ ᠤ 12 ᠰᠠᠷ᠎ᠠ ᠶᠢᠨ 10
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ