ᠨᠡᠪᠲᠡᠷᠡᠨ ᠤᠷᠤᠬᠤ
ᠮᠤᠩᠭ᠋ᠤᠯ ᠭᠡᠯᠡᠨ ᠤ ᠵᠢᠭᠠᠬᠤ ᠠᠷᠭ᠎ᠠ ᠶᠢᠨ ᠥᠭᠡᠷᠡᠴᠢᠯᠡᠯᠳᠡ ᠶᠢᠨ ᠳᠤᠬᠠᠢ ᠥᠭᠦᠯᠡᠭᠦ ᠨᠢ

ᠰᠤᠷᠭᠠᠨ ᠭᠦᠮᠦᠵᠢᠯ ᠤᠨ ᠰᠢᠨ᠎ᠠ ᠱᠠᠳᠤᠨ ᠳᠤ ᠭᠡᠪ ᠴᠢᠨᠠᠷ ᠤᠨ ᠰᠤᠷᠭᠠᠨ ᠭᠦᠮᠦᠵᠢᠯ ᠳᠦᠭᠡᠮᠡᠯᠵᠢᠭ᠍ᠰᠡᠨ ᠣᠳᠤᠬᠠᠨ ᠳᠤ ᠰᠢᠡᠵᠢᠯᠡᠭᠦ ᠣᠬᠠᠭᠠᠨ ᠤ ᠭᠦᠭ᠍ᠵᠢᠯᠳᠡ᠂ ᠨᠡᠢ᠌ᠭᠡᠮ ᠤᠨ ᠭᠦᠭ᠍ᠵᠢᠯᠳᠡ ᠶᠢ ᠳᠠᠭᠠᠯᠳᠤᠨ ᠰᠤᠷᠭᠠᠨ ᠭᠦᠮᠦᠵᠢᠯ ᠤᠨ ᠥᠭᠡᠷᠡᠴᠢᠯᠡᠯᠳᠡ ᠳᠤ ᠮᠤᠩᠭ᠋ᠤᠯ ᠭᠡᠯᠡᠨ ᠤ ᠵᠢᠭᠠᠬᠤ ᠠᠷᠭ᠎ᠠ ᠶᠢᠨ ᠥᠭᠡᠷᠡᠴᠢᠯᠡᠯᠳᠡ ᠨᠢ ᠴᠢᠬᠤᠯᠠ ᠪᠠᠢ᠌ᠷᠢᠨ ᠳᠤ ᠪᠠᠢ᠌ᠵᠤ᠂ ᠦᠷᠭᠡᠨ ᠣᠯᠠᠨ ᠮᠤᠩᠭ᠋ᠤᠯ ᠭᠡᠯᠡᠨ ᠤ ᠪᠠᠭᠰᠢ᠂ ᠦᠨᠳᠦᠰᠦᠳᠠᠨ ᠳᠤ ᠪᠠᠨ ᠬᠠᠢ᠌ᠷᠠᠳᠠᠢ ᠮᠤᠩᠭ᠋ᠤᠯ ᠡᠷᠳᠡᠮᠳᠡᠨ᠂ ᠰᠤᠳᠤᠯᠭᠠᠳᠠᠤᠨ ᠴᠤ ᠠᠩᠬᠠᠷᠤᠯ ᠳᠤ ᠪᠠᠨ ᠠᠪᠴᠤ ᠰᠢᠠᠵᠢᠯᠠᠵᠤ ᠰᠤᠳᠤᠯᠬᠤ᠂ ᠰᠢᠨᠠᠴᠢᠯᠠᠵᠤ ᠥᠭᠡᠷᠡᠴᠢᠯᠡᠭᠦ ᠵᠣᠢ᠌ᠯ ᠪᠣᠯᠭᠠᠨ ᠭᠦᠨ ᠭᠦᠡᠵᠡᠭᠡᠢ ᠪᠣᠳᠤᠯᠭᠠᠰᠢᠷᠠᠭᠰᠠᠭᠠᠷ ᠢᠷᠠᠪᠠ᠃ ᠡᠳᠦᠭᠡ ᠪᠢ ᠨᠢᠭᠡᠨ ᠮᠤᠩᠭ᠋ᠤᠯ ᠭᠡᠯᠡᠨ ᠤ ᠪᠠᠭᠰᠢ ᠪᠣᠯᠤᠭᠰᠠᠨ ᠤ ᠬᠤᠪᠢ ᠳᠤ ᠠᠷᠪᠠᠭᠠᠤᠨ ᠵᠢᠯ ᠤᠨ ᠵᠢᠭᠠᠨ ᠰᠤᠷᠭᠠᠯᠳᠠ ᠪᠠ ᠳᠤᠷᠰᠢᠯᠭ᠎ᠠ ᠪᠠᠨ᠂ ᠬᠤᠷᠠᠮᠳᠤᠭᠤᠯᠵᠤ ᠢᠷᠡᠭ᠍ᠰᠡᠨ ᠳᠤᠯᠢᠮᠠᠭ ᠵᠣᠢ᠌ᠯ ᠶᠢᠡᠨ ᠳᠠ ᠨᠡᠷ ᠲᠤ ᠪᠠᠨ ᠳᠡᠯᠭᠡᠨ ᠥᠵᠡᠭᠦᠯᠵᠤ ᠰᠠᠨᠠᠯ ᠵᠥᠪᠯᠡᠯᠭᠡ ᠬᠤᠷᠢᠶᠠᠬᠤ ᠶᠢ ᠰᠠᠨᠠᠭᠠᠰᠢᠷᠠᠯ᠎ᠠ᠃

ᠥᠩᠭᠡᠷᠡᠭ᠍ᠰᠡᠨ ᠤ ᠰᠤᠷᠭᠠᠨ ᠭᠦᠮᠦᠵᠢᠯ ᠨᠢ ᠣᠳᠤᠭᠢ ᠲᠡᠶ ᠬᠠᠷᠢᠴᠠᠭᠤᠯᠪᠠᠯ ᠦᠨᠡᠨ ᠳᠤ ᠪᠠᠨ ᠵᠢᠭᠠᠨ ᠰᠤᠷᠭᠠᠯᠳᠠ ᠶᠢᠨ ᠰᠠᠭᠤᠷᠢ᠂ ᠣᠭ ᠦᠨᠳᠦᠰᠦ ᠪᠣᠯᠬᠤ ᠨᠢ ᠭᠠᠷᠴᠠᠭ᠎ᠠ ᠦᠭᠡᠶ᠃ ᠥᠭᠡᠷᠡᠴᠢᠯᠡᠨ᠎ᠡ ᠥᠭᠡᠷᠡᠴᠢᠯᠡᠨ᠎ᠡ ᠭᠡᠵᠤ ᠥᠭᠦᠮᠡᠯ ᠶᠢᠡᠷ ᠬᠠᠭᠤᠴᠢᠨ ᠶᠢᠡᠨ ᠪᠦᠭᠦᠳᠡ ᠶᠢ ᠳᠠᠶᠠᠭᠳᠠᠬᠤ ᠨᠢ ᠦᠴᠦᠭᠡᠨ ᠴᠤ ᠵᠤᠭᠢᠰ ᠦᠭᠡᠶ ᠶᠤᠮ᠃ ᠵᠠᠷᠢᠮ ᠪᠠᠭᠰᠢ ᠨᠡᠷ ᠭᠢᠴᠢᠶᠠᠯ ᠰᠤᠨᠤᠰᠤᠭᠰᠠᠭᠠᠷ ᠯᠠ ᠪᠠᠰᠠ ᠯᠠ ᠬᠠᠭᠤᠴᠢᠨ ᠠᠷᠭ᠎ᠠ ᠭᠡᠵᠤ ᠭᠢᠴᠢᠶᠠᠯ ᠵᠢᠭᠠᠭᠰᠠᠨ ᠪᠠᠭᠰᠢ ᠶᠢᠨ ᠣᠷᠮ᠎ᠠ ᠶᠢ ᠬᠤᠭᠤᠯᠵᠤ ᠬᠠᠶᠠᠳᠠᠭ᠃ ᠪᠠᠰᠠ ᠵᠠᠷᠢᠮ ᠨᠢ ᠰᠢᠨ᠎ᠠ ᠠᠷᠭ᠎ᠠ ᠡᠭᠦᠳᠭᠦ ᠭᠡᠵᠤ ᠡᠷᠦᠢ ᠬᠤᠷᠤᠢ ᠦᠭᠡᠶ ᠨᠢᠭᠡ ᠶᠠᠭᠤᠮ᠎ᠠ ᠪᠣᠯᠭᠠᠵᠤ ᠦᠨᠡᠨ ᠳᠤ ᠪᠠᠨ ᠦᠷ᠎ᠡ ᠠᠰᠢᠭ ᠭᠠᠷᠭᠠᠵᠤ ᠳᠡᠢ᠌ᠯᠦᠭ᠍ᠰᠡᠨ ᠦᠭᠡᠶ ᠮᠦᠷᠳᠡᠭᠡᠨ ᠭᠡᠳᠡᠷᠭᠦ ᠪᠠᠨ ᠰᠥᠭᠡᠷᠭᠦ ᠣᠢ᠌ᠯᠠᠳᠤᠯ ᠥᠵᠡᠭᠦᠯᠵᠤ ᠪᠠᠢ᠌ᠳᠠᠭ ᠶᠤᠮ ᠡ ︕

ᠳᠡᠭᠡᠪᠠᠯ ᠮᠢᠨᠤ ᠥᠵᠡᠭᠦ ᠪᠠᠷ ᠵᠢᠭᠠᠨ ᠰᠤᠷᠭᠠᠯᠳᠠ ᠶᠢᠨ ᠥᠭᠡᠷᠡᠴᠢᠯᠡᠯᠳᠡ ᠨᠢ ᠥᠩᠭᠡᠷᠡᠭ᠍ᠰᠡᠨ ᠤ ᠵᠢᠭᠠᠬᠤ ᠠᠷᠭ᠎ᠠ ᠨᠢ ᠳᠠᠷᠠ ᠪᠦᠭᠦᠨ ᠶᠢᠡᠷ ᠶᠢᠡᠨ ᠭᠡᠷᠡᠭᠯᠡᠵᠤ ᠪᠣᠯᠬᠤ ᠦᠭᠡᠶ ᠶᠠᠭᠤᠮ᠎ᠠ ᠣᠭᠳᠤ ᠪᠢᠰᠢ ᠶᠤᠮ᠃ ᠭᠡᠯᠡ ᠪᠢᠴᠢᠭ᠌ ᠤᠨ ᠵᠢᠭᠠᠨ ᠰᠤᠷᠭᠠᠯᠳᠠ ᠨᠢ ᠡᠩ ᠳᠡᠷᠢᠭᠦᠨ ᠳᠤ ᠣᠷᠮ᠎ᠠ ᠪᠠᠬ᠎ᠠ ᠶᠢ ᠨᠢ ᠭᠦᠭ᠍ᠵᠢᠭᠡᠵᠤ᠂ ᠦᠵᠡᠯᠳᠠ ᠳᠠᠨᠢᠯᠳᠠ ᠶᠢ ᠨᠢ ᠳᠡᠭᠡᠭ᠍ᠰᠢᠯᠡᠭᠦᠯᠭᠦ ᠨᠢ ᠬᠠᠮᠤᠭ ᠤᠨ ᠴᠢᠬᠤᠯᠠ ᠨᠢᠭᠡ ᠳᠠᠪᠠᠭ᠎ᠠ ᠪᠣᠯᠬᠤ ᠶᠤᠮ᠃ ᠡᠨᠡ ᠨᠢ ᠮᠠᠨ ᠤ ᠣᠯᠤᠰ᠂ ᠮᠠᠨ ᠤ ᠣᠷᠤᠨ᠂ ᠮᠠᠨ ᠤ ᠨᠤᠳᠤᠭ ᠤᠨ ᠠᠷᠠᠤᠨ ᠲᠦᠮᠡᠨ ᠳᠤ ᠳᠠᠯᠪᠢᠭᠳᠠᠵᠤ ᠪᠠᠢ᠌ᠭ᠎ᠠ ᠭᠦᠡᠳᠤ ᠴᠢᠬᠤᠯᠠ ᠠᠰᠠᠭᠤᠳᠠᠯ ᠪᠣᠯᠬᠤ ᠶᠤᠮ᠃ ᠮᠠᠨ ᠤ ᠮᠤᠩᠭ᠋ᠤᠯᠴᠤᠳ ᠤᠨ ᠵᠠᠭᠤᠨ ᠤ ᠶᠠᠷᠢ ᠶ‍ᠢᠰᠤ ᠨᠢ ᠪᠦᠷ ᠄ 《ᠮᠠᠨ ᠤ ᠬᠡᠦᠬᠡᠳ ᠮᠤᠩᠭ᠋ᠤᠯ ᠭᠡᠯᠡ ᠰᠤᠷᠬᠤ ᠳᠤᠷ᠎ᠠ ᠦᠭᠡᠶ᠂ ᠮᠤᠩᠭ᠋ᠤᠯ ᠭᠡᠯᠡᠨ ᠳᠤ ᠪᠠᠨ ᠮᠠᠭᠤ ᠪᠠᠢ᠌ᠨ᠎ᠠ》 ᠭᠡᠵᠤ ᠭᠤᠩᠰᠤᠷᠠᠳᠠᠭ ᠶᠤᠮ ᠡ ︕ ᠡᠭᠦᠨ ᠳᠤ ᠪᠢ ᠨᠢᠭᠡ ᠵᠦᠪ ᠬᠠᠷᠢᠭᠤᠯᠳᠠ ᠬᠠᠢ᠌ᠷᠠᠯᠠᠶ᠎ᠠ ︕ ᠡᠩ ᠳᠡᠷᠢᠭᠦᠨ ᠳᠤ ᠵᠠᠷᠢᠮ ᠭᠡᠷ ᠤᠨ ᠠᠬᠠᠮᠠᠤᠨ᠄ 《ᠮᠤᠩᠭ᠋ᠤᠯ ᠭᠡᠯᠡ ᠶᠠᠮᠠᠷ ᠭᠡᠷᠡᠭ᠌ ᠲᠡᠶ ᠪᠣᠢ ︖ ᠳᠠ ᠪᠣᠳᠤᠵᠤ ᠦᠵᠡ᠂ ᠡᠪᠡᠳᠴᠢᠨ ᠲᠡᠶ ᠪᠣᠯᠤᠭᠠᠤᠨ ᠡᠮᠨᠡᠯᠭᠡ ᠳᠤ ᠭᠦᠷᠦᠶ᠎ᠡ᠂ ᠭᠢᠳᠠᠤᠨ ᠥᠭᠡ᠂ ᠭᠢᠳᠠᠤᠨ ᠪᠢᠴᠢᠭ᠌ ᠮᠡᠳᠡᠭᠦ ᠦᠭᠡᠶ ᠪᠣᠯᠤᠨ᠎ᠠ ᠦᠦ ︖ ᠬᠤᠳᠠᠯᠳᠤᠭ᠎ᠠ ᠮᠠᠢ᠌ᠮᠠᠢ ᠳᠤ ᠭᠦᠷᠦᠶ᠎ᠡ᠂ ᠭᠢᠳᠠᠤᠨ ᠥᠭᠡ ᠮᠡᠳᠡᠭᠦ ᠦᠭᠡᠶ ᠪᠣᠯ ᠦᠨ᠎ᠡ ᠬᠠᠩᠰᠢ ᠶᠢ ᠨᠢ ᠶᠠᠭᠠᠭᠢᠵᠤ ᠭᠡᠯᠡᠯᠴᠡᠨ᠎ᠡ ᠪᠣᠢ ︖ ᠶᠡᠭᠡ ᠰᠤᠷᠭᠠᠭᠤᠯᠢ ᠳᠤ ᠣᠷᠤᠶ᠎ᠠ᠂ ᠮᠤᠩᠭ᠋ᠤᠯ ᠭᠡᠯᠡ ᠴᠢᠨᠢ ᠭᠡᠭᠡᠭᠡᠳᠡᠵᠤ ᠪᠦᠷ ᠭᠢᠳᠠᠤᠨ ᠶᠢᠡᠷ ᠭᠢᠴᠢᠶᠠᠯᠯᠠᠨ᠎ᠠ᠂ ᠮᠤᠩᠭ᠋ᠤᠯ ᠭᠡᠯᠡ ᠰᠤᠷᠤᠭᠠᠤᠨ ᠵᠠᠷᠤᠬᠤ ᠭᠠᠵᠠᠷ ᠦᠭᠡᠶ ︕》 ᠭᠡᠵᠤ ᠬᠠᠮᠢᠶ᠎ᠠ ᠶᠠᠳᠠᠭ ᠦᠭᠡᠶ ᠶᠠᠷᠢᠴᠢᠬᠠᠳᠠᠭ᠃ ᠡᠨᠡ ᠨᠢ ᠥᠨᠡᠭᠡᠷ ᠴᠤ ᠳᠠᠢ᠌ᠮᠤ ᠡ ︕ ᠭᠡᠳᠡᠯ᠎ᠡ ᠡᠭᠦᠨ ᠢ ᠥᠭᠡᠷᠡᠴᠢᠯᠡᠶ᠎ᠡ ᠬᠤᠪᠢᠷᠠᠭᠤᠯᠤᠶ᠎ᠠ ᠭᠡᠰᠡᠨ ᠭᠦᠮᠤᠨ ᠬᠠᠮᠢᠭ᠎ᠠ ᠪᠠᠢ᠌ᠬᠤ ᠪᠣᠢ ︖ ᠡᠨᠡ ᠪᠠᠢ᠌ᠳᠠᠯ ᠢ ᠥᠭᠡᠷᠡᠴᠢᠯᠡᠭᠦ ᠦᠭᠡᠶ ᠶᠤᠮ ᠪᠣᠯ ᠵᠤᠪᠠᠭᠠᠤᠨ ᠶᠠᠮᠠᠷ ᠭᠡᠷᠡᠭ᠌ ᠪᠠᠢ᠌ᠬᠤ ᠪᠣᠢ ︖ ᠵᠥᠪᠭᠡᠨ ᠰᠡᠳᠭᠢᠯ ᠰᠠᠨᠠᠭ᠎ᠠ ᠨᠢ ᠭᠦᠳᠡᠯᠦᠭᠡᠳ ᠣᠢ᠌ᠯᠠ ᠶᠠᠪᠣᠳᠠᠯ ᠳᠡᠭᠡᠷ᠎ᠡ ᠪᠠᠨ ᠶᠠᠪᠣᠭᠳᠠᠭᠤᠯᠬᠤ ᠦᠭᠡᠶ ᠪᠠᠢ᠌ᠭᠠᠤᠨ ᠪᠠᠢ᠌ᠳᠠᠭ᠃ ᠮᠠᠨ ᠤ ᠴᠤᠯᠤ ᠮᠤᠩᠭ᠋ᠤᠯ ᠶᠢᠡᠷ ᠭᠢᠴᠢᠶᠠᠯᠯᠠᠵᠤ ᠪᠠᠢ᠌ᠭ᠎ᠠ ᠪᠠᠭ᠎ᠠ ᠰᠤᠷᠭᠠᠭᠤᠯᠢ ᠨᠤᠭᠤᠳ ᠭᠢᠴᠢᠶᠠᠯ ᠤᠨ ᠬᠤᠩᠬᠤᠨ ᠳᠠᠭᠤᠨ ᠤ ᠠᠶᠠᠯᠭᠤ ᠳᠡᠭᠡᠷ᠎ᠡ ᠪᠠᠨ ᠄ 《上课时间到了.同学们准备上课。下课时间到了. 老师们辛苦了。》 ᠭᠡᠵᠤ ᠡᠳᠦᠷ ᠪᠦᠷᠢ ᠬᠤᠷᠢ ᠰᠢᠬᠠᠮ ᠣᠳᠠᠭ᠎ᠠ ᠪᠠᠭᠰᠢ ᠰᠤᠷᠤᠭᠴᠢ ᠶᠢᠨ ᠠᠵᠢᠯ ᠰᠤᠷᠤᠯᠴᠠᠯᠭ᠎ᠠ ᠶᠢ ᠵᠠᠭᠢᠷᠴᠤ ᠪᠠᠢ᠌ᠳᠠᠭ᠃ ᠡᠭᠦᠨ ᠢ ᠥᠭᠡᠷᠡᠴᠢᠯᠡᠵᠤ ᠪᠣᠯᠬᠤ ᠦᠭᠡᠶ ᠭᠡᠵᠤ ᠦᠦ ︖ ᠡᠨᠡ ᠨᠢ ᠭᠢᠳᠠᠤᠨ ᠭᠡᠯᠡ ᠶᠢ ᠰᠤᠷᠴᠤ ᠪᠣᠯᠬᠤ ᠦᠭᠡᠶ ᠭᠡᠰᠡᠨ ᠥᠭᠡ ᠣᠭᠳᠤ ᠪᠢᠰᠢ᠂ ᠭᠡᠳᠡᠯ᠎ᠡ ᠦᠪᠡᠷ ᠤᠨ ᠦᠨᠳᠦᠰᠦᠳᠠᠨ ᠤ ᠥᠭᠡ ᠭᠡᠯᠡ᠂ ᠦᠰᠦᠭ᠌ ᠪᠢᠴᠢᠭ᠌ ᠶᠢᠡᠨ ᠭᠡᠷᠡᠭᠯᠡᠵᠤ ᠦᠨ᠎ᠡ ᠦᠷᠳᠡᠭ᠌ ᠶᠢᠡᠨ ᠢᠯᠡᠷᠡᠭᠦᠯᠭᠦ ᠦᠭᠡᠶ ᠪᠣᠯ ᠵᠥᠭᠡᠷ ᠯᠠ ᠠᠮᠠᠨ ᠳᠡᠭᠡᠷ᠎ᠡ ᠪᠠᠨ᠄ 《ᠴᠢᠩᠭᠢᠰ ᠬᠠᠭᠠᠨ ᠬᠠᠮᠢᠭ᠎ᠠ ᠪᠠᠢ᠌ᠨ᠎ᠠ ︖ ᠬᠤᠪᠢᠯᠠᠢ ᠬᠠᠭᠠᠨ ᠬᠠᠮᠢᠭ᠎ᠠ ᠶᠠᠪᠣᠴᠢᠬᠠᠪᠠ ︖》 ᠭᠡᠳ ᠶᠠᠮᠠᠷ ᠭᠡᠷᠡᠭ᠌ ᠪᠠᠢ᠌ᠬᠤ ᠪᠣᠢ ⁈ ᠡᠢ᠌ᠮᠤ ᠡᠴᠠ ᠪᠢᠳᠠ 《ᠦᠷᠤᠮ᠎ᠠ ᠬᠠᠢ᠌ᠷᠠᠯᠠᠬᠤ ᠪᠠᠷ ᠣᠷᠮ᠎ᠠ ᠬᠠᠢ᠌ᠷᠠᠯᠠ》 ᠭᠡᠰᠡᠨ ᠮᠡᠷᠭᠡᠳ ᠤᠨ ᠥᠭᠡ ᠶᠢ ᠠᠩᠬᠠᠷᠴᠤ ᠶᠠᠪᠣᠪᠠᠯ ᠵᠤᠭᠢᠰᠳᠠᠢ ︕ ᠨᠡᠢ᠌ᠭᠡᠮ ᠨᠠᠢ᠌ᠳᠠ ᠶᠢᠨ ᠨᠥᠯᠦᠭᠡ᠂ ᠭᠡᠷ ᠪᠦᠯᠢ ᠶᠢᠨ ᠨᠥᠯᠦᠭᠡ ᠡᠴᠠ ᠪᠣᠯᠵᠤ ᠬᠠᠷᠠᠬᠠᠨ ᠪᠠᠭ᠎ᠠ ᠨᠠᠰᠤᠨ ᠡᠴᠠ ᠪᠠᠨ ᠮᠤᠩᠭ᠋ᠤᠯ ᠭᠡᠯᠡ ᠦᠰᠦᠭ᠌ ᠪᠢᠴᠢᠭ᠌ ᠡᠴᠠ ᠪᠠᠨ ᠵᠠᠢ᠌ᠳᠠᠵᠤ ᠪᠠᠢ᠌ᠬᠤ ᠥᠵᠡᠭ᠍ᠳᠡᠯ ᠮᠤᠩ ᠦᠭᠡᠶ ᠪᠠᠢ᠌ᠨ᠎ᠠ ᠳ᠋ᠠ ︕ ᠦᠪᠡᠷ ᠤᠨ ᠦᠨᠳᠦᠰᠦᠳᠠᠨ ᠤ ᠦᠪ ᠰᠤᠶᠤᠯ ᠡᠴᠠ ᠪᠠᠨ ᠵᠠᠢ᠌ᠳᠠᠴᠢᠬᠠᠪᠠᠯ ᠡᠴᠦᠰ ᠲᠤ ᠪᠠᠨ ᠦᠷ᠎ᠡ ᠠᠰᠢᠭ ᠣᠯᠵᠤ ᠳᠡᠢ᠌ᠯᠭᠦ ᠦᠭᠡᠶ ᠨᠢ ᠶᠠᠷᠢᠶᠠᠨ ᠦᠭᠡᠶ ᠳ᠋ᠠ ︕ ᠳᠠᠷᠠ ᠨᠢ ᠮᠤᠩᠭ᠋ᠤᠯ ᠭᠡᠯᠡ ᠪᠠᠨ ᠵᠢᠭ᠍ᠰᠢᠵᠤ ᠬᠡᠦᠬᠡᠳ ᠶᠢᠡᠨ ᠭᠢᠳᠠᠤᠨ ᠶᠢᠡᠷ ᠪᠢᠴᠢᠭ᠌ ᠥᠵᠡᠭᠦᠯᠵᠤ ᠡᠴᠦᠰ ᠰᠡᠭᠦᠯ ᠳᠤ ᠪᠠᠨ ᠭᠢᠳᠠᠤᠨ ᠭᠢᠳᠠᠤᠨ ᠪᠢᠰᠢ᠂ ᠮᠤᠩᠭ᠋ᠤᠯ ᠮᠤᠩᠭ᠋ᠤᠯ ᠳᠤ ᠪᠠᠨ ᠦᠭᠡᠶ ᠪᠣᠯᠵᠤ ᠬᠤᠶᠠᠷ ᠥᠭᠡ ᠶᠠᠷᠢᠭᠰᠠᠭᠠᠷ ᠯᠠ ᠭᠡᠯᠡ ᠠᠮᠠ ᠨᠢ ᠭᠦᠰᠢᠵᠤ ᠭᠢᠳᠠᠤᠨ ᠮᠤᠩᠭ᠋ᠤᠯ ᠤᠨ ᠳᠤᠮᠳᠠᠭᠢ ᠰᠠᠭᠠᠷᠮᠠᠭ ᠭᠡᠯᠡᠳᠡᠨ ᠪᠣᠯᠵᠤ ᠭᠢᠳᠠᠤᠨ ᠭᠦᠮᠤᠨ ᠤ ᠡᠯᠡᠭ᠌ ᠳᠤᠭᠤᠭᠢ᠂ ᠮᠤᠩᠭ᠋ᠤᠯ ᠭᠦᠮᠤᠨ ᠤ ᠳᠤᠷ᠎ᠠ ᠥᠭᠡᠢ᠌ᠴᠡᠯ ᠢ ᠭᠦᠷᠭᠡᠵᠤ ᠪᠠᠢ᠌ᠳᠠᠭ ᠡ ︕ ᠪᠠᠰᠠ ᠵᠠᠷᠢᠮ ᠨᠢ ᠶᠡᠭᠡ ᠰᠤᠷᠭᠠᠭᠤᠯᠢ ᠰᠢᠯᠭᠠᠭᠤᠯᠤᠭᠠᠤᠨ ᠡᠷᠡᠤ ᠠᠮᠠ ᠪᠠᠷ ᠶᠢᠡᠨ ᠭᠤᠬᠠᠳᠠᠵᠤ ᠡᠷᠭᠢᠵᠤ ᠬᠠᠷᠠᠬᠤ ᠳᠤ ᠡᠷᠭᠢ ᠡᠴᠠ ᠵᠠᠢ᠌ᠳᠠᠵᠤ᠂ ᠬᠤᠪᠢ ᠵᠠᠶᠠᠭ᠎ᠠ ᠨᠢ ᠭᠠᠭᠴᠠᠭᠠᠷᠳᠠᠵᠤ᠂ ᠬᠤᠪᠢᠨ ᠤ ᠮᠤᠩᠭ᠋ᠤᠯ ᠰᠠᠢ᠌ᠬᠠᠨ ᠬᠤᠪᠢ ᠳᠠᠪᠢᠯᠠᠩ᠂ ᠠᠵᠠ ᠵᠠᠪᠰᠢᠶᠠᠨ ᠶᠢᠡᠨ ᠳᠠᠯᠠᠭᠳᠠᠴᠢᠬᠠᠭᠰᠠᠨ ᠪᠠᠢ᠌ᠳᠠᠭ᠃ ᠡᠢ᠌ᠮᠤ ᠡᠴᠠ ᠦᠨᠳᠦᠰᠦᠳᠠᠨ ᠤ ᠥᠭᠡ ᠭᠡᠯᠡ᠂ ᠦᠰᠦᠭ᠌ ᠪᠢᠴᠢᠭ᠌ ᠶᠢᠡᠨ ᠬᠠᠢ᠌ᠷᠠᠯᠠᠵᠤ᠂ ᠭᠡᠷᠡᠭᠯᠡᠵᠤ᠂ ᠭᠦᠭ᠍ᠵᠢᠭᠦᠯᠵᠤ ᠪᠠᠳᠠᠷᠠᠭᠤᠯᠬᠤ ᠨᠢ ᠡᠭᠦᠨ ᠡᠴᠠ ᠬᠣᠢ᠌ᠰᠢᠳᠠ ᠶᠢᠨ ᠵᠢᠭᠠᠨ ᠰᠤᠷᠭᠠᠯᠳᠠ ᠶᠢᠨ ᠥᠭᠡᠷᠡᠴᠢᠯᠡᠯᠳᠡ ᠳᠤ ᠳᠤᠳᠠᠭᠳᠠᠵᠤ ᠪᠣᠯᠤᠰᠢ ᠦᠭᠡᠶ᠂ ᠵᠠᠢ᠌ᠯᠠᠰᠢ ᠦᠭᠡᠶ ᠴᠢᠬᠤᠯᠠ ᠵᠣᠢ᠌ᠯ ᠪᠣᠯᠬᠤ ᠶᠤᠮ ᠰᠠᠨ᠃ ᠡᠨᠡ ᠳᠠᠯ᠎ᠠ ᠪᠠᠷ ᠮᠠᠨ ᠤ ᠮᠤᠩᠭ᠋ᠤᠯ ᠭᠡᠯᠡᠨ ᠤ ᠪᠠᠭᠰᠢ᠂ ᠮᠤᠩᠭ᠋ᠤᠯ ᠶᠢᠡᠷ ᠭᠢᠴᠢᠶᠠᠯᠯᠠᠵᠤ ᠪᠠᠢ᠌ᠭ᠎ᠠ ᠰᠤᠷᠭᠠᠭᠤᠯᠢ ᠨᠤᠭᠤᠳ ᠠᠩᠬᠠᠷᠤᠯ ᠳᠤ ᠪᠠᠨ ᠠᠪᠣᠪᠠᠯ ᠰᠠ‍‌ᠶᠢ ᠮᠤᠩᠭ᠋ᠤᠯ ᠭᠡᠯᠡᠨ ᠤ ᠵᠢᠭᠠᠨ ᠰᠤᠷᠭᠠᠯᠳᠠ ᠶᠢᠨ ᠥᠭᠡᠷᠡᠴᠢᠯᠡᠯᠳᠡ ᠶᠢᠨ ᠠᠭᠤᠤ ᠣᠢ᠌ᠯᠠᠰ ᠠᠮᠵᠢᠯᠳᠠ ᠣᠯᠬᠤ ᠨᠢ ᠳᠠᠮᠵᠢᠭ ᠦᠭᠡᠶ ᠶᠤᠮ᠃

ᠦᠨᠡᠨᠳᠡᠭᠡᠨ ᠮᠤᠩᠭ᠋ᠤᠯ ᠭᠡᠯᠡᠨ ᠤ ᠵᠢᠭᠠᠨ ᠰᠤᠷᠭᠠᠯᠳᠠ ᠨᠢ ᠨᠠᠯᠢᠶᠠᠤᠨ ᠣᠷᠳᠤ ᠬᠤᠭᠤᠴᠠᠭᠠᠨ ᠤ ᠵᠢᠭᠠᠨ ᠰᠤᠷᠭᠠᠯᠳᠠ ᠶᠢᠨ ᠥᠭᠡᠷᠡᠴᠢᠯᠡᠯᠳᠡ᠂ ᠳᠤᠰᠬᠠᠢ ᠮᠡᠷᠭᠡᠵᠢᠯᠳᠡᠳ ᠤᠨ ᠰᠤᠳᠤᠯᠤᠯᠭ᠎ᠠ᠂ ᠮᠤᠩᠭ᠋ᠤᠯ ᠭᠡᠯᠡᠨ ᠤ ᠪᠠᠭᠰᠢ ᠨᠡᠷ ᠤᠨ ᠦᠷᠤᠴᠠ ᠵᠢᠷᠦᠭᠡᠨ ᠤ ᠠᠷᠢᠭᠤᠨ ᠭᠦᠯᠦᠰᠤ ᠶᠢᠨ ᠳᠤᠰᠤᠯᠤᠯᠭ᠎ᠠ ᠪᠠᠷ ᠵᠤᠭᠢᠬᠤ ᠦᠷ᠎ᠡ ᠪᠦᠳᠦᠮᠵᠢ ᠣᠯᠵᠤ᠂ ᠵᠤᠭᠢᠬᠤ ᠠᠷᠭ᠎ᠠ ᠠᠪᠴᠠᠯ ᠨᠢᠭᠡᠨᠲᠡ ᠠᠶᠠᠠᠳᠠᠭᠠᠨ ᠪᠦᠷᠢᠯᠳᠦᠴᠢᠭᠡᠭ᠍ᠰᠡᠨ ᠪᠠᠢ᠌ᠳᠠᠭ᠃ ᠳᠠᠷᠤᠢ ᠡᠩ ᠳᠡᠷᠢᠭᠦᠨ ᠳᠤ ᠣᠩᠰᠢᠯᠭ᠎ᠠ ᠪᠠᠷ ᠭᠤᠤᠯᠯᠠᠵᠤ ᠠᠰᠠᠭᠤᠳᠠᠯ ᠢ ᠶᠠᠷᠢᠯᠴᠠᠵᠤ ᠰᠢ᠌ᠳᠪᠦᠷᠢᠯᠡᠭᠦ᠂ ᠰᠤᠷᠤᠭᠴᠢ ᠪᠠᠷ ᠡᠵᠡᠨ ᠪᠠᠶ᠎ᠠ ᠪᠣᠯᠭᠠᠵᠤ ᠪᠠᠭᠰᠢ ᠡᠴᠠ ᠰᠡᠩᠭᠡᠷᠡᠭᠦᠯᠤᠨ ᠵᠢᠯᠤᠭᠤᠳᠬᠤ᠂ ᠣᠷᠠᠨ ᠰᠠᠢ᠌ᠬᠠᠨ ᠥᠭᠡ ᠪᠠᠷ ᠭᠢᠴᠢᠶᠠᠯ ᠳᠤ ᠪᠠᠨ ᠣᠳᠤᠷᠢᠳᠬᠤ᠂ ᠭᠢᠴᠢᠶᠠᠯ ᠡᠴᠠ ᠡᠮᠦᠨᠡᠭᠢ 3 ᠮᠢᠨᠦ᠋ᠲ ᠤᠨ ᠶᠠᠷᠢᠶ᠎ᠠ ᠭᠢᠭᠦ ᠮᠠᠳᠤᠴᠢᠯᠠᠨ ᠬᠠᠭᠤᠴᠢᠨ ᠤ ᠭᠦᠴᠢᠷ ᠥᠭᠡᠰ ᠰᠠᠮᠪᠠᠷᠠᠯᠠᠵᠤ ᠭᠢᠴᠢᠶᠠᠯ ᠢ ᠰᠢᠭᠤᠳ ᠵᠢᠭᠠᠭᠰᠠᠨ ᠡᠴᠠ ᠦᠷ᠎ᠡ ᠠᠰᠢᠭ ᠦᠨᠳᠦᠷᠵᠢᠵᠤ ᠪᠠᠢ᠌ᠳᠠᠭ ᠶᠤᠮ ᠡ ︕

ᠡᠢ᠌ᠮᠤ ᠡᠴᠠ ᠣᠯᠳᠤᠢ ᠮᠢᠨᠤ ᠥᠵᠡᠭᠦ ᠪᠠᠷ ᠡᠨᠡᠭᠦ ᠥᠭᠡᠷᠴᠢᠯᠡᠯᠳᠡ ᠶᠢᠨ ᠳᠡᠭᠡᠷ᠎ᠡ ᠮᠤᠩᠭ᠋ᠤᠯ ᠭᠠᠵᠠᠷ ᠣᠷᠤᠨ᠂ ᠮᠤᠩᠭ᠋ᠤᠯ ᠶᠢᠡᠷ ᠭᠢᠴᠢᠶᠠᠯᠯᠠᠵᠤ ᠪᠠᠢ᠌ᠭ᠎ᠠ ᠰᠤᠷᠭᠠᠭᠤᠯᠢ ᠨᠤᠭᠤᠳ᠂ ᠮᠤᠩᠭ᠋ᠤᠯ ᠭᠡᠯᠡᠨ ᠤ ᠪᠠᠭᠰᠢ ᠨᠡᠷ ᠪᠦᠭᠦᠳᠡᠭᠡᠷ ᠶᠢᠡᠨ ᠡᠭᠡ ᠭᠡᠯᠡᠨ ᠤ ᠪᠠᠨ ᠣᠢ᠌ᠯᠠᠳᠤᠯ ᠢ ᠪᠠᠳᠠᠷᠠᠭᠤᠯᠵᠤ᠂ ᠨᠢᠭᠤᠭᠳᠠᠮᠠᠯ ᠭᠦᠴᠤᠨ ᠢ ᠨᠢ ᠪᠠᠳᠠᠷᠠᠭᠤᠯᠵᠤ ᠢᠯᠡᠷᠡᠭᠦᠯᠪᠠᠯ ᠮᠤᠩᠭ᠋ᠤᠯ ᠰᠤᠷᠤᠭᠴᠢᠳ ᠴᠢᠨᠢ ᠮᠤᠩᠭ᠋ᠤᠯ ᠭᠡᠯᠡ ᠰᠤᠷᠬᠤ ᠳᠤᠷᠠᠳᠠᠢ ᠪᠣᠯᠬᠤ ᠨᠢ ᠯᠠᠪᠳᠠᠢ ︕ ᠮᠤᠩᠭ᠋ᠤᠯ ᠥᠭᠡ ᠭᠡᠯᠡ᠂ ᠮᠤᠩᠭ᠋ᠤᠯ ᠦᠨᠳᠦᠰᠦᠳᠠᠨ ᠤ ᠮᠠᠷᠭᠠᠰᠢ ᠯᠠᠪᠳᠠᠢ ᠭᠢᠯᠠᠯᠵᠠᠮ᠎ᠠ ᠰᠠᠢ᠌ᠬᠠᠨ ᠪᠠᠢ᠌ᠬᠤ ᠡ ︕


ᠵᠤᠬᠢᠶᠠᠭᠴᠢ ᠶᠢᠨ ᠬᠠ‍‌ᠶᠢᠭ ᠄ ᠬᠤᠸᠠᠬᠤᠰᠢᠭᠤ ᠭᠤᠤᠯ ᠪᠠᠭ᠎ᠠ ᠰᠤᠷᠭᠠᠭᠤᠯᠢ

ᠵᠤᠬᠢᠶᠠᠭᠴᠢ᠄ ᠰᠢ᠊·ᠳᠤᠳᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠪᠠᠭᠰᠢ ᠶᠢᠨ ᠬᠠᠨᠢ
ᠳᠠᠷᠤᠮ᠄ 4021
ᠴᠠᠭ᠄ 2012 ᠤᠨ ᠤ 12 ᠰᠠᠷ᠎ᠠ ᠶᠢᠨ 29
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ