☆ ᠬᠦᠷᠡᠯᠤ᠋ᠨᠢᠰᠤ
ᠰᠢᠯᠦᠭ᠌ ᠠᠮᠢᠯᠠᠨ᠎ᠠ
ᠠᠽᠢᠶ᠎ᠠ ᠧᠦ᠋ᠷᠦᠫᠡ ᠶᠢ ᠳᠤᠩᠰᠤᠯᠭᠠᠨ
ᠬᠤᠶᠠᠷ ᠵᠢᠭᠠᠯ ᠢᠠᠴᠠᠭᠠᠬᠤ ᠰᠢᠭ
ᠨᠠᠢ᠌ᠷ ᠡᠷᠭᠦᠭ᠍ᠰᠡᠨ ᠨᠤᠳᠤᠭ ᠭᠦᠭ᠍ᠵᠢᠶᠡᠨ ᠠᠮᠢᠯᠠᠨ᠎ᠠ
ᠨᠠᠷᠭᠢᠶᠠᠨ ᠪᠣᠯᠤᠭᠰᠠᠨ ᠭᠠᠵᠠᠷ ᠢᠨᠢᠶᠠᠳᠤ ᠠᠮᠢᠯᠠᠨ᠎ᠠ
ᠸᠠᠩ ᠤᠨ ᠨᠢᠳᠤ ᠶᠢ ᠵᠢᠷᠮᠢᠢᠯᠭᠡᠨ
ᠮᠠᠠᠵᠤ ᠶᠢᠨ ᠦᠬᠢᠨ ᠪᠦᠵᠢᠭᠯᠡᠭᠦ ᠰᠢᠭ᠌
ᠴᠠᠯ ᠵᠠᠯᠠᠭᠤ ᠶᠢᠨ ᠠᠭᠠᠭ ᠳᠤᠷᠠᠯᠠᠯ ᠠᠮᠢᠯᠠᠨ᠎ᠠ
ᠴᠠᠭᠠᠰᠤ ᠥᠵᠦᠭ᠌ ᠤᠨ ᠵᠠᠢ ᠰᠢᠯᠦᠭ᠌ ᠠᠮᠢᠯᠠᠨ᠎ᠠ
ᠠᠭᠤᠯᠠ ᠣᠰᠤ ᠶᠢ ᠳᠠᠢ᠌ᠪᠠᠭᠤᠯᠤᠨ
ᠦᠨᠦᠴᠢᠨ ᠪᠣᠳᠤᠭᠤ ᠪᠣᠢ᠌ᠯᠠᠬᠤ ᠰᠢᠭ
ᠴᠠᠢ᠌ᠳᠠᠮ ᠪᠦᠷᠢᠳᠤ ᠨᠤᠯ ᠨᠤᠭᠤᠭᠠᠷᠠᠵᠤ ᠠᠮᠢᠯᠠᠨ᠎ᠠ
ᠴᠠᠪᠠᠷ ᠠᠷᠢᠭᠤᠨ ᠳᠤᠩᠭ᠋ᠠᠯᠠᠭ ᠠᠭᠠᠷ ᠠᠮᠢᠯᠠᠨ᠎ᠠ
ᠨᠤᠳᠤᠭ ᠤᠨ ᠡᠯᠢᠭᠡ ᠶᠢ ᠥᠡᠳᠡᠢ᠌ᠯᠭᠡᠨ
ᠭᠠᠳᠠ ᠮᠠᠢ᠌ᠷᠠᠨ ᠣᠷᠠᠢ᠌ᠯᠠᠬᠤ ᠰᠢᠭ
ᠨᠤᠭᠤᠭ᠎ᠠ ᠬᠠᠵᠠᠯᠠᠭᠰᠠᠨ ᠬᠤᠨᠢᠳ ᠳᠠᠷᠭᠤ ᠠᠮᠢᠯᠠᠨ᠎ᠠ
ᠨᠣᠢ᠌ᠷ ᠬᠤᠯᠵᠠᠭᠰᠠᠨ ᠰᠦᠨᠢ ᠰᠢᠯᠦᠭ᠌ ᠠᠮᠢᠯᠠᠨ᠎ᠠ
ᠵᠤᠬᠢᠶᠠᠭᠴᠢ ᠶᠢᠨ ᠬᠠᠶᠢᠭ ᠄ ᠬᠦᠬᠡᠬᠤᠲᠠ ᠦᠨᠳᠦᠰᠦᠳᠠᠨ ᠤ ᠳᠡᠭᠡᠳᠤ ᠰᠤᠷᠭᠠᠭᠤᠯᠢ
ᠵᠤᠬᠢᠶᠠᠭᠴᠢ᠄ ᠬᠦᠷᠡᠯᠤ᠋ᠨᠢᠰᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2636
ᠴᠠᠭ᠄ 2011 ᠤᠨ ᠤ 09 ᠰᠠᠷ᠎ᠠ ᠶᠢᠨ 17
ᠨᠠᠢ᠌ᠷᠠᠭᠤᠯᠤᠭᠴᠢ᠄ ᠪᠦᠬᠡᠡᠷᠳᠡᠨᠢ