ᠨᠡᠪᠲᠡᠷᠡᠨ ᠤᠷᠤᠬᠤ
ᠴᠢᠮ᠎ᠠ ᠳᠠᠭᠠᠨ ᠣᠳᠠᠰᠤᠳᠠᠶ᠎ᠠ

ᠬᠤᠨᠢᠨ ᠪᠣᠷᠤ ᠳᠤᠪᠣ ᠳᠡᠭᠡᠷ᠎ᠡ ᠡᠴᠡ ᠴᠢᠮ᠎ᠠ ᠳᠠᠭᠠᠨ ᠣᠳᠠᠰᠤᠳᠠᠶ᠎ᠠ

ᠬᠤᠩᠭ᠋ᠤᠷ ᠵᠢᠷᠦᠭᠡᠨ ᠤ ᠳᠤᠯᠳᠤᠨ ᠳ᠋ᠠᠭᠢ ᠳᠤᠷᠠᠰᠤᠯ ᠶᠢᠡᠨ ᠰᠡᠷᠭᠦᠭᠡᠶ᠎ᠡ

ᠬᠠᠢ᠌ᠯᠤᠮ᠎ᠠ ᠣᠶᠠᠰᠤᠮ᠎ᠠ ᠳᠡᠷᠭᠡᠯ ᠨᠢᠳᠤᠨ ᠠᠮᠠᠷᠠᠭ ᠦᠬᠢᠨ ᠴᠢᠮ᠎ᠠ ᠵᠢ

ᠬᠠᠢ᠌ᠷᠠᠯᠠᠵᠤ ᠶᠠᠪᠣᠭ᠎ᠠ ᠵᠠᠯᠠᠭᠤ ᠪᠣᠢ ᠭᠡᠵᠤ ᠴᠢᠮ᠎ᠠ ᠳᠠᠭᠠᠨ ᠮᠡᠳᠡᠭ᠍ᠳᠡᠶ᠎ᠡ


ᠠᠳᠤᠭᠤᠨ ᠦᠨᠳᠦᠷ ᠰᠢᠯᠢ ᠳᠡᠭᠡᠷ᠎ᠡ ᠡᠴᠡ ᠴᠢᠮ᠎ᠠ ᠳᠠᠭᠠᠨ ᠣᠳᠠᠰᠤᠳᠠᠶ᠎ᠠ

ᠠᠯᠠᠭ ᠵᠢᠷᠦᠭᠡᠨ ᠳᠤ ᠬᠤᠷᠢᠭᠳᠠᠯ ᠲᠡᠶ ᠳᠤᠷᠠᠯᠠᠯ ᠶᠢᠡᠨ ᠴᠢᠯᠦᠭᠡᠯᠡᠶ᠎ᠡ

ᠥᠶᠡᠷᠭᠡᠵᠤ ᠶᠠᠪᠣᠭᠰᠠᠨ ᠰᠢᠵᠢᠷᠭᠡᠨ ᠮᠦᠴᠡ ᠪᠠᠨ ᠨᠠᠠᠳᠢᠩᠨᠠᠵᠤ ᠪᠣᠢ ᠰᠢᠤ ᠭᠡᠮᠡᠨ

ᠠᠯᠢᠶᠠᠷᠬᠠᠵᠤ ᠶᠠᠪᠣᠭᠰᠠᠨ ᠵᠢᠭᠠᠬᠠᠨ ᠴᠢᠮ᠎ᠠ ᠳᠠᠭᠠᠨ ᠰᠡᠳᠭᠢᠯ ᠶᠢᠡᠨ ᠳᠠᠮᠵᠢᠭᠤᠯᠤᠶ᠎ᠠ


ᠦᠳᠡᠰᠢ ᠶᠢᠨ ᠰᠠᠷᠠᠨ ᠤ ᠴᠡᠯᠮᠡᠭᠦᠨ ᠭᠡᠷᠡᠯ ᠶᠢᠡᠷ ᠴᠢᠮ᠎ᠠ ᠳᠠᠭᠠᠨ ᠣᠳᠠᠰᠤᠳᠠᠶ᠎ᠠ

ᠣᠶᠠᠬᠠᠨ ᠬᠤᠩᠭ᠋ᠤᠷ ᠳᠠᠭᠤ ᠶᠢ ᠴᠢᠨᠢ ᠴᠢᠩᠨᠠᠵᠤ ᠰᠠᠨᠠᠭ᠎ᠠ ᠪᠠᠨ ᠪᠠᠶᠠᠰᠬᠠᠶ᠎ᠠ

ᠭᠦᠮᠤᠨ ᠤ ᠣᠷᠴᠢᠯᠠᠩ ᠳᠤ ᠳᠤᠷᠠᠰᠤᠯ ᠭᠡᠳᠡᠭ᠌ ᠭᠠᠰᠢᠭᠤᠨ ᠶᠠᠭᠤᠮ᠎ᠠ ᠪᠠᠢ᠌ᠳᠠᠭ ᠢ

ᠭᠦᠯᠴᠦᠭᠦᠤ ᠶᠠᠪᠣᠭᠰᠠᠨ ᠡᠷ᠎ᠡ ᠭᠦᠮᠤᠨ ᠪᠢ ᠣᠬᠠᠭᠠᠷᠠᠵᠤ ᠪᠠᠢ᠌ᠭ᠎ᠠ ᠪᠠᠨ ᠰᠡᠷᠡᠭ᠍ᠳᠡᠶ᠎ᠡ

ᠴᠢᠮ᠎ᠠ ᠳᠠᠭᠠᠨ ᠣᠳᠠᠰᠤᠳᠠᠶ᠎ᠠ

ᠴᠢᠩ ᠥᠨᠡᠡᠴᠢᠭᠡᠨ ᠰᠡᠳᠭᠢᠯ ᠶᠢᠡᠨ ᠳᠠᠮᠵᠢᠭᠤᠯᠤᠶ᠎ᠠ

ᠴᠢᠮ᠎ᠠ ᠳᠠᠭᠠᠨ ᠣᠳᠠᠰᠤᠳᠠᠶ᠎ᠠ

ᠴᠠᠪᠠᠷ ᠠᠷᠢᠭᠤᠨ ᠬᠠᠢ᠌ᠷ᠎ᠠ ᠪᠠᠨ ᠢᠯᠡᠭᠡᠶ᠎ᠡ᠃


ᠵᠤᠬᠢᠶᠠᠭᠴᠢ ᠶᠢᠨ ᠬᠠ‍‌ᠶ‍ᠢᠭ ᠄ ᠣᠯᠭᠠᠠᠬᠠᠳᠠ ᠬᠤᠳᠠ ᠶᠢᠨ ᠯᠢᠠᠲᠦᠩ ᠪᠠᠯᠭᠠᠰᠤ

ᠵᠤᠬᠢᠶᠠᠭᠴᠢ᠄ ᠪᠠᠳᠤᠰᠠᠴᠠᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2627
ᠴᠠᠭ᠄ 2010 ᠤᠨ ᠤ 10 ᠰᠠᠷ᠎ᠠ ᠶᠢᠨ 11
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ