☆ ᠮᠢ᠊·ᠭᠡᠷᠡᠯ
ᠳᠤᠯᠠᠭᠠᠨ ᠪᠠᠭᠤᠴᠠ
ᠬᠠᠨᠢ ᠶᠢᠨ ᠪᠠᠷᠢᠯᠳᠤᠯ ᠶᠢᠡᠷ ᠪᠠᠷᠠᠭᠠᠳᠠᠨ ᠳᠦᠰᠢᠯᠴᠡᠭ᠍ᠰᠡᠨ
ᠬᠠᠩᠭ᠋ᠠᠢ ᠭᠤᠪᠢ ᠰᠢᠯᠢ ᠳᠤᠯᠤᠭᠠᠤᠨ ᠮᠢᠨᠢ
ᠬᠠᠢ᠌ᠷ᠎ᠠ ᠶᠢᠨ ᠵᠢᠷᠤᠮ ᠶᠢᠡᠷ ᠨᠠᠭᠠᠳᠴᠤ ᠥᠰᠦᠭ᠍ᠰᠡᠨ
ᠬᠠᠩᠬᠠᠯ ᠳᠠᠩᠭᠢᠯ ᠨᠠᠢ᠌ᠵᠠ ᠨᠥᠭᠦᠤᠨ ᠮᠢᠨᠢ
ᠰᠦᠷ ᠶᠢᠡᠨ ᠭᠠᠢ᠌ᠬᠠᠭᠤᠯᠤᠶᠠ ᠭᠡᠵᠤ ᠪᠣᠰᠤᠭ᠎ᠠ ᠪᠠᠢ᠌ᠳᠠᠭ
ᠰᠦᠷᠯᠢᠭ᠌ ᠦᠨᠳᠦᠷ ᠠᠭᠤᠯᠠ ᠬᠠᠢ᠌ᠷᠬᠠᠤᠨ ᠮᠢᠨᠢ
ᠰᠥᠵᠢᠭ᠌ ᠶᠢᠡᠨ ᠮᠡᠳᠡᠭᠦᠯᠦᠶ᠎ᠡ ᠭᠡᠵᠤ ᠳᠦᠪᠯᠡᠭᠦᠨ ᠪᠠᠢ᠌ᠳᠠᠭ
ᠰᠦᠷᠡᠭᠡᠢ ᠣᠮᠤᠭᠯᠠᠩ ᠪᠣᠭᠤᠷᠤᠯ ᠳᠤᠮᠤᠭᠠᠳᠠᠤᠨ ᠮᠢᠨᠢ
ᠳᠤᠩᠭ᠋ᠠᠯᠠᠭ ᠶᠢᠡᠨ ᠳᠤᠯᠢᠳᠠᠭᠤᠯᠤᠶᠠ ᠭᠡᠮᠡᠨ ᠢᠵᠢᠯᠢᠰᠢᠭ᠍ᠰᠡᠨ
ᠳᠤᠨᠤᠮᠠᠯ ᠨᠠᠭᠤᠷ ᠪᠣᠯᠠᠭ ᠤᠳ ᠮᠢᠨᠢ
ᠳᠤᠭᠯᠠᠭᠠᠮ ᠶᠢᠡᠨ ᠬᠤᠪᠢᠶᠠᠯᠴᠠᠶ᠎ᠠ ᠭᠡᠮᠡᠨ ᠥᠶᠡᠷᠭᠡᠭ᠍ᠰᠡᠨ
ᠳᠤᠷᠨᠢᠭᠤᠨ ᠥᠰᠭᠦ ᠬᠡᠦᠬᠡᠳ ᠳᠡᠭᠦᠦᠨᠡᠷ ᠮᠢᠨᠢ
ᠣᠨ ᠣᠨ ᠤ ᠣᠯᠠᠷᠢᠯᠳᠠ ᠳ᠋ᠤ
ᠣᠠᠴᠠᠯᠢᠭ ᠵᠢᠠᠨ ᠬᠠᠳᠠᠭᠠᠯᠠᠭᠰᠠᠨ ᠨᠤᠳᠤᠭ ᠮᠢᠨᠢ
ᠣᠷᠤᠨ ᠵᠠᠢ ᠶᠢᠨ ᠶᠢᠠᠨ ᠴᠢᠯᠦᠭᠡᠵᠢᠯᠡᠯ ᠳ᠋ᠤ
ᠣᠷᠤᠭ᠎ᠠ ᠪᠣᠰᠬᠠᠭ᠎ᠠ ᠪᠣᠯ ᠳᠠᠮᠠᠭᠠᠯᠠᠭᠰᠠᠨ ᠳᠡᠦᠭᠡ ᠮᠢᠨᠢ
ᠡᠩ ᠦᠭᠡᠶ ᠬᠠᠢ᠌ᠷ᠎ᠠ ᠶᠢᠨ ᠰᠢᠪᠠᠨᠡᠭᠡ ᠰᠢᠩᠭᠡᠭ᠍ᠰᠡᠨ
ᠡᠩᠭᠡ ᠳᠠᠢ᠌ᠪᠣᠩ ᠳᠤᠯᠠᠭᠠᠨ ᠪᠠᠭᠤᠴᠠ ᠮᠢᠨᠢ
ᠠᠵᠠ ᠵᠢᠷᠭᠠᠯ ᠤᠨ ᠣᠷᠢᠶ᠎ᠠ ᠴᠤᠤᠷᠢᠶᠠᠳᠠᠭᠤᠯᠤᠭᠰᠠᠨ
ᠠᠰᠢᠳᠠ ᠶᠢᠨ ᠣᠳᠤᠨ ᠮᠤᠩᠭ᠋ᠤᠯ ᠲᠦᠮᠡᠨ ᠮᠢᠨᠢ
ᠵᠤᠬᠢᠶᠠᠭᠴᠢ ᠶᠢᠨ ᠬᠠᠶᠢᠭ ᠄ ᠪᠠᠷᠠᠭᠤᠨ ᠰᠦᠨᠢᠳ ᠬᠤᠰᠢᠭᠤ
ᠵᠤᠬᠢᠶᠠᠭᠴᠢ᠄ ᠮᠢ᠊·ᠭᠡᠷᠡᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2636
ᠴᠠᠭ᠄ 2010 ᠤᠨ ᠤ 11 ᠰᠠᠷ᠎ᠠ ᠶᠢᠨ 26
ᠨᠠᠢ᠌ᠷᠠᠭᠤᠯᠤᠭᠴᠢ᠄ ᠪᠦᠬᠡᠡᠷᠳᠡᠨᠢ