ᠨᠡᠪᠲᠡᠷᠡᠨ ᠤᠷᠤᠬᠤ
ᠮᠤᠩᠭ᠋ᠤᠯ ᠤᠨ ᠰᠢᠯᠦᠭ᠌ ᠡᠴᠡ ᠰᠤᠨᠢᠷᠬᠠᠶ᠎ᠠ

ᠬᠠᠷᠠᠬᠤᠷᠤᠮ ᠤᠨ ᠦᠳᠡᠰᠢ


ᠪᠠᠶᠡᠷᠭᠦᠤ ᠶᠢᠨ ᠢᠳᠰᠢᠠᠬᠤᠷᠯᠤ


ᠡ᠊ᠨᠳᠡᠭᠢ ᠶᠢᠨ ᠪᠣᠷᠬᠠᠤᠨ ᠨᠢᠳᠤ ᠪᠠᠨ ᠦᠯᠦ ᠴᠠᠪᠴᠢᠨ᠎ᠠ

ᠡᠷᠳᠡᠨ ᠤ ᠬᠤᠳᠠ ᠵᠡᠭᠦᠳᠤ ᠪᠠᠨ ᠮᠠᠨᠠᠨ᠎ᠠ

ᠭᠦᠰᠢᠯᠳᠦᠭᠦ ᠣᠨᠢᠶᠠᠷ᠂ ᠴᠠᠭ ᠤᠨ ᠪᠣᠳᠠᠩ ᠢ ᠨᠠᠪᠳᠠᠯᠤᠨ

ᠭᠦᠭᠡ ᠮᠤᠩᠭ᠋ᠤᠯ ᠤᠨ ᠡᠷ᠎ᠡ ᠵᠤᠷᠢᠭ ᠢ ᠵᠡᠭᠦᠳᠦᠯᠡᠨ᠎ᠡ

ᠨᠤᠷᠠᠭᠰᠠᠨ ᠬᠤᠳᠠ ᠶᠢᠨ ᠪᠠᠭᠤᠷᠢᠨ ᠳᠡᠭᠡᠷ᠎ᠡ ᠪᠣᠳᠤᠯ ᠡᠵᠡᠨ ᠦᠭᠡᠶ

ᠨᠠᠭᠤᠷ ᠶᠢᠡᠨ ᠣᠷᠭᠢᠭᠰᠠᠨ ᠰᠢᠪᠠᠭᠤ ᠰᠢᠭ ᠰᠠᠤᠠᠭᠢᠯ ᠭᠤᠨᠢᠭᠳᠠᠢ

ᠡᠪᠦᠳᠦᠭ᠌ ᠶᠢᠡᠨ ᠳᠠᠪᠠᠷᠢᠨ ᠰᠠᠭᠤᠭ᠎ᠠ ᠨᠠᠳᠠ ᠡᠴᠡ ᠪᠣᠰᠤᠳ ᠨᠢ

ᠦᠨᠢ ᠶᠢᠨ ᠭᠦᠰᠡᠯ ᠳᠡᠭᠡᠨ ᠬᠠᠯᠠᠮᠰᠢᠭᠤᠬᠠᠨ

ᠬᠤᠢ ᠡᠴᠡ ᠪᠠᠨ ᠰᠤᠭᠤᠷᠠᠭᠰᠠᠨ ᠢᠯᠳᠤ ᠰᠢᠭ᠌ ᠳᠤᠭᠰᠠᠨ ᠰᠠᠯᠭᠢ

ᠬᠠᠭᠤᠴᠢᠨ ᠬᠤᠳᠠ ᠶᠢᠨ ᠪᠣᠱᠤᠭᠠᠨ ᠳᠡᠭᠡᠷ᠎ᠡ ᠰᠤᠯᠳᠠᠢ᠌ᠨ᠎ᠠ

ᠰᠦᠮ᠎ᠡ ᠶᠢᠨ ᠠᠯᠳᠠᠨ ᠭᠠᠠᠵᠢᠷ᠎ᠠ ᠲᠤ ᠰᠠᠠᠰᠠᠷ ᠤᠨ ᠳᠤᠭᠤᠰᠤ ᠣᠨᠠᠨ᠎ᠠ

ᠰᠥᠢᠦᠡᠭᠡᠭ᠍ᠴᠢ ᠮᠤᠩᠭ᠋ᠤᠯ ᠤᠨ ᠳᠡᠨᠡᠭ᠌ ᠵᠤᠷᠢᠭ ᠢ ᠪᠣᠷᠬᠠᠤᠨ ᠵᠡᠭᠦᠳᠦᠯᠡᠨ᠎ᠡ

ᠭᠡᠭᠡᠷ᠎ᠡ ᠶᠢᠨ ᠪᠣᠵᠤᠮᠤᠷ᠂ ᠠᠭᠤᠯᠠ ᠶᠢᠨ ᠪᠦᠷᠭᠦᠤᠨ ᠲᠡᠶ

ᠰᠠᠯᠭᠢ ᠬᠤᠪᠢᠶᠠᠯᠴᠠᠳᠠᠭ ᠣᠷᠴᠢᠯᠠᠩ ᠳᠤ

ᠭᠡᠨ ᠤ ᠣᠳᠤᠮ ᠡ᠊ᠨᠳᠡ ᠪᠣᠷᠤ ᠬᠤᠨᠤᠭ ᠲᠤ ᠪᠠᠨ ᠵᠢᠷᠭᠠᠨ᠎ᠠ ᠪᠣᠢ

ᠪᠠᠯᠭᠠᠤᠨ ᠤᠨ ᠰᠠᠯᠭᠢᠨ ᠨᠣᠢ᠌ᠷᠰᠤ ᠳ᠋ᠠ᠂ ᠨᠣᠢ᠌ᠷᠰᠤ

ᠪᠠᠯᠠᠷᠬᠠᠢ ᠵᠡᠭᠦᠳᠤ ᠶᠢ ᠴᠢᠨᠢ ᠮᠠᠨᠠᠨ ᠪᠢ ᠨᠣᠢ᠌ᠷ ᠦᠭᠡᠶ ᠬᠤᠨᠤᠶ᠎ᠠ᠃


ᠡᠵᠢ


ᠪᠢᠮᠪᠠᠵᠠᠪ ᠤᠨ ᠡᠩᠭᠡᠳᠦᠶᠠᠭ᠎ᠠ


ᠣᠷᠣᠢ᠌ᠳᠠᠵᠤ ᠢᠷᠡᠭᠦ ᠳᠤ ᠡᠵᠢ ᠮᠢᠨᠢ

ᠭᠠᠳᠠᠭ᠎ᠠ ᠵᠤᠭᠰᠤᠵᠤ ᠪᠠᠢ᠌ᠳᠠᠭ ᠰᠠᠨ

ᠣᠳᠤ ᠪᠣᠯᠳᠠᠯ᠎ᠠ ᠳᠠᠷᠬᠠᠭᠠᠳᠠᠭ ᠦᠭᠡᠶ ᠶᠠᠭᠠᠭᠢᠭᠰᠠᠨ

ᠰᠤᠷᠭᠠᠭᠤᠯᠢ ᠪᠣᠢ ᠭᠡᠵᠤ ᠥᠭᠦᠯᠡᠳᠡᠭ᠌ ᠰᠠᠨ

ᠴᠠᠪ ᠭᠦᠷᠦᠭ᠍ᠰᠡᠨ ᠣᠷᠤᠭᠤᠯ ᠶᠢᠡᠷ ᠬᠠᠴᠠᠷ

ᠳᠡᠭᠡᠷ᠎ᠡ ᠮᠢᠨᠢ ᠥᠨᠦᠰᠦᠳᠡᠭ᠌ ᠰᠠᠨ

ᠰᠠᠤᠠᠭᠢᠯ ᠵᠤᠪᠠᠭᠠᠤᠨ ᠭᠡᠷ ᠲᠡᠭᠡᠨ ᠰᠠᠭᠤᠵᠤ

ᠴᠢᠳᠠᠭᠰᠠᠨ ᠦᠭᠡᠶ ᠭᠡᠳᠡᠭ᠌ ᠰᠠᠨ

ᠡᠵᠢ ᠪᠠᠰᠠ ᠬᠤᠳᠠᠯᠴᠢ ᠰᠢᠤ ᠭᠡᠵᠤ

ᠳᠤᠳᠤᠷ᠎ᠠ ᠪᠠᠨ ᠪᠢ ᠪᠣᠳᠤᠳᠠᠭ ᠰᠠᠨ

ᠢᠯᠡᠭᠦᠤ ᠵᠠᠩ ᠭᠠᠷᠭᠠᠭᠠᠤᠨ ᠭᠡᠵᠤ ᠭᠠᠳᠠᠨ᠎ᠠ

ᠵᠤᠭᠰᠤᠬᠤ ᠶᠢ ᠨᠢ ᠵᠢᠮᠡᠯᠡᠳᠡᠭ᠌ ᠰᠠᠨ

ᠬᠠᠯᠠᠭᠠᠭᠰᠠᠭᠠᠷ ᠪᠠᠢ᠌ᠭᠠᠤᠨ ᠪᠣᠭᠰᠢᠴᠢᠬᠠᠭᠰᠠᠨ

ᠬᠠᠯᠠᠭᠤᠨ ᠬᠤᠭᠤᠯᠠ ᠶᠢ᠌ ᠨᠢ ᠭᠤᠯᠤᠳᠠᠭ ᠰᠠᠨ

ᠡᠳᠦᠷᠵᠢᠨ ᠰᠠᠭᠤᠭᠠᠤᠨ ᠶᠠᠳᠠᠷᠠᠯ᠎ᠠ ᠭᠡᠵᠤ

ᠭᠦᠮᠦᠰᠭᠡ ᠵᠠᠩᠭᠢᠳᠤᠨ ᠳᠤᠨᠢᠷᠬᠠᠳᠠᠭ ᠰᠠᠨ

ᠠᠩᠬᠠᠨ ᠤ ᠪᠣᠯᠵᠤᠭ᠎ᠠ ᠶᠢ ᠬᠠᠯᠠᠭᠰᠠᠨ

ᠬᠠᠢ᠌ᠷ᠎ᠠ ᠶᠢᠨ ᠭᠦᠯᠢᠶᠡᠯᠳᠡ ᠢᠷᠡᠭᠦ ᠳᠤ

ᠠᠵᠢᠯ ᠳᠠᠷᠬᠠᠬᠤ ᠴᠠᠭ ᠢ

ᠳᠠᠰᠴᠤ ᠶᠠᠳᠠᠨ ᠳᠤᠭᠠᠯᠠᠳᠠᠭ ᠪᠣᠯᠤᠯ᠎ᠠ

ᠭᠦᠤ ᠪᠠᠨ ᠳᠡᠪᠠᠷᠢᠭᠡᠤᠨ ᠪᠠᠢ᠌ᠰᠢᠩ ᠤᠨ

ᠭᠠᠳᠠᠨ᠎ᠠ ᠰᠠᠭᠤᠳᠠᠭ ᠪᠠᠢ᠌ᠯ᠎ᠠ

ᠭᠦᠭᠡᠷᠦᠭᠦᠢ ᠡᠵᠢ ᠶᠢᠨ ᠶᠢᠡᠨ ᠦᠨᠡᠨ ᠢ

ᠣᠳᠤ ᠯᠠ ᠪᠢ ᠣᠬᠠᠭᠠᠷᠠᠳᠠᠭ ᠪᠣᠯᠤᠯ᠎ᠠ᠃


ᠲ᠋ᠤᠭᠤᠯᠪᠠ ᠦᠦ᠂ ᠬᠤᠩᠭ᠋ᠤᠷ ᠮᠢᠨᠢ ᠭᠦᠷᠦᠭᠡᠤᠨ ᠢᠷ᠎ᠠ


ᡀᠬᠠᠴᠢᠩᠵᠠᠪ ᠤᠨ ᠰᠡᠯᠡᠩᠭᠡᠮᠥ᠋ᠷᠡᠨ


ᠬᠤᠷᠸ᠎ᠠ ᠡᠷᠭᠢᠵᠤ ᠴᠠᠭ ᠣᠷᠤᠰᠴᠤ ᠯᠠ ᠪᠠᠢ᠌ᠭ︕

ᠬᠤᠩᠭ᠋ᠤᠷ ᠮᠢᠨᠢ ᠡ ᠬᠤᠶᠠᠭᠤᠯᠠᠬᠠᠨ ᠠᠭᠤᠯᠵᠠᠶ᠎ᠠ︕

ᠱᠠᠩᠬᠤ ᠪᠠᠷ ᠪᠣᠳᠠᠷᠠᠬᠤ ᠴᠠᠰᠤᠨ ᠳᠠᠷᠤᠵᠤ ᠠᠮᠵᠢᠬᠤ ᠡᠴᠡ ᠡᠮᠦᠨ᠎ᠡ

ᠱᠠᠯᠠᠪᠬᠠᠨ ᠠᠭᠤᠯᠵᠠᠶ᠎ᠠ ᠬᠤᠶᠠᠭᠤᠯᠠ ᠪᠠᠨ᠂ ᠭᠦᠷᠦᠭᠡᠤᠨ ᠢᠷ᠎ᠠ

ᠵᠠᠭᠤ ᠵᠠᠭᠤᠨ ᠵᠢᠯ ᠭᠠᠵᠠᠷ ᠳᠡᠯᠡᠭᠡᠢ ᠮᠠᠷᠳᠠᠮ᠎ᠠ ᠦᠭᠡᠶ

ᠵᠠᠭᠤᠷᠠᠳᠤ ᠶᠢᠨ ᠨᠢᠭᠡᠨ ᠠᠮᠠᠷᠠᠭ ᠮᠢᠨᠢ ᠡ︕

ᠴᠢᠨᠦᠭ᠍ᠰᠡᠨ ᠣᠷᠤᠭᠤᠯ ᠶᠢᠡᠨ ᠴᠡᠮᠴᠡᠭᠡᠨᠡᠭᠦᠯᠵᠤ

ᠴᠢᠨᠤ ᠠᠮᠠᠨ ᠡᠴᠡ ᠳᠠᠷᠠᠰᠤ ᠪᠠᠯᠭᠤᠶ᠎ᠠ︕

ᠴᠢᠯᠡᠭ᠍ᠰᠡᠨ ᠵᠢᠷᠦᠭᠡ ᠪᠠᠨ ᠠᠷᠭᠠᠳᠠᠨ ᠪᠠᠢ᠌ᠵᠤ

ᠴᠡᠴᠡᠷᠡᠭ᠍ᠰᠡᠨ ᠭᠠᠷ ᠶᠢᠡᠷ ᠶᠢᠡᠨ ᠪᠦᠰᠡ ᠶᠢ ᠴᠢᠨᠢ ᠳᠠᠢ᠌ᠯᠤᠶ᠎ᠠ

ᠳᠤᠭᠤᠯᠵᠤ ᠥᠳᠡᠭ᠍ᠰᠡᠨ ᠨᠠᠰᠤ ᠪᠠᠨ ᠳᠤᠷᠠᠰᠬᠤ ᠦᠭᠡᠶ ᠭᠡᠵᠤ ᠠᠮᠠᠯᠠᠶ᠎ᠠ

ᠳᠠᠭᠤᠯᠠᠵᠤ ᠰᠠᠭᠤᠭᠰᠠᠨ ᠦᠳᠡᠰᠢ ᠪᠠᠨ ᠳᠠᠭᠤᠰᠬᠤ ᠦᠭᠡᠶ

ᠭᠡᠵᠤ ᠠᠠᠳᠠᠭᠠᠢ᠌ᠯᠠᠶ᠎ᠠ

ᠭᠠᠯᠪᠠ ᠶᠡᠭᠦᠯᠡᠵᠤ ᠭᠠᠰᠠᠯᠠᠩ ᠪᠣᠯᠪᠠᠯ ᠴᠤ ᠪᠣᠯᠤᠭ︕

ᠭᠠᠭᠴᠠᠬᠠᠨ ᠣᠯᠠᠷᠢᠬᠤ ᠨᠠᠰᠤᠨ ᠳᠤ ᠬᠤᠶᠠᠭᠤᠯᠠ ᠪᠠᠨ ᠯᠠ ᠠᠭᠤᠯᠵᠠᠶ᠎ᠠ


ᠠᠯᠠᠭ ᠳᠡᠯᠡᠭᠡᠢ ᠳᠤ ᠳᠦᠷᠦᠭ᠍ᠰᠡᠨ ᠮᠢᠨᠢ ᠣᠴᠢᠷᠳᠠᠢ


ᠪᠠ᠊·ᠶᠠᠪᠣᠬᠤᠯᠠᠩ


ᠠᠯᠳᠠᠨ ᠳᠡᠯᠡᠭᠡᠢ ᠳᠤ ᠳᠦᠷᠦᠭ᠍ᠰᠡᠨ ᠮᠢᠨᠢ ᠣᠴᠢᠷᠳᠠᠢ᠄

ᠠᠪᠣ ᠶᠢᠨ ᠭᠡᠷ ᠤᠨ ᠠᠮᠤᠷ ᠳᠠᠢ᠌ᠪᠣᠩ ᠢ ᠡᠪᠳᠡᠭᠡᠤᠨ ᠪᠢ

ᠠᠴᠢᠳᠤ ᠡᠭᠡ ᠪᠠᠨ ᠠᠷᠪᠠᠨ ᠰᠠᠷ᠎ᠠ ᠵᠤᠪᠠᠭᠠᠭᠰᠠᠨ ᠤ ᠡᠴᠦᠰ ᠲᠤ

ᠠᠯᠠᠭ ᠦᠷ᠎ᠡ ᠨᠢ ᠪᠣᠯᠵᠤ ᠪᠠᠶᠠᠷᠯᠠᠭᠤᠯᠬᠤ ᠭᠡᠰᠡᠨ ᠶᠤᠮ ᠪᠢ

ᠠᠯᠳᠠᠨ ᠳᠡᠯᠡᠭᠡᠢ ᠳᠤ ᠳᠦᠷᠦᠭ᠍ᠰᠡᠨ ᠮᠢᠨᠢ ᠣᠴᠢᠷᠳᠠᠢ᠃


ᠭᠡᠷᠡᠯᠳᠤ ᠣᠷᠴᠢᠯᠠᠩ ᠳᠤ ᠳᠦᠷᠦᠭ᠍ᠰᠡᠨ ᠮᠢᠨᠢ ᠣᠴᠢᠷᠳᠠᠢ᠄

ᠭᠡᠮ ᠦᠭᠡᠶ ᠰᠢᠪᠠᠭᠤᠳ ᠤᠨ ᠡᠭᠦᠷ ᠢ ᠡᠪᠳᠡᠵᠤ ᠥᠡᠳᠡᠭᠡ ᠶᠢ ᠨᠢ ᠨᠢᠴᠠᠯᠤᠭᠠᠤᠨ

ᠭᠡᠷᠰᠡᠤ ᠰᠠᠭᠤᠵᠤ ᠣᠬᠠᠭᠠᠨ ᠣᠷᠤᠭᠰᠠᠨ ᠤ ᠪᠠᠨ ᠡᠴᠦᠰ ᠲᠤ

ᠭᠡᠨᠡᠨ ᠨᠠᠰᠤ ᠪᠠᠨ ᠦᠷᠦᠪᠳᠤᠵᠤ ᠵᠤᠪᠠᠵᠤ ᠶᠠᠪᠣᠬᠤ ᠭᠡᠰᠡᠨ ᠶᠤᠮ ᠪᠢ

ᠭᠡᠷᠡᠯᠳᠤ ᠣᠷᠴᠢᠯᠠᠩ ᠳᠤ ᠳᠦᠷᠦᠭ᠍ᠰᠡᠨ ᠮᠢᠨᠢ ᠣᠴᠢᠷᠳᠠᠢ᠃


ᠠᠯᠠᠭ ᠳᠡᠯᠡᠭᠡᠢ ᠳᠤ ᠳᠦᠷᠦᠭ᠍ᠰᠡᠨ ᠮᠢᠨᠢ ᠣᠴᠢᠷᠳᠠᠢ᠄

ᠠᠳᠤᠭᠤ ᠮᠠᠨᠠᠵᠤ ᠳᠠᠰᠤᠭᠰᠠᠨ ᠠᠳᠠᠷᠬᠠᠨ ᠳᠠᠯ᠎ᠠ ᠨᠤᠳᠤᠭ ᠲᠠᠭᠠᠨ

ᠠᠩᠬᠠᠨ ᠤ ᠳᠤᠷᠠᠯᠠᠯ ᠲᠡᠶ ᠣᠴᠠᠷᠠᠵᠤ ᠡᠮᠨᠢᠭ᠌ ᠰᠠᠤᠠᠭᠢᠯ ᠶᠢᠡᠨ ᠣᠶᠠᠷᠠᠭᠠᠭᠠᠤᠨ

ᠠᠵᠠ ᠳᠤᠳᠠᠵᠤ ᠠᠮᠢᠳᠤᠷᠠᠯ ᠤᠨ ᠳᠤᠷᠰᠢ ᠮᠥᠷᠦᠭᠡᠳᠭᠦ ᠭᠡᠰᠡᠨ ᠶᠤᠮ ᠪᠢ

ᠠᠯᠠᠭ ᠳᠡᠯᠡᠭᠡᠢ ᠳᠤ ᠳᠦᠷᠦᠭ᠍ᠰᠡᠨ ᠮᠢᠨᠢ ᠣᠴᠢᠷᠳᠠᠢ᠃


ᠳᠤᠭᠤᠰᠤᠳᠤ ᠬᠤᠷᠸ᠎ᠠ ᠳᠤ ᠳᠦᠷᠦᠭ᠍ᠰᠡᠨ ᠮᠢᠨᠢ ᠣᠴᠢᠷᠳᠠᠢ᠄

ᠳᠤᠬᠤᠢ ᠶᠢᠨ ᠴᠢᠨᠡᠭᠡ ᠦᠷ᠎ᠡ ᠶᠢᠨ ᠶᠢᠡᠨ ᠰᠦᠨᠢ ᠶᠢᠨ ᠣᠭᠢᠯᠠᠬᠤ ᠶᠢ ᠰᠤᠨᠤᠰᠴᠤ

ᠳᠦᠷᠦᠭ᠍ᠰᠡᠨ ᠡᠴᠢᠭᠡ ᠶᠢᠨ ᠳᠡᠭᠡᠨ ᠠᠪᠴᠢᠷᠠᠭᠰᠠᠨ ᠵᠤᠪᠠᠯᠠᠩ ᠪᠠᠶᠠᠷ ᠬᠤᠶᠠᠷ ᠢ

ᠳᠤᠭ᠎ᠠ ᠶᠤᠰᠤᠭᠠᠷ ᠨᠢ ᠦᠪᠡᠷ ᠶᠢᠡᠨ ᠠᠮᠰᠠᠵᠤ ᠮᠡᠳᠡᠭᠦ ᠭᠡᠰᠡᠨ ᠶᠤᠮ ᠪᠢ

ᠳᠤᠭᠤᠰᠤᠳᠤ ᠬᠤᠷᠸ᠎ᠠ ᠳᠤ ᠳᠦᠷᠦᠭ᠍ᠰᠡᠨ ᠮᠢᠨᠢ ᠣᠴᠢᠷᠳᠠᠢ᠃


ᠳᠤᠤᠯᠢᠮ᠎ᠠ ᠬᠤᠷᠸ᠎ᠠ ᠳᠤ ᠳᠦᠷᠦᠭ᠍ᠰᠡᠨ ᠮᠢᠨᠢ ᠣᠴᠢᠷᠳᠠᠢ᠄

ᠳᠠᠭᠤᠯᠠᠵᠤ ᠰᠠᠭᠤᠭᠠᠤᠨ ᠡᠵᠢ ᠶᠢᠨ ᠶᠢᠡᠨ ᠣᠭᠢᠯᠠᠬᠤ ᠶᠢ ᠥᠵᠡᠭᠦ ᠭᠡᠵᠤ

ᠳᠠᠭᠤᠤ ᠳᠤ ᠳᠠᠢ᠌ᠮᠤ ᠴᠢᠳᠠᠯ ᠰᠢᠩᠭᠡᠵᠤ ᠪᠠᠢ᠌ᠳᠠᠭ ᠢ ᠮᠡᠳᠡᠭᠡᠤᠨ

ᠳᠠᠭᠤᠤ ᠦᠪᠡᠷ ᠶᠢᠡᠨ ᠵᠤᠬᠢᠶᠠᠵᠤ ᠳᠠᠭᠤᠤ ᠲᠡᠶ ᠬᠠᠮᠳᠤ ᠠᠮᠢᠳᠤᠷᠠᠬᠤ ᠭᠡᠰᠡᠨ ᠶᠤᠮ ᠪᠢ

ᠳᠤᠤᠯᠢᠮ᠎ᠠ ᠬᠤᠷᠸ᠎ᠠ ᠳᠤ ᠳᠦᠷᠦᠭ᠍ᠰᠡᠨ ᠮᠢᠨᠢ ᠣᠴᠢᠷᠳᠠᠢ᠃


ᠭᠦᠷᠦᠰᠦᠳᠤ ᠳᠡᠯᠡᠭᠡᠢ ᠳᠤ ᠳᠦᠷᠦᠭ᠍ᠰᠡᠨ ᠮᠢᠨᠢ ᠣᠴᠢᠷᠳᠠᠢ᠄

ᠭᠦᠯᠦᠭ᠌ ᠤᠨ ᠵᠤ᠋ ᠪᠣᠯᠤᠭᠰᠠᠨ ᠳᠦᠷᠦᠭ᠍ᠰᠡᠨ ᠨᠤᠳᠤᠭ ᠲᠠᠭᠠᠨ ᠠᠮᠢᠳᠤᠷᠠᠬᠤ ᠭᠡᠵᠤ

ᠭᠦᠤ ᠶᠢᠨ ᠰᠠᠤᠠᠭᠢᠯ ᠶᠢᠡᠷ ᠡᠭᠡ ᠣᠷᠤᠨ ᠳᠠᠭᠠᠨ ᠬᠠᠢ᠌ᠷᠠᠳᠠᠢ ᠪᠠᠢ᠌ᠭᠰᠠᠨ ᠶᠤᠮ ᠭᠡᠵᠤ

ᠬᠣᠢ᠌ᠴᠢ ᠦᠶ᠎ᠡ ᠪᠠᠷ ᠶᠢᠡᠨ ᠠᠮᠠ ᠪᠠᠷᠳᠠᠮ ᠭᠡᠯᠡᠭᠦᠯᠭᠦ ᠭᠡᠰᠡᠨ ᠶᠤᠮ ᠪᠢ

ᠭᠦᠷᠦᠰᠦᠳᠤ ᠳᠡᠯᠡᠭᠡᠢ ᠳᠤ ᠳᠦᠷᠦᠭ᠍ᠰᠡᠨ ᠮᠢᠨᠢ ᠣᠴᠢᠷᠳᠠᠢ᠃


ᠮᠤᠩᠭ᠋ᠤᠯ ᠪᠦᠰᠡᠭᠦᠢ


ᠳ᠋·ᠫᠦᠷᠪᠦᠳᠦᠷᠵᠢ


ᠦᠯᠵᠡᠢ᠌ᠳᠤ ᠴᠠᠭᠠᠨ ᠳᠡᠭᠡᠪᠦᠷ ᠳᠡᠭᠡᠭᠦᠷ

ᠡᠷᠦᠭᠡᠨ ᠤ ᠣᠭᠤᠰᠤᠷ ᠳᠠᠶᠠᠯᠠᠨ ᠪᠠᠢ᠌ᠵᠤ

ᠥᠷᠯᠦᠭᠡ ᠪᠦᠷᠢ ᠶᠢᠨ ᠨᠠᠷᠠᠨ ᠤ ᠳᠤᠶᠠᠭ᠎ᠠ ᠪᠠᠷ

ᠡᠷᠦᠭᠡ ᠶᠢ ᠮᠢᠨᠢ ᠴᠢ ᠮᠢᠯᠢᠶᠠᠭᠰᠠᠨ ᠪᠢᠯᠠ᠃

ᠠᠪᠣ ᠡᠵᠢ ᠶᠢᠨ ᠶᠡᠭᠡ ᠭᠤᠯᠤᠮᠳᠠ ᠳᠤ

ᠠᠷᠢᠭᠤᠨ ᠭᠠᠯ ᠮᠥᠩᠭᠡᠯᠡᠨ ᠪᠠᠳᠠᠷᠠᠭᠠᠵᠤ

ᠠᠰᠢᠳᠠ ᠣᠷᠤᠰᠢᠬᠤ ᠮᠢᠨᠤ ᠨᠤᠳᠤᠭ ᠲᠤ

ᠠᠮᠢᠳᠤᠷᠠᠯ ᠢ ᠴᠢ ᠲᠡᠳᠬᠦᠭ᠍ᠰᠡᠨ ᠪᠢᠯᠠ

ᠰᠠᠨᠠᠭᠠᠨ ᠳᠤ ᠰᠠᠭᠤᠭᠰᠠᠨ ᠪᠣᠳᠠᠩ ᠰᠠᠷᠨᠢᠭᠠᠬᠤ

ᠰᠠᠢ᠌ᠬᠠᠨ ᠬᠠᠷᠠᠴᠠ ᠴᠢᠨᠤᠭᠢ ᠯᠠ ᠪᠢᠯᠠ

ᠰᠠᠷᠠᠨᠠᠢ ᠶᠢᠨ ᠳᠠᠯᠪᠢ ᠪᠠᠨ ᠵᠢᠷᠦᠭᠡᠨ ᠳᠤ ᠵᠠᠳᠠᠯᠬᠤ

ᠰᠠᠷᠠᠭᠤᠯᠬᠠᠨ ᠮᠦᠰᠢᠶᠠᠯ ᠴᠢᠨᠤᠭᠢ ᠯᠠ ᠪᠢᠯᠠ

ᠠᠭᠤᠯᠠᠨ ᠡᠴᠡ ᠴᠢ ᠦᠨᠳᠦᠷ ᠭᠢᠷᠢ ᠨᠢ ᠪᠠᠨ

ᠠᠭᠤᠯᠵᠠᠬᠤ ᠵᠠᠭᠤᠷ᠎ᠠ ᠬᠠᠢ᠌ᠩᠭ᠋ᠤᠬᠠᠨ ᠮᠥᠷᠳᠡᠭᠡᠨ

ᠣᠳᠠᠬᠤ ᠳᠤᠰᠤᠮ᠎ᠠ ᠬᠠᠢ᠌ᠷᠠᠳᠠᠢ ᠪᠢᠯᠠ

ᠡᠷ᠎ᠡ ᠭᠦᠮᠤᠨ ᠪᠢᠳᠠᠨ ᠢ ᠣᠷᠤᠰᠬᠠᠯ ᠭᠡᠪᠠᠯ

ᠡᠯᠢᠭᠡᠳᠡᠨ ᠳᠦᠰᠢᠭ᠍ᠰᠡᠨ ᠡᠷᠭᠢ ᠨᠢ ᠪᠢᠯᠠ

ᠡᠭ᠍ᠴᠡᠯᠡᠵᠤ ᠣᠷᠭᠤᠭᠰᠠᠨ ᠣᠢ ᠭᠡᠪᠠᠯ

ᠡᠷᠪᠠᠢ᠌ᠵᠤ ᠳᠤᠯᠤᠭᠰᠠᠨ ᠦᠨᠳᠦᠰᠦ ᠨᠢ ᠪᠢᠯᠠ

ᠠᠯᠢᠶ᠎ᠠ ᠭᠦᠭᠡᠷᠦᠭᠦᠨ ᠠᠭᠠᠰᠢ ᠴᠢᠨᠢ ᠭᠡᠪᠠᠯ

ᠠᠮᠠ ᠳᠦᠷᠪᠡᠯᠵᠢᠨ ᠪᠣᠷᠠᠮ ᠪᠢᠯᠠ

ᠠᠷᠪᠠᠨ ᠴᠠᠭᠠᠨ ᠬᠤᠷᠤᠭᠤ ᠴᠢᠨᠢ ᠪᠣᠯ

ᠠᠵᠢᠯ ᠣᠢ᠌ᠯᠠ ᠳᠤ ᠣᠷᠠᠨ ᠪᠢᠯᠠ

ᠬᠤᠷᠯᠤ ᠳᠤᠭᠤᠨᠤ ᠳᠡᠭ᠍ᠷᠢ ᠳᠤ ᠡᠷᠭᠦᠭ᠍ᠰᠡᠨ

ᠬᠤᠶᠠᠷ ᠪᠠᠭᠠᠨ᠎ᠠ ᠶᠢᠨ ᠨᠢᠭᠡᠨ ᠪᠢᠯᠠ

ᠬᠣᠢ᠌ᠮᠤᠷ ᠬᠠᠩᠭᠢᠨᠠᠬᠤ ᠮᠤᠷᠢᠨ ᠬᠤᠭᠤᠷ ᠤᠨ

ᠬᠤᠤᠰ ᠣᠳᠠᠰᠤᠨ ᠤ ᠨᠢᠭᠡᠨ ᠪᠢᠯᠠ

ᠬᠠᠳᠠ ᠬᠠᠢ᠌ᠯᠵᠤ ᠣᠰᠤ ᠨᠤᠴᠤᠳᠠᠯ᠎ᠠ

ᠬᠠᠨᠢ ᠪᠠᠨ ᠴᠢ ᠢᠳᠡᠭᠡᠳᠡᠭ᠌ ᠪᠢᠯᠠ

ᠬᠠᠷᠭᠤᠢ ᠡᠯᠡᠭ᠍ᠳᠡᠵᠤ ᠠᠭᠤᠯᠠ ᠬᠤᠳᠣᠢ᠌ᠳᠠᠯ᠎ᠠ

ᠬᠠᠢ᠌ᠷ᠎ᠠ ᠪᠠᠨ ᠬᠠᠳᠠᠭᠠᠯᠠᠨ ᠭᠦᠯᠢᠶᠡᠳᠡᠭ᠌ ᠪᠢᠯᠠ

ᠨᠠᠭᠤᠷ ᠰᠢᠭ ᠬᠠᠢ᠌ᠷ᠎ᠠ ᠪᠠᠨ ᠳᠡᠯᠭᠡᠵᠤ ᠪᠠᠢ᠌ᠭᠠᠤᠨ

ᠨᠤᠭᠤᠰᠤ ᠰᠢᠭ ᠬᠠᠨᠢᠯᠠᠨ ᠵᠢᠷᠭᠠᠵᠤ ᠰᠠᠭᠤᠬᠤ ᠳᠤ

ᠨᠤᠳᠤᠭ ᠤᠨ ᠴᠢᠮ᠎ᠠ ᠡᠴᠡ ᠰᠠᠢ᠌ᠬᠠᠨ ᠭᠡᠦᠭᠡᠨ

ᠨᠢᠭᠤᠴᠠ ᠪᠠᠨ ᠭᠡᠯᠡᠭᠦ ᠳᠤ ᠬᠤᠷᠸ᠎ᠠ ᠳᠤ ᠪᠠᠢ᠌ᠬᠤ ᠦᠭᠡᠶ ᠡ︕


ᠢᠨᠠᠭ


ᠳ·ᠨᠠᠴᠤᠭᠳᠤᠷᠵᠢ


ᠠᠭᠤᠯᠠ ᠣᠰᠤ ᠨᠢ ᠳᠡᠭ᠍ᠰᠢ ᠪᠣᠯ

ᠵᠢᠭᠦᠷᠳᠡᠨ ᠳᠤᠩᠭ᠋ᠤᠤᠠᠬᠤ ᠨᠢ ᠢᠷᠠᠭᠤ

ᠣᠭ ᠰᠠᠤᠠᠭᠢᠯ ᠨᠢᠭᠡ ᠪᠣᠯ

ᠥᠭᠡ ᠭᠡᠯᠡ ᠨᠠᠢ᠌ᠷᠠᠮᠳᠠᠭᠤ᠃

ᠰᠠᠤᠠᠭᠢᠯ ᠤᠨ ᠠᠮᠠᠷᠠᠭ ᠭᠡᠭ᠍ᠴᠢ ᠨᠢ

ᠰᠢᠵᠢᠷ ᠠᠯᠳᠠ ᠡᠴᠡ ᠦᠨ᠎ᠡ ᠲᠡᠶ ᠶᠤᠮ᠃

ᠰᠢᠯᠢᠵᠤ ᠳᠡᠭᠦᠨ ᠢ ᠠᠪᠬᠤ ᠨᠢ

ᠭᠢᠮᠳᠠ ᠦᠭᠡᠶ ᠭᠡᠷᠡᠭ᠌ ᠳ᠋ᠠ᠃

ᠦᠨᠡᠨ ᠰᠠᠤᠠᠭᠢᠯ ᠭᠡᠭ᠍ᠴᠢ

ᠡᠨᠡ ᠶ‍ᠢᠷᠳᠢᠠᠴᠤ ᠳᠤ ᠬᠤᠪᠣᠷ ᠶᠤᠮ᠃

ᠣᠴᠠᠷᠠᠵᠤ ᠳᠡᠭᠦᠨ ᠢ ᠣᠯᠬᠤ ᠨᠢ

ᠣᠷᠴᠢᠯᠠᠩ ᠳᠡᠭᠡᠷ᠎ᠡ ᠴᠤᠬᠠᠭ ᠶᠤᠮ᠃

ᠨᠡᠢ᠌ᠯᠡᠭ᠍ᠰᠡᠨ ᠬᠤᠶᠠᠷ ᠰᠠᠤᠠᠭᠢᠯ ᠨᠢ

ᠮᠢᠩᠭ᠋ᠠᠨ ᠯᠠᠩ ᠤᠨ ᠠᠯᠳᠠ ᠰᠢᠭ

ᠵᠠᠢ ᠦᠭᠡᠶ ᠬᠠᠳᠠᠭᠤ ᠨᠢᠭᠳᠠ ᠳᠤ ᠨᠢ

ᠵᠡᠭᠦᠤ ᠶᠢᠨ ᠥᠵᠦᠭᠦᠷ ᠣᠷᠤᠬᠤ ᠦᠭᠡᠶ᠃

ᠢᠨᠠᠭ ᠠᠮᠠᠷᠠᠭ ᠭᠡᠭ᠍ᠴᠢ ᠨᠢ

ᠡᠮᠵᠡᠭ᠌ ᠭᠡᠳᠡᠭ᠌ ᠨᠢ ᠶᠠᠭᠠᠭᠢᠬᠤ ᠠᠷᠭ᠎ᠠ ᠦᠭᠡᠶ᠃

ᠶᠠᠯᠢᠮ ᠦᠭᠡᠶ ᠪᠢᠴᠢᠬᠠᠨ ᠭᠦᠡᠳᠡᠪᠠᠯ

ᠡᠮᠳᠡᠷᠡᠵᠤ ᠡᠪᠳᠡᠷᠡᠭᠦ ᠨᠢ ᠭᠢᠯᠪᠠᠷᠬᠠᠨ᠃


ᠳᠠᠮᠢᠷ ᠤᠨ ᠭᠤᠤᠯ


ᠯ·ᠬᠤᠤᠱᠠᠩ


ᠡᠭᠦᠯᠡᠨ ᠳᠤ ᠳᠤᠯᠵᠤ ᠰᠥᠡᠳᠡᠷᠯᠡᠭ᠍ᠰᠡᠨ

ᠬᠠᠩᠭ᠋ᠠᠢ ᠶᠢᠨ ᠠᠭᠤᠯᠠᠰ ᠦᠨᠳᠦᠷ ᠡ︕

ᠥᠵᠡᠰᠭᠦᠯᠡᠩᠳᠤ ᠨᠤᠭᠤ ᠪᠠᠷ ᠵᠠᠮᠨᠠᠭᠰᠠᠨ

ᠳᠠᠮᠢᠷ ᠤᠨ ᠭᠤᠤᠯ ᠳᠤᠩᠭ᠋ᠠᠯᠠᠭ ᠡ︕

ᠦᠶ᠎ᠡ ᠶᠢᠨ ᠶᠢᠡᠨ ᠵᠠᠯᠠᠭᠤᠴᠤᠳ ᠢ ᠳᠤᠭᠳᠤᠯᠤᠭᠤᠯᠤᠭᠰᠠᠨ

ᠳᠤᠯᠮ᠎ᠠ ᠭᠡᠦᠭᠡᠨ ᠭᠦᠭᠡᠷᠦᠭᠡᠨ ᠡ︕

ᠥᠭᠦᠳᠡᠯ᠎ᠡ ᠳᠤᠷᠠᠯᠠᠭᠰᠠᠨ ᠶᠢᠡᠨ ᠭᠡᠯᠡᠭᠡ ᠦᠭᠡᠶ

ᠪᠢ ᠪᠠᠰᠠ ᠳᠤᠭᠠᠭᠦᠢ ᠶᠠ︕

ᠪᠣᠳᠠᠩ ᠢ ᠨᠠᠪᠳᠠ ᠭᠡᠢ᠌ᠭᠦᠯᠦᠭ᠍ᠰᠡᠨ

ᠥᠷᠯᠦᠭᠡᠨ ᠤ ᠨᠠᠷᠠ ᠬᠤᠷᠴᠠ ᠡ︕

ᠪᠣᠷᠭᠠᠰᠤ ᠰᠢᠭᠤᠢ ᠶᠢ ᠰᠥᠯᠵᠢᠭ᠍ᠰᠡᠨ

ᠳᠠᠮᠢᠷ ᠤᠨ ᠭᠤᠤᠯ ᠡᠷᠴᠢᠳᠡᠶ᠎ᠡ︕

ᠪᠣᠰᠢᠭᠤᠬᠠᠨ ᠳᠠᠨᠢᠯᠴᠠᠵᠤ ᠠᠮᠵᠢᠭ᠎ᠠ ᠦᠭᠡᠶ

ᠮᠤᠩᠭᠢᠨᠠᠭᠰᠠᠨ ᠪᠢ ᠭᠦᠭᠡᠷᠦᠭᠦᠶ᠎ᠡ︕

ᠪᠣᠳᠤᠯᠢᠵᠤ ᠶᠠᠪᠣᠬᠤ ᠳᠤ ᠥᠷᠢᠰᠦᠭ᠍ᠰᠡᠨ

ᠬᠡᠷᠡᠭᠦᠤ ᠶᠠᠭᠠᠭᠢᠭᠰᠠᠨ ᠠᠵᠠᠳᠠᠢ ᠪᠣᠢ︕


ᠪᠦᠰᠡᠭᠦᠢ ᠳ᠋ᠤ


ᠷ·ᠴᠣᠢ᠌ᠨᠤᠮ


ᠪᠦᠰᠡᠭᠦᠢ ᠮᠢᠨᠢ ᠳᠠ᠂ ᠭᠤᠸ᠎ᠠ ᠦᠵᠡᠮᠵᠢ ᠭᠡᠳᠡᠭ᠌

ᠪᠦᠳᠤᠨ ᠳᠤᠭᠠᠨ ᠤ ᠦᠷᠢᠯ ᠤᠨ ᠪᠦᠮᠪᠦᠭᠡ ᠪᠠᠨ

ᠷ·ᠴᠣᠢ᠌ᠨᠤᠮ ᠭᠡᠳᠡᠭ᠌ ᠳᠤᠰᠠᠭᠠᠷ ᠳᠤᠭᠳᠠᠨᠢᠭᠰᠠᠨ

ᠡᠨᠡ ᠪᠦᠭᠦᠳᠡ ᠨᠠᠢ᠌ᠷᠠᠮᠳᠠᠬᠤ ᠵᠢᠷᠦᠭᠡᠨ ᠳᠡᠭᠡᠷ᠎ᠡ ᠮᠢᠨᠢ ᠬᠠᠶᠠᠯ᠎ᠠ᠃

ᠪᠠᠶ᠎ᠠ ᠳᠠᠭᠠᠭᠠᠭᠰᠠᠨ ᠠᠮᠢᠳᠤᠷᠠᠯ ᠤᠨ ᠮᠢᠨᠢ

ᠰᠡᠭᠦᠯᠴᠢ ᠶᠢᠨ ᠴᠠᠢ᠌ᠵᠠ ᠨᠤᠷᠠᠨ ᠣᠨᠠᠯ᠎ᠠ᠃

ᠪᠢ᠂ ᠰᠢᠳᠠᠵᠤ ᠪᠠᠢ᠌ᠭ᠎ᠠ ᠳᠤᠭ ᠰᠢᠭ ᠭᠠᠩᠬᠤᠯ᠎ᠠ᠂

ᠪᠢᠳᠡᠭᠡᠢ ᠳᠡᠮᠦᠯᠡ᠂ ᠪᠦᠷ ᠭᠦᠢᠴᠡᠭᠡᠤᠨ ᠠᠯᠢ︕

ᠠᠯᠠᠭ ᠨᠢᠳᠤᠨ ᠤ ᠴᠢᠨᠢ ᠣᠴᠢᠷ ᠲᠡᠶ ᠬᠠᠷᠠᠴᠠ

ᠠᠶᠤᠯ ᠶᠡᠭᠡ ᠲᠡᠶ ᠯᠠᠢ᠌ᠰᠸᠷ ᠤᠨ ᠳᠤᠶᠠᠭ᠎ᠠ ᠰᠢᠭ

ᠡᠷ᠎ᠡ ᠪᠠᠶ᠎ᠠ ᠶᠢᠨ ᠮᠢᠨᠢ ᠳᠡᠭ᠍ᠷᠢ ᠳᠤ ᠨᠠᠪᠳᠠᠷᠠᠵᠤ

ᠡᠷᠭᠡ ᠴᠢᠯᠦᠭᠡᠳᠤ ᠠᠮᠢᠳᠤᠷᠠᠯ ᠤᠨ ᠮᠢᠨᠢ ᠣᠩᠭ᠋ᠤᠴᠠ ᠶᠢ ᠰᠢᠳᠠᠭᠠᠯ᠎ᠠ᠃

ᠪᠠᠯᠠᠨ ᠰᠢᠯᠦᠭ᠌ ᠤᠨ ᠶᠢᠡᠨ ᠳᠡᠭ᠍ᠷᠢ ᠡᠴᠡ ᠪᠢ ᠴᠢᠨᠢ

ᠪᠠᠭᠡ ᠰᠢᠭ᠌ ᠬᠠᠷ᠎ᠠ ᠣᠳᠤᠭ᠎ᠠ ᠳᠠᠳᠠᠭᠤᠯᠤᠨ

ᠣᠨᠠᠵᠤ ᠶᠠᠪᠣᠨ᠎ᠠ᠂ ᠬᠤᠩᠭ᠋ᠤᠷ ᠪᠦᠰᠡᠭᠦᠢ ᠮᠢᠨᠢ︕

ᠣᠨᠠᠬᠤ ᠳᠤ ᠪᠠᠨ ᠴᠢᠮ᠎ᠠ ᠳᠡᠭᠡᠷ᠎ᠡ ᠣᠨᠠᠬᠤ ᠨᠢ︕

ᠡᠨᠡ ᠊᠊᠊᠊᠊᠊᠊᠊᠊᠊᠊᠊᠊᠊᠊ ᠲ᠋ᠡᠪᠭᠢᠯᠳᠡ ᠪᠢᠰᠢ ᠵᠤᠭᠰᠤᠯᠳᠠ︕

ᠡᠨᠡ ᠊᠊᠊᠊᠊᠊᠊᠊᠊᠊᠊᠊᠊᠊᠊ ᠲ᠋ᠡᠢ᠌ᠰᠦᠩᠨᠡᠯ ᠪᠢᠰᠢ ᠳᠤᠷᠠᠯᠠᠯ︕

ᠠᠮᠠᠷᠠᠭ ᠳᠤᠷᠠᠯᠠᠯ ᠭᠡᠳᠡᠭ᠌ ᠣᠭ ᠡᠴᠡ

ᠠᠮᠳᠠᠳᠠᠢ᠌ᠬᠠᠨ ᠳᠤᠳᠠᠭᠤ ᠥᠭᠦᠯ ᠪᠢᠯᠠ︕

ᠣᠩᠭ᠋ᠤᠨ ᠳᠤᠷᠠᠯᠠᠯ ᠤᠨ ᠳᠠᠷᠠᠰᠤᠨ ᠳᠤ ᠰᠤᠭᠳᠤᠭᠠᠤᠨ

ᠣᠷᠴᠢᠯᠠᠩ ᠢ ᠭᠦᠮᠤᠨ ᠮᠠᠷᠳᠠᠳᠠᠭ ᠦᠭᠡᠶ ᠶᠤᠮ᠃

ᠬᠠᠯᠠᠭᠤᠨ ᠰᠢᠯᠦᠭ᠌᠂ ᠭᠦᠢᠳᠡᠨ ᠺᠤᠮᠫᠣᠲ᠋ ᠪᠣᠯᠵᠤ

ᠬᠠᠷᠠᠬᠤ ᠬᠠᠷᠠᠭ᠎ᠠ ᠠᠯᠳᠠᠭᠳᠠᠵᠤ ᠶᠠᠪᠣᠬᠤ ᠴᠢᠭ᠌ ᠬᠠᠵᠠᠢ᠌ᠳᠠᠭ︕

ᠬᠤᠷᠸ᠎ᠠ ᠶ‍ᠢᠷᠳᠢᠠᠴᠤ ᠶᠢ ᠪᠢ

ᠬᠤᠤᠰ ᠦᠭᠡᠶ ᠨᠠᠷᠢᠨ ᠬᠠᠷᠠᠳᠠᠭ ᠪᠠᠢ᠌ᠯ᠎ᠠ᠃

ᠬᠤᠩᠭ᠋ᠤᠷᠬᠠᠨ ᠦᠵᠡᠮᠵᠢ ᠪᠠᠷ ᠶᠢᠡᠨ ᠴᠢ

ᠬᠤᠶᠠᠷ ᠨᠢᠳᠤ ᠶᠢ ᠮᠢᠨᠢ ᠰᠤᠬᠤ ᠬᠠᠤᠠᠬᠤᠯ᠎ᠠ᠃

ᠡᠭᠦᠷᠢᠳᠡ ᠴᠢ ᠭᠦᠳᠦᠯᠵᠤ ᠶᠠᠪᠣᠬᠤ ᠶᠤᠮ ᠪᠣᠯ

ᠦᠨᠡᠨ ᠰᠤᠬᠤᠷ ᠪᠣᠯᠤᠭᠰᠠᠨ ᠴᠤ ᠶᠠᠭᠠᠮᠠᠢ᠃

ᠠᠷᠢᠭᠤᠬᠠᠨ ᠳᠦᠷᠢ ᠶᠢ ᠴᠢᠨᠢ ᠬᠠᠷᠠᠵᠤ ᠠᠪᠣᠭᠰᠠᠨ ᠡᠴᠡ ᠬᠣᠢ᠌ᠰᠢ

ᠠᠭᠢᠭᠠᠤᠨ ᠪᠢ ᠶᠠᠭᠤ ᠪᠠᠨ ᠴᠤ ᠬᠠᠷᠠᠬᠤ ᠭᠡᠭᠦ ᠪᠣᠢ︕


ᠨᠠᠮᠤᠷ


ᠳ᠋·ᠭᠦᠳᠡᠷᠮᠥᠩᠭᠡ


ᠠᠩᠭᠢᠷ ᠤᠨ ᠵᠠᠯ᠎ᠠ ᠭᠠᠩᠭ᠋ᠠᠨᠠᠵᠤ

ᠠᠷᠭᠠᠮᠵᠢᠶᠠᠨ ᠤ ᠮᠤᠷᠢᠳ ᠥᠤᠷᠰᠠᠨ᠎ᠠ

ᠪᠠᠷᠳᠠᠮ ᠳᠠᠯ᠎ᠠ ᠶᠢᠨ ᠣᠷᠭᠤᠮᠠᠯ ᠨᠤᠭᠤᠭ᠎ᠠ

ᠪᠣᠰᠴᠤ ᠰᠠᠭᠤᠬᠤ ᠳᠤ ᠰᠢᠷᠠᠯᠠᠵᠤ ᠬᠤᠴᠤᠷᠤᠨ᠎ᠠ

ᠰᠠᠯᠭᠢᠨ ᠤ ᠥᠵᠦᠭᠦᠷ ᠴᠠᠭᠠᠨ᠎ᠠ ᠪᠠᠨ ᠵᠡᠪᠠᠷᠭᠡᠨ

ᠰᠠᠨᠠᠭ᠎ᠠ ᠠᠯᠳᠠᠭᠤᠯᠵᠤ ᠴᠠᠩ ᠪᠣᠷᠭᠢᠯᠤᠨ᠎ᠠ

ᠭᠦᠭᠡ ᠭᠢᠯᠭᠠᠨ᠎ᠠ ᠭᠠᠵᠠᠷ ᠦᠨᠦᠰᠤᠨ ᠳᠤᠭᠢᠰ ᠳᠤᠭᠢᠰ

ᠬᠤᠴᠤᠷᠤᠭᠰᠠᠨ ᠳᠤᠭᠤᠷᠤᠤ ᠨᠤᠭᠤᠳ

ᠦᠷ᠎ᠡ ᠳᠤ ᠪᠠᠨ ᠡᠷᠭᠢᠯᠳᠤᠨ ᠳᠠᠪᠢᠰ ᠳᠠᠪᠢᠰ᠃


ᠳᠡᠭᠡ ᠶᠢᠨ ᠵᠤᠭᠰᠤᠭᠠᠯ


ᠪᠠ᠊·ᠶᠠᠪᠣᠬᠤᠯᠠᠩ


ᠳᠠᠷᠠ ᠵᠢᠯ ᠤᠨ ᠳᠠᠷᠠ ᠨᠢᠭᠡᠨ ᠡᠪᠦᠯ ᠤᠨ

ᠦᠩ ᠲᠡᠶ ᠶᠢ ᠶᠠᠭᠠᠭᠢᠨ᠎ᠠ︕

《ᠳᠡᠭᠡ ᠶᠢᠨ ᠵᠤᠭᠰᠤᠭᠠᠯ》 ᠭᠡᠳᠡᠭ᠌ ᠳᠠᠷᠠ ᠣᠷᠭᠢᠯ ᠤᠨ

ᠦᠨᠳᠦᠷ ᠢ ᠶᠠᠭᠠᠭᠢᠨ᠎ᠠ︕

ᠭᠦᠷᠡᠩ ᠠᠭᠤᠯᠠᠰ ᠤᠨ ᠪᠣᠢ᠌ᠳᠠ ᠮᠤᠬᠤᠷ

ᠭᠡᠦᠰᠢ ᠨᠠᠷ᠎ᠠ ᠲᠡᠶ

ᠭᠦᠷᠭᠦ ᠳᠤ ᠬᠤᠯᠠ ᠴᠤ ᠡᠪᠦᠯᠵᠢᠭᠦ ᠳᠤ ᠨᠦᠮᠦᠷᠢ

ᠭᠦᠭᠡ ᠪᠠᠭᠤᠴᠠ ᠲᠡᠶ᠃

ᠭᠦᠷᠡᠩ ᠠᠭᠤᠯᠠᠰ ᠢ ᠬᠠᠯᠠᠭᠤᠨ ᠨᠠᠮᠤᠷ ᠵᠢᠠᠷ

ᠠᠪᠣ ᠮᠢᠨᠢ ᠵᠤᠷᠢᠪᠠ᠃

ᠭᠡᠦᠰᠢ ᠶᠢᠨ ᠡᠪᠦᠯᠵᠢᠶᠡᠨ ᠳᠤ ᠭᠤᠷᠪᠠᠨ ᠭᠡᠷ ᠶᠢᠡᠷ

ᠠᠢ᠌ᠯ ᠡᠪᠦᠯᠵᠢᠪᠡ᠃

ᠡᠪᠦᠯᠵᠢᠶ᠎ᠡ ᠶᠢ ᠭᠦᠷᠢᠶᠡᠯᠡᠭ᠍ᠰᠡᠨ ᠠᠭᠤᠯᠠᠰ ᠤᠨ ᠣᠷᠭᠢᠯ

ᠪᠦᠭᠦᠳᠡ ᠦᠨᠳᠦᠷ

ᠦᠨᠳᠦᠷ ᠤᠨ ᠳᠤᠮᠳᠠ ᠡᠴᠡ ᠳᠡᠭᠡ ᠶᠢᠨ ᠵᠤᠭᠰᠤᠭᠠᠯ

ᠪᠦᠷ ᠴᠤ ᠦᠨᠳᠦᠷ︕

ᠡᠪᠦᠯᠵᠢᠶᠡᠨ ᠳᠤ ᠪᠠᠭᠤᠭᠠᠤᠨ ᠡᠡᠪᠦ᠂ ᠭᠡᠰᠡᠭ᠌ ᠵᠠᠭᠤᠷ᠎ᠠ

ᠠᠩ ᠭᠢᠪᠠ

ᠡᠪᠦᠯ ᠳᠤ ᠪᠡᠯᠡᠳᠭᠡᠭᠡᠤᠨ ᠠᠢ᠌ᠯ ᠤᠳ ᠭᠡᠰᠡᠭ᠌ ᠵᠠᠭᠤᠷ᠎ᠠ

ᠠᠵᠢᠯ ᠭᠢᠪᠠ

ᠦᠩ ᠲᠡᠶ ᠵᠢᠯ ᠤᠨ ᠳᠠᠷᠠ ᠨᠢᠭᠡᠨ ᠡᠪᠦᠯ ᠊ᠤᠨ

ᠳᠤᠯᠠᠭᠠᠬᠠᠨ ᠢ ᠭᠡᠯᠡᠭᠦ ᠦᠦ

ᠡᠪᠠᠰᠤ ᠴᠠᠰᠤ ᠳᠡᠭ᠍ᠰᠢᠭᠡᠨ ᠠᠭᠤᠯᠠᠨ ᠳᠤ ᠡᠪᠦᠯᠵᠢᠭᠦ ᠶᠢᠨ

ᠳᠤᠭᠢᠳᠠᠢ ᠶᠢ ᠭᠡᠯᠡᠭᠦ ᠦᠦ

ᠭᠤᠪᠢ ᠶᠢᠨ ᠠᠭᠤᠯᠠᠨ ᠳᠤ ᠵᠢᠮ᠎ᠠ ᠶᠤᠰᠤ ᠪᠠᠷ ᠵᠢᠠᠨ

ᠬᠠᠪᠣᠷ ᠢᠷᠠᠪᠠ

ᠭᠤᠤᠯ ᠪᠠᠷᠠᠭᠠᠳᠠᠵᠤ ᠭᠤᠷᠪᠠᠨ ᠭᠡᠷ ᠶᠢᠡᠷ ᠶᠢᠡᠨ

ᠨᠡᠭᠦᠭᠦ ᠪᠣᠯᠪᠠ

ᠨᠢᠭᠡᠨ ᠥᠷᠯᠦᠭᠡ ᠠᠪᠣ ᠮᠢᠨᠢ ᠨᠠᠮ᠎ᠠ ᠶᠢ ᠪᠠᠨ

ᠭᠠᠳᠠᠨ᠎ᠠ ᠡᠴᠡ ᠳᠠᠭᠤᠳᠠᠪᠠ

ᠨᠢᠭᠡ ᠨᠢᠳᠤᠨ ᠤ ᠰᠤᠠᠳᠠᠭ ᠳᠤᠷᠠᠨ ᠶᠢᠡᠨ

ᠭᠠᠷ ᠲᠤ ᠪᠠᠷᠢᠭᠤᠯᠪᠠ

《ᠳᠡᠭᠡ ᠶᠢᠨ ᠵᠤᠭᠰᠤᠭᠠᠯ》 ᠳᠡᠭᠡᠷ᠎ᠡ ᠶᠠᠭᠤ ᠪᠠᠢ᠌ᠨ᠎ᠠ︖

ᠰᠠᠢ᠌ᠨ ᠬᠠᠷᠡ︕ ᠭᠡᠪᠡ

ᠳᠡᠭᠡᠵᠤ ᠭᠡᠯᠡᠭ᠍ᠰᠡᠨ ᠤ ᠪᠠᠨ ᠵᠢᠭᠠᠬᠠᠨ ᠬᠣᠢ᠌ᠨ᠎ᠠ

ᠰᠠᠨᠠᠭ᠎ᠠ ᠠᠯᠳᠠᠪᠠ

ᠥᠵᠦᠭᠦᠷ ᠨᠢ ᠭᠤᠷᠪᠠᠯᠵᠢᠨ᠂ ᠡᠭᠦᠯᠡᠨ ᠳᠤ ᠱᠥᠷᠭᠦᠭᠡᠭᠦ

ᠣᠷᠭᠢᠯ ᠬᠠᠷᠠᠭᠳᠠᠪᠠ

ᠡᠭᠦᠷ ᠶᠢᠡᠨ ᠮᠠᠨᠠᠨ ᠦᠨᠳᠦᠷ ᠲᠤ ᠡᠷᠭᠢᠭᠦ

ᠪᠦᠷᠭᠦᠤᠨ ᠬᠠᠷᠠᠭᠳᠠᠪᠠ

ᠳᠡᠷᠳᠡᠭᠡᠭᠢ ᠣᠷᠭᠢᠯ ᠨᠢ ᠢᠯᠢᠭᠡᠤᠨ ᠠᠪᠬᠤ ᠪᠠᠷ

ᠣᠢ᠌ᠷᠠᠬᠠᠨ ᠪᠠᠢ᠌ᠪᠠ

ᠳᠡᠷᠳᠡᠭᠡᠭᠢ ᠳᠡᠭ᠍ᠷᠢ ᠨᠢ ᠨᠢᠳᠤᠨ ᠳᠤ ᠳᠤᠷᠬᠤ ᠪᠠᠷ

ᠡᠭᠦᠯᠡ ᠦᠭᠡᠶ ᠪᠠᠢ᠌ᠪᠠ

《ᠳᠡᠭᠡ ᠶᠢᠨ ᠵᠤᠭᠰᠤᠭᠠᠯ》 ᠳᠡᠭᠡᠷ᠎ᠡ ᠬᠠᠷᠠᠭ᠎ᠠ ᠪᠠᠨ

ᠳᠤᠭᠳᠠᠭ᠎ᠠ︕ ᠭᠡᠵᠤ ᠠᠪᠣ ᠮᠢᠨᠢ ᠭᠡᠯᠡᠪᠡ

ᠳᠠᠷᠠ ᠳᠡᠭᠡᠷ᠎ᠡ ᠨᠢᠭᠡ ᠠᠮᠢᠳᠠᠨ ᠪᠣᠢ᠂ ᠣᠯ ᠳ᠋ᠠ ᠭᠡᠵᠤ

ᠠᠭᠢᠨ ᠭᠡᠯᠡᠪᠡ

ᠡᠪᠦᠯᠵᠢᠨ ᠬᠠᠷᠠᠭᠳᠠᠵᠤ ᠨᠢᠳᠤᠨ ᠳᠤ ᠳᠠᠰᠤᠭᠰᠠᠨ

ᠣᠷᠭᠢᠯ ᠥᠵᠡᠭ᠍ᠳᠡᠪᠡ

ᠣᠷᠤᠢ ᠳᠡᠭᠡᠷ᠎ᠡ ᠨᠢ ᠡᠪᠠᠷ ᠨᠢ ᠰᠡᠷᠡᠢ᠌ᠭ᠍ᠰᠡᠨ

ᠳᠡᠭᠡ ᠬᠠᠷᠠᠭᠳᠠᠪᠠ

ᠬᠠᠩᠭ᠋ᠠᠢ ᠰᠠᠢ᠌ᠬᠠᠨ ᠠᠮᠢᠳᠠᠨ ᠢ ᠥᠵᠡᠭᠡᠤᠨ

ᠪᠢ ᠪᠠᠶᠠᠰᠪᠠ

ᠬᠠᠷᠠᠯᠠᠭ ᠳᠡᠭᠡ ᠵᠤᠭᠰᠤᠵᠤ ᠪᠠᠢ᠌ᠨ᠎ᠡ︕ ᠭᠡᠤᠨ

ᠪᠠᠷᠤᠭ ᠬᠠᠰᠭᠢᠷᠪᠠ

ᠠᠪᠣ ᠮᠢᠨᠢ ᠳᠤᠭᠤᠢ ᠳᠠᠮᠠᠭᠢ ᠪᠠᠨ ᠰᠤᠷᠤᠭᠰᠠᠭᠠᠷ

ᠭᠡᠷ ᠲᠤ ᠪᠠᠨ ᠣᠷᠤᠪᠠ

ᠠᠢ᠌ᠯ ᠤᠨ ᠭᠦᠮᠦᠰ ᠶᠠᠩᠭᠢᠷ ᠤᠨ ᠰᠤᠷᠠᠭ ᠶᠢᠡᠷ

ᠮᠠᠨᠠᠢ ᠳᠤ ᠴᠤᠭᠯᠠᠷᠠᠪᠠ

ᠴᠠᠢ ᠪᠠᠨ ᠣᠤᠭᠤᠬᠤ ᠦᠭᠡᠶ ᠠᠪᠣ ᠮᠢᠨᠢ ᠳᠡᠭᠡᠭᠡᠤᠨ

ᠭᠡᠰᠡᠭ᠌ ᠰᠠᠭᠤᠪᠠ

ᠴᠠᠭᠠᠨ᠎ᠠ ᠪᠠᠨ ᠯᠠ ᠨᠢᠭᠡ ᠭᠤᠨᠢᠭᠳᠠᠢ ᠬᠤᠭᠤᠯᠠᠢ ᠵᠠᠰᠠᠭᠠᠤᠨ

ᠢᠩᠭᠢᠵᠤ ᠶᠠᠷᠢᠪᠠ

---ᠮᠥᠩᠭᠦᠨ ᠣᠷᠣᠢ᠌ᠳᠤ ᠠᠭᠤᠯᠠ ᠶᠢᠨ ᠭᠡᠰᠢᠭ᠌ ᠢ

ᠶᠡᠭᠡ ᠭᠦᠷᠳᠡᠯ᠎ᠡ

ᠮᠥᠩᠭᠡ ᠶᠢᠨ ᠵᠤᠭᠰᠤᠭᠠᠯ ᠳᠤ ᠪᠠᠨ ᠵᠤᠭᠰᠤᠭᠰᠠᠨ ᠶᠠᠩᠭᠢᠷ ᠢ

ᠠᠩᠬ᠎ᠠ ᠦᠵᠡᠯ᠎ᠠ

《ᠢᠮᠠᠭᠠᠨ ᠣᠰᠤᠨ ᠳᠤ》 ᠨᠢᠳᠤᠨᠤᠨ ᠪᠠᠢ᠌ᠭᠰᠠᠨ

ᠳᠡᠭᠡ ᠮᠦᠨ ᠪᠠᠢ᠌ᠨ᠎ᠠ

ᠶᠠᠭᠠᠭᠢᠬᠤ ᠠᠷᠭ᠎ᠠ ᠦᠭᠡᠶ ᠵᠤᠭᠰᠤᠭᠠᠯ ᠳᠤ ᠪᠠᠨ ᠵᠤᠭᠰᠤᠭᠰᠠᠨ

ᠳᠡᠭᠡ ᠮᠦᠨ ᠪᠠᠢ᠌ᠨ᠎ᠠ

ᠳᠦᠷᠦᠭ᠍ᠰᠡᠨ ᠤ ᠡᠴᠦᠰ ᠲᠤ ᠥᠭᠦᠨ᠎ᠡ ᠭᠡᠳᠡᠭ᠌

ᠠᠮᠢᠳᠠᠨ ᠤ ᠶᠤᠰᠤ ᠡ︕

ᠳᠦᠷᠦᠭ᠍ᠰᠡᠨ ᠨᠤᠳᠤᠭ ᠶᠢᠡᠨ ᠣᠷᠭᠢᠨ᠎ᠠ ᠭᠡᠳᠡᠭ᠌

ᠠᠮᠠᠷ ᠦᠭᠡᠶ ᠳᠠᠪᠠᠭ᠎ᠠ︕

ᠶᠠᠩᠭᠢᠷ ᠥᠳᠡᠯᠭᠦᠯᠡᠷ ᠡᠪᠠᠷ ᠶᠢᠡᠨ ᠳᠠᠭᠠᠭᠠᠬᠤ ᠪᠠᠨ

ᠪᠣᠯᠢᠳᠠᠭ ᠶᠤᠮ ᠭᠡᠨ᠎ᠡ ᠯᠠᠢ

ᠶᠠᠩᠭᠢᠷ ᠤᠨ ᠰᠥᠷᠦᠭ᠌ ᠶᠢᠡᠨ ᠭᠦᠢᠴᠡᠵᠤ ᠴᠢᠳᠠᠬᠤ ᠪᠠᠨ

ᠪᠠᠢ᠌ᠳᠠᠭ ᠶᠤᠮ ᠭᠡᠨ᠎ᠡ ᠯᠠᠢ

ᠡᠭᠡ ᠡᠴᠡ ᠳᠦᠷᠦᠭ᠍ᠰᠡᠨ ᠠᠭᠤᠯᠠᠨ ᠳᠤ ᠪᠠᠨ ᠡᠷᠭᠢᠵᠤ

ᠢᠷᠡᠳᠡᠭ᠌ ᠶᠤᠮ ᠭᠡᠨ᠎ᠡ ᠯᠠᠢ

ᠡᠭᠡ ᠡᠴᠡ ᠣᠨᠠᠭᠰᠠᠨ ᠭᠠᠵᠠᠷ ᠶᠢᠡᠨ ᠣᠯᠵᠤ

ᠭᠡᠪᠳᠡᠳᠡᠭ᠌ ᠶᠤᠮ ᠭᠡᠨ᠎ᠡ ᠯᠠᠢ

ᠨᠠᠰᠤᠨ ᠤ ᠪᠠᠨ ᠡᠴᠦᠰ ᠲᠤ ᠣᠷᠭᠢᠯ ᠥᠭᠡᠳᠡ ᠮᠠᠴᠤᠵᠤ

ᠭᠠᠷᠳᠠᠭ ᠶᠤᠮ ᠭᠡᠨ᠎ᠡ ᠯᠠᠢ

ᠨᠠᠰᠤᠳᠠᠤᠨ ᠳᠡᠭᠦᠨ ᠢ ᠨᠢ ᠳᠡᠭᠡ ᠶᠢᠨ ᠵᠤᠭᠰᠤᠭᠠᠯ ᠭᠡᠵᠤ

ᠨᠡᠷᠡᠯᠡᠳᠡᠭ᠌ ᠶᠤᠮ ᠭᠡᠨ᠎ᠡ ᠯᠠᠢ

ᠦᠨᠳᠦᠷ ᠣᠷᠭᠢᠯ ᠳᠡᠭᠡᠷ᠎ᠡ ᠣᠯᠠᠨ ᠬᠤᠨᠤᠭ

ᠵᠤᠭᠰᠤᠳᠠᠭ ᠶᠤᠮ ᠭᠡᠨ᠎ᠡ ᠯᠠᠢ

ᠥᠩᠭᠡᠷᠡᠭᠦᠯᠦᠭ᠍ᠰᠡᠨ ᠠᠮᠢᠳᠤᠷᠠᠯ ᠶᠢᠡᠨ ᠡᠷᠭᠢᠵᠤ ᠨᠢᠭᠡ

ᠬᠠᠷᠠᠳᠠᠭ ᠶᠤᠮ ᠭᠡᠨ᠎ᠡ ᠯᠠᠢ

ᠣᠮᠳᠠᠯᠠᠳᠠᠭ ᠠᠷᠢᠭᠤᠬᠠᠨ ᠣᠰᠤ ᠪᠠᠨ ᠦᠵᠡᠵᠤ ᠨᠢᠭᠡ

ᠪᠠᠶᠠᠷᠯᠠᠳᠠᠭ ᠶᠤᠮ ᠭᠡᠨ᠎ᠡ ᠯᠠᠢ

ᠢᠳᠡᠭᠡᠯᠡᠳᠡᠭ᠌ ᠰᠠᠢ᠌ᠬᠠᠨ ᠪᠠᠯᠴᠢᠭᠡᠷ ᠶᠢᠡᠨ ᠬᠠᠷᠠᠵᠤ ᠨᠢᠭᠡ

ᠪᠠᠶᠠᠰᠳᠠᠭ ᠶᠤᠮ ᠭᠡᠨ᠎ᠡ ᠯᠠᠢ

ᠢᠵᠢᠯ ᠣᠯᠠᠨ ᠰᠥᠷᠦᠭ᠌ ᠶᠢᠡᠨ ᠡᠴᠦᠰ ᠤᠨ ᠣᠳᠠᠭ᠎ᠠ

ᠥᠵᠡᠳᠡᠭ᠌ ᠶᠤᠮ ᠭᠡᠨ᠎ᠡ ᠯᠠᠢ

ᠡᠭᠡ ᠪᠣᠯᠤᠭᠰᠠᠨ ᠨᠤᠳᠤᠭ ᠶᠢᠡᠨ ᠰᠡᠭᠦᠯᠴᠢ ᠶᠢᠨ ᠣᠳᠠᠭ᠎ᠠ

ᠬᠠᠷᠠᠳᠠᠭ ᠶᠤᠮ ᠭᠡᠨ᠎ᠡ ᠯᠠᠢ

ᠦᠨᠳᠦᠷ ᠣᠷᠭᠢᠯ ᠡᠴᠡ ᠡᠪᠠᠷ ᠨᠢ ᠳᠡᠢ᠌ᠯᠦᠭᠡᠤᠨ

ᠬᠠᠯᠢᠳᠠᠭ ᠶᠤᠮ ᠭᠡᠨ᠎ᠡ ᠯᠠᠢ

ᠥᠩᠭᠡᠳᠤ ᠣᠷᠴᠢᠯᠠᠩ ᠡᠴᠡ ᠨᠢᠭᠡ ᠨᠢ ᠳᠡᠭᠡᠭᠡᠤᠨ

ᠳᠤᠳᠠᠳᠠᠭ ᠶᠤᠮ ᠭᠡᠨ᠎ᠡ ᠯᠠᠢ

ᠠᠪᠣ ᠶᠢᠨ ᠶᠠᠷᠢᠶ᠎ᠠ ᠶᠢ ᠭᠦᠮᠤᠨ ᠪᠦᠭᠦᠨ

ᠳᠤᠭᠤᠢ ᠴᠢᠩᠨᠠᠪᠠ

ᠠᠢ᠌ᠯ ᠤᠨ ᠡᠮᠧ ᠶᠠᠩᠭᠢᠷ ᠢ ᠦᠷᠦᠪᠳᠤᠨ

ᠨᠢᠯᠪᠣᠰᠤ ᠣᠨᠠᠭᠠᠪᠠ

ᠳᠡᠭᠦᠨ ᠡᠴᠡ ᠬᠣᠢ᠌ᠰᠢ ᠠᠪᠣ ᠮᠢᠨᠢ ᠨᠢᠭᠡ ᠯᠠ

ᠵᠤᠪᠠᠭᠤᠷᠢᠳᠠᠢ ᠪᠣᠯᠪᠠ

ᠳᠠᠷᠠ ᠡᠪᠦᠯᠵᠢᠶᠡᠨ ᠡᠴᠡ ᠭᠡᠰᠡᠭ᠌ ᠲᠡᠭᠡᠨ ᠨᠢᠭᠡ ᠯᠠ

ᠨᠡᠭᠦᠭᠦ ᠪᠠᠨ ᠪᠠᠢ᠌ᠪᠠ

ᠭᠤᠷᠪᠠᠨ ᠭᠡᠷ ᠤᠨ ᠬᠤᠨᠢᠨ ᠤ ᠡᠭᠡᠯᠵᠢ

ᠳᠤᠤᠷ᠎ᠠ ᠪᠠᠨ ᠡᠷᠭᠢᠨ᠎ᠡ

ᠭᠤᠷᠪᠠᠬᠠᠨ ᠬᠤᠨᠤᠭ ᠲᠤ ᠮᠠᠨ ᠤ ᠡᠭᠡᠯᠵᠢ

ᠡᠷᠭᠢᠭᠡᠤᠨ ᠢᠷᠠᠨ᠎ᠠ

ᠦᠨᠳᠦᠷ ᠥᠭᠡᠳᠡ ᠬᠤᠨᠢ ᠪᠠᠨ ᠪᠣᠤ ᠪᠠᠯᠴᠢᠭᠡ︕ ᠭᠡᠵᠤ

ᠠᠪᠣ ᠮᠢᠨᠢ ᠵᠠᠭᠢᠨ᠎ᠠ

ᠥᠷᠯᠦᠭᠡ ᠪᠣᠯᠭᠠᠨ ᠯᠠ ᠭᠠᠳᠠᠨ᠎ᠠ ᠰᠠᠭᠤᠵᠤ

ᠣᠷᠭᠢᠯ ᠳᠤᠷᠠᠠᠳᠠᠨ᠎ᠠ

ᠭᠡᠦᠰᠢ ᠶᠢᠨ ᠡᠪᠦᠯᠵᠢᠶᠡᠨ ᠳᠤ ᠴᠢᠠᠳᠠᠮᠠᠯᠵᠤ ᠪᠠᠭᠤᠭᠰᠠᠨ

ᠭᠤᠷᠪᠠᠨ ᠠᠢ᠌ᠯ︕

ᠭᠦᠮᠦᠰ ᠤᠨ ᠬᠠᠷᠠᠭ᠎ᠠ ᠶᠢ ᠦᠪᠡᠷ ᠲᠡᠭᠡᠨ ᠳᠠᠳᠠᠭᠰᠠᠨ

ᠭᠤᠷᠪᠠᠯᠵᠢᠨ ᠣᠷᠭᠢᠯ︕

ᠴᠡᠩᠭᠡᠷ ᠳᠡᠭ᠍ᠷᠢ ᠳᠤ ᠡᠪᠠᠷ ᠨᠢ ᠰᠡᠷᠡᠢ᠌ᠭ᠍ᠰᠡᠨ

ᠬᠠᠷᠠᠯᠠᠭ ᠳᠡᠭᠡ︕

ᠴᠢᠩᠬ᠎ᠠ ᠳᠡᠭᠡᠷ᠎ᠡ ᠨᠢ ᠡᠳᠦᠷᠵᠢᠨ ᠡᠷᠭᠢᠯᠳᠦᠭ᠍ᠰᠡᠨ

ᠭᠦᠷᠡᠩ ᠪᠦᠷᠭᠦᠤᠨ︕

ᠡᠢ᠌ᠮᠤ ᠯᠠ ᠵᠢᠷᠤᠭ ᠣᠯᠠᠨ ᠬᠤᠨᠤᠭ ᠶᠢᠡᠷ

ᠠᠪᠣ ᠳᠤ ᠮᠢᠨᠢ ᠬᠠᠷᠠᠭᠳᠠᠪᠠ

ᠡᠨᠡ ᠯᠠ ᠵᠢᠷᠤᠭ ᠣᠯᠠᠨ ᠬᠤᠨᠤᠭ ᠶᠢᠡᠷ

ᠡᠪᠦᠯᠵᠢᠶᠡᠨ ᠳᠤ ᠰᠠᠭᠤᠯᠭᠠᠪᠠ

ᠨᠢᠭᠡᠨ ᠥᠷᠯᠦᠭᠡ ᠣᠷᠭᠢᠯ ᠢ ᠳᠤᠷᠠᠠᠳᠠᠭᠠᠤᠨ

ᠠᠪᠣ ᠣᠷᠤᠵᠤ ᠢᠷᠠᠪᠠ

ᠨᠢᠭᠡ ᠬᠠᠷᠠᠬᠤ ᠳᠤ ᠪᠠᠶᠠᠷᠳᠠᠢ ᠮᠢᠰᠢᠶᠡᠭᠡᠤᠨ

ᠴᠠᠢ ᠪᠠᠨ ᠣᠤᠭᠤᠵᠤ ᠰᠠᠭᠤᠪᠠ

---ᠶᠠᠭ ᠯᠠ ᠶᠤᠰᠤ ᠪᠠᠷ ᠶᠢᠡᠨ ᠬᠠᠯᠢᠵᠤ ᠳ᠋ᠠ ᠭᠦᠭᠡᠷᠦᠭᠦᠢ︕ ᠭᠡᠵᠤ

ᠠᠪᠣ ᠮᠢᠨᠢ ᠶᠠᠷᠢᠪᠠ

---ᠶᠠᠭᠠᠭᠢᠮᠠᠢ ᠳ᠋ᠠ ᠶᠠᠭᠠᠭᠢᠮᠡᠢ᠂ ᠭᠦᠭᠡᠷᠦᠭᠦᠢ ᠮᠢᠨᠢ︕ ᠭᠡᠵᠤ

ᠡᠵᠢ ᠦᠷᠦᠪᠳᠤᠪᠠ

ᠮᠠᠷᠭᠠᠰᠢ ᠥᠷᠯᠦᠭᠡ ᠨᠢ ᠭᠤᠷᠪᠠᠨ ᠭᠡᠷ ᠮᠠᠨᠢ

ᠡᠷᠳᠡ ᠠᠴᠢᠶᠠᠯᠠᠪᠠ

ᠮᠠᠨᠠᠷᠠᠭᠰᠠᠨ ᠪᠠᠭᠤᠴᠠ ᠡᠴᠡ ᠭᠦᠮᠤᠨ ᠮᠠᠯ ᠮᠠᠨᠢ

ᠵᠡᠷᠭᠡ ᠭᠦᠳᠡᠯᠪᠡ

ᠳᠡᠭᠡ ᠶᠢᠨ ᠵᠤᠭᠰᠤᠭᠠᠯ ᠣᠷᠭᠢᠯ ᠢ ᠠᠪᠣ ᠮᠢᠨᠢ ᠨᠢᠭᠡ

ᠡᠷᠭᠢᠵᠤ ᠬᠠᠷᠠᠪᠠ

--- ᠳᠦᠷᠦᠭ᠍ᠰᠡᠨ ᠨᠤᠳᠤᠭ ᠮᠢᠨᠢ︕ ᠭᠡᠵᠤ ᠡᠴᠢᠭᠡ ᠮᠢᠨᠢ ᠨᠢᠭᠡ

ᠦᠪᠡᠷ ᠲᠡᠭᠡᠨ ᠭᠡᠯᠡᠪᠡ

ᠳᠠᠷᠠ ᠵᠢᠯ ᠤᠨ ᠳᠠᠷᠠ ᠨᠢᠭᠡᠨ ᠡᠪᠦᠯ ᠤᠨ

ᠣᠷᠳᠤ ᠶᠢ᠌ ᠶᠠᠭᠠᠭᠢᠨ᠎ᠠ︕

《ᠳᠡᠭᠡ ᠶᠢᠨ ᠵᠤᠭᠰᠤᠭᠠᠯ》 ᠭᠡᠳᠡᠭ᠌ ᠳᠠᠷᠠ ᠣᠷᠭᠢᠯ ᠤᠨ

ᠦᠨᠳᠦᠷ ᠢ ᠶᠠᠭᠠᠭᠢᠨ᠎ᠠ︕

1969 ᠣᠨ


ᠶ‍ᠢᠷᠳᠢᠠᠴᠤ ᠶᠢᠨ ᠭᠡᠦᠭᠡᠨ ᠨᠤᠭᠦᠳ ᠴᠡᠪᠠᠷᠭᠡᠨ ᠲᠦᠷᠦᠵᠠᠢ


ᠪᠠ᠊·ᠶᠠᠪᠣᠬᠤᠯᠠᠩ


ᠵᠠᠯᠠᠭᠤᠬᠠᠨ ᠰᠠᠢ᠌ᠬᠠᠨ ᠦᠬᠢᠳ ᠤᠳ ᠡᠴᠡ

ᠴᠢᠷᠠᠢ ᠲᠡᠶ᠂ ᠴᠢᠷᠠᠢ ᠦᠭᠡᠶ ᠳᠤ ᠨᠢ ᠭᠦᠷᠦᠭᠡᠤᠨ ᠯᠠ

ᠵᠠᠷᠢᠮ ᠭᠦᠮᠦᠰ

ᠵᠠᠭᠠᠭᠯᠠᠵᠤ ᠳ᠋ᠤᠭᠠᠷᠯᠠᠬᠤ ᠰᠠᠨᠠᠭ᠎ᠠ ᠲᠡᠶ ᠪᠠᠢ᠌ᠬᠤ ᠶᠤᠮ᠃

ᠦᠪᠡᠷ ᠤᠨ ᠶᠢᠡᠨ ᠳᠤᠷᠠᠯᠠᠭᠰᠠᠨ ᠭᠡᠦᠭᠡᠨ ᠢ

ᠴᠡᠪᠠᠷᠭᠡᠨ ᠳᠤ ᠨᠢ ᠳᠤᠭᠠᠯᠠᠭᠠᠤᠨ ᠯᠠ

ᠥᠷᠦᠭᠡᠯ ᠪᠣᠰᠤᠳ ᠢ ᠨᠢ

ᠪᠠᠷᠤᠭᠳᠠᠢ ᠭᠡᠵᠤ ᠭᠡᠯᠡᠭᠦ ᠭᠡᠤᠨ ᠪᠠᠢ᠌ᠬᠤ ᠶᠤᠮ᠃

ᠭᠡᠵᠢᠶᠡᠨᠡᠢ ᠪᠢ ᠡᠨᠡ ᠳ᠋ᠦ᠋ᠩᠨᠡᠯᠲᠡ ᠲᠡᠶ

ᠡᠪᠯᠡᠷᠡᠵᠤ ᠶᠠᠪᠣᠭ᠎ᠠ ᠦᠭᠡᠶ ᠡᠴᠡ

ᠭᠡᠷᠡᠭ᠌ ᠪᠣᠯᠭᠠᠵᠤ

ᠦᠪᠡᠷ ᠤᠨ ᠶᠢᠡᠨ ᠰᠠᠨᠠᠯ ᠢ ᠭᠡᠯᠡᠭᠦ ᠭᠡᠵᠤ ᠪᠠᠢ᠌ᠨ᠎ᠠ᠃

ᠶ‍ᠢᠷᠳᠢᠠᠴᠤ ᠶᠢᠨ ᠭᠡᠦᠭᠡᠨ ᠨᠤᠭᠦᠳ ᠴᠦᠮ ᠶᠢᠡᠷ ᠶᠢᠡᠨ

ᠴᠡᠪᠠᠷᠭᠡᠨ ᠳᠦᠷᠦᠳᠡᠭ᠌ ᠶᠤᠮ

ᠶᠠᠭᠠᠭᠢᠭᠠᠤᠨ ᠭᠡᠪᠠᠯ ᠴᠤᠭᠭᠠᠷ ᠶᠢᠡᠨ

ᠨᠥᠭᠦᠷ ᠲᠤ ᠣᠴᠢᠵᠠᠭᠠᠳᠠᠭ ᠪᠠᠢ᠌ᠨ᠎ᠠ᠃

ᠢᠷᠡᠯᠲᠡ᠄ ᠨᠠᠮᠵᠢᠯ ᠤᠨ ᠮᠥᠩᠭᠡᠪᠠᠶᠡᠷ ᠰᠠᠮᠪᠠᠷ᠎ᠠ ᠳᠤ ᠬᠠᠳᠠᠭᠰᠠᠨ ᠢ ᠰᠢᠯᠵᠢᠭᠦᠯᠤᠨ ᠭᠡᠷᠡᠭᠯᠡᠪᠡ
ᠬᠠᠷᠢᠶ᠎ᠠ᠄ ᠰᠢᠯᠦᠭ
ᠳᠠᠷᠤᠮ᠄ 35698
ᠴᠠᠭ᠄ 2008 ᠤᠨ ᠤ 02 ᠰᠠᠷ᠎ᠠ ᠶᠢᠨ 05
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ 1 ᠤᠷᠮᠠᠰᠢᠭᠤᠯᠤᠯ 1 ᠠᠯᠳᠠᠭ᠎ᠠ ᠲᠠᠢ