☆ ᠊ᠭ᠍ᠧ᠊·ᠮᠥᠩᠭᠡ
ᠭᠢᠷᠠᠭᠤᠳᠠᠠᠠᠰᠠᠨ ᠨᠠᠮᠤᠷ ᠤᠨ ᠳᠠᠭᠤᠨ
ᠨᠠᠮᠤᠭᠤᠬᠠᠨ ᠰᠠᠯᠭᠢ ᠲᠡᠶ ᠰᠦᠨᠢ ᠶᠢᠨ ᠭᠦᠨ ᠳᠤ
ᠨᠠᠪᠴᠢᠨ ᠳᠤᠯᠤᠭᠠᠢ ᠳᠤ ᠴᠠᠢ᠌ᠷᠠᠨ ᠣᠨᠠᠠᠠᠰᠠᠨ
ᠨᠠᠮᠤᠷ ᠤᠨ ᠭᠢᠷᠠᠭᠤ ᠳᠤ ᠨᠣᠢ᠌ᠷ ᠵᠠᠢ᠌ᠳᠠᠵᠤ
ᠨᠠᠪᠴᠢᠰ ᠬᠠᠷᠢᠬᠤ ᠶᠢᠨ ᠭᠡᠴᠡᠭᠦᠤ ᠳᠤ ᠭᠤᠨᠢᠷᠠᠨᠠ
ᠬᠠᠯᠠ ᠲᠡᠶ ᠨᠠᠮᠤᠷ ᠤᠨ ᠬᠠᠳᠠᠭᠤ ᠰᠡᠳᠭᠢᠯ ᠳ᠋ᠤ
ᠬᠠᠷᠠᠯᠠᠨ ᠣᠨᠠᠠᠠᠰᠠᠨ ᠨᠤᠭᠤᠭᠠᠨ ᠨᠠᠪᠴᠢᠰ ᠡᠮᠭᠡᠨᠢᠵᠤ
ᠣᠳᠠᠨ ᠨᠠᠪᠴᠢ ᠭᠠᠵᠠᠷ ᠰᠢᠷᠠᠯᠠᠨ ᠪᠦᠷᠭᠦᠭᠦ ᠳ᠋ᠤ
ᠣᠢ᠌ᠤᠠᠬᠠᠷᠯᠠᠭᠰᠠᠨ ᠮᠢᠨᠤ ᠰᠡᠳᠭᠢᠯ ᠭᠦᠡᠳᠦᠷᠡᠨ᠎ᠡ
ᠪᠣᠴᠠᠬᠤ ᠦᠭᠡᠶ ᠣᠷᠴᠢᠬᠤ ᠪᠦᠮᠪᠦᠷᠴᠡᠭ᠌ ᠤᠨ
ᠪᠣᠳᠤᠯ ᠳᠤ ᠪᠠᠨ ᠪᠣᠭᠤᠷᠤᠯᠳᠤᠬᠤ ᠪᠠᠢ᠌ᠭᠠᠯᠢ ᠨᠢ
ᠪᠣᠮᠠᠨ ᠬᠤᠷᠢᠶᠠᠯᠳᠠ ᠶᠢᠨ ᠵᠢᠮᠢᠰ ᠳᠡᠭᠡᠭᠡᠵᠤ
ᠪᠣᠴᠠᠬᠤ ᠪᠠᠨ ᠮᠠᠷᠳᠠᠬᠤ ᠭᠠᠯᠠᠭᠤᠳ ᠢ ᠦᠳᠡᠨ᠎ᠠ
ᠨᠡᠭᠦᠳᠡᠯ ᠤᠨ ᠰᠢᠪᠠᠭᠤᠳ ᠳᠡᠭᠡᠰᠦᠷᠡᠨ ᠵᠠᠯᠠᠯᠠᠵᠤ
ᠨᠠᠮᠤᠷ ᠤᠨ ᠡᠯᠪᠠᠭ᠌ ᠠᠶᠠᠰ ᠶᠢᠡᠨ ᠭᠦᠭ᠍ᠵᠢᠮᠳᠡᠨ
ᠨᠠᠷᠠᠨ ᠰᠤᠷᠮᠤᠤᠰᠤᠨ ᠳᠤ ᠳᠠᠭᠤᠤ ᠪᠠᠨ ᠡᠷᠭᠦᠨ
ᠨᠠᠮ ᠨᠠᠮᠵᠢᠭᠤᠨ ᠡᠪᠦᠯ ᠵᠥᠭ᠌ ᠶᠢᠡᠨ ᠭᠠᠯᠭᠢᠨᠠ
ᠣᠳᠤᠨ ᠵᠢᠷᠤᠭ᠎ᠠ ᠭᠡᠭᠡᠷ᠎ᠡ ᠳᠤᠮᠳᠠ ᠪᠦᠮᠪᠦᠯᠵᠡᠭᠦ ᠳ᠋ᠤ
ᠦᠨᠢᠶᠠᠨ ᠵᠠᠯ᠎ᠠ ᠡᠴᠠ ᠳᠤᠰᠤ ᠲᠡᠶ ᠭᠡᠪᠢᠯᠭᠡᠨ ᠳᠤ
ᠳᠤᠳᠠᠭᠤ ᠣᠷᠭᠢᠠᠠᠰᠠᠨ ᠰᠢᠯᠦᠭ᠌ ᠮᠢᠨᠢ ᠨᠥᠭᠦᠭ᠍ᠳᠡᠨᠡ
ᠭᠦᠷᠦᠰᠦᠯᠡᠵᠤ ᠦᠷᠡᠯᠡᠭ᠍ᠰᠡᠨ ᠳᠠᠷᠢᠶᠠᠨ ᠵᠠᠬ᠎ᠠ ᠳ᠋ᠤ
ᠬᠤᠷᠢᠶᠠᠯᠳᠠ ᠣᠪᠣᠭᠠᠯᠠᠵᠤ ᠭᠦᠮᠦᠰ ᠶᠠᠭᠠᠷᠠᠯᠳᠤᠨ
ᠬᠤᠷᠠᠠᠠᠰᠢᠬᠤ ᠠᠮᠢᠳᠤᠷᠠᠯ ᠤᠨ ᠰᠠᠢ᠌ᠨ ᠢ ᠵᠦᠩᠨᠠᠵᠤ
ᠬᠤᠨᠤᠭ ᠮᠠᠷᠭᠠᠰᠢ ᠶᠢᠨ ᠰᠠᠢ᠌ᠬᠠᠨ ᠢ ᠬᠤᠷᠣᠢ᠌ᠯᠠᠨ᠎ᠠ
ᠨᠠᠷᠠᠯᠠᠭ ᠬᠤᠷᠸ᠎ᠠ ᠶᠢ ᠪᠣᠭᠤᠷᠤᠯᠳᠠᠭᠤᠯᠤᠭᠰᠠᠨ
ᠨᠠᠮᠤᠷ ᠤᠨ ᠰᠢᠷᠭᠠᠯ ᠨᠠᠪᠴᠢᠷᠭᠠ ᠶᠢ ᠭᠠᠢ᠌ᠬᠠᠭᠠᠤᠨ
ᠨᠠᠰᠤᠨ ᠭᠢᠷᠠᠭᠤ ᠥᠡᠳᠦᠷᠯᠡᠭ᠍ᠰᠡᠨ ᠶᠢᠡᠨ ᠰᠠᠨᠠᠨ
ᠨᠢᠳᠤᠨ ᠴᠡᠴᠡᠭᠡᠢ ᠪᠣᠳᠤᠯ ᠶᠢᠡᠷ ᠪᠦᠳᠡᠭᠢᠷᠡᠨ᠎ᠡ
ᠨᠠᠷᠠᠨ ᠵᠠᠯᠠᠭᠤ ᠨᠠᠰᠤ ᠮᠢᠨᠢ ᠢᠳᠡᠷᠵᠢᠭᠦ ᠰᠢᠭ᠌
ᠵᠤᠨ ᠤ ᠰᠠᠢ᠌ᠬᠠᠨ ᠨᠠᠷᠠ ᠨᠠᠮᠤᠷᠵᠢᠬᠤ ᠵᠥᠭ᠌
ᠨᠠᠮᠤᠷᠵᠢᠶ᠎ᠠ ᠨᠢ ᠡᠪᠦᠯᠵᠢᠶ᠎ᠡ ᠶᠢᠨ ᠳᠠᠰᠢ ᠨᠡᠭᠦᠵᠤ
ᠵᠠᠮ ᠨᠢ ᠵᠠᠮ ᠶᠢᠡᠨ ᠨᠡᠭᠡᠭᠡᠵᠤ ᠵᠤᠷᠠᠢ᠌ᠨᠠ ᠁
ᠵᠤᠬᠢᠶᠠᠭᠴᠢ ᠶᠢᠨ ᠬᠠᠶᠢᠭ ᠄ ᠦᠪᠣᠷ ᠮᠤᠩᠭ᠋ᠤᠯ ᠣᠷᠳᠤᠰ
ᠵᠤᠬᠢᠶᠠᠭᠴᠢ᠄ ᠊ᠭ᠍ᠧ᠊·ᠮᠥᠩᠭᠡ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2637
ᠴᠠᠭ᠄ 2011 ᠤᠨ ᠤ 01 ᠰᠠᠷ᠎ᠠ ᠶᠢᠨ 11
ᠨᠠᠢ᠌ᠷᠠᠭᠤᠯᠤᠭᠴᠢ᠄ ᠪᠦᠬᠡᠡᠷᠳᠡᠨᠢ