ᠨᠡᠪᠲᠡᠷᠡᠨ ᠤᠷᠤᠬᠤ
ᠨᠤᠳᠤᠬ ᠡᠬᠡᠨᠡᠭᠰᠢᠭ᠍ᠰᠡᠨ ᠬᠠᠢ᠌ᠷ᠎ᠠ

ᠮᠤᠩᠭ᠋ᠤᠯ ᠨᠤᠳᠤᠭ


ᠠᠷᠰᠯᠠᠨ ᠵᠠᠭᠠᠨ ᠤ ᠮᠠᠭᠰᠢᠯ ᠤᠨ ᠠᠪᠣᠷᠭᠤ ᠣᠯᠠᠨ ᠪᠦᠭᠡᠴᠢᠨ ᠲᠡᠶ

ᠠᠯᠤᠰ ᠤᠨ ᠵᠠᠮ ᠢ ᠣᠢ᠌ᠷᠠᠳᠤᠭᠤᠯᠬᠤ ᠠᠭᠳᠠ ᠮᠤᠷᠢᠨ ᠤ ᠳᠠᠪᠭᠢᠭ᠎ᠠ ᠲᠡᠶ

ᠠᠭᠠᠷ ᠶᠢᠡᠷ ᠳᠡᠭᠦᠯᠢᠭᠦ ᠵᠢᠭᠦᠷᠳᠡᠨ ᠢ ᠠᠠᠳᠠᠬᠤ ᠦᠭᠡᠶ ᠣᠨᠤᠭᠤᠬᠤ ᠰᠤᠷᠴᠢᠨ ᠲᠡᠶ

ᠠᠷᠠᠤᠨ ᠤᠨ ᠰᠠᠤᠠᠭᠢᠯ ᠢ ᠪᠠᠶᠠᠰᠬᠠᠬᠤ ᠡᠷ᠎ᠡ ᠶᠢᠨ ᠭᠤᠷᠪᠠᠨ ᠨᠠᠭᠠᠳᠤᠮ ᠲᠡᠶ

ᠳᠡᠭᠡᠳᠦᠰ ᠡᠴᠡ ᠣᠯᠠᠮᠵᠢᠯᠠᠭᠰᠠᠨ ᠳᠠᠩᠰᠤᠭ ᠪᠣᠭᠤᠷᠤᠯ ᠳᠡᠦᠭᠡ ᠲᠡᠶ

ᠳᠡᠯᠡᠭᠡᠢ ᠳᠤ ᠭᠠᠢ᠌ᠬᠠᠭᠤᠯᠬᠤ ᠳᠡᠯᠭᠡᠷ ᠪᠠᠶᠠᠨ ᠭᠦᠷᠦᠩᠭᠡ ᠲᠡᠶ

ᠵᠥᠪᠭᠡᠨ ᠮᠤᠩᠭ᠋ᠤᠯ ᠣᠷᠤᠨ ᠤ ᠵᠣᠢ᠌ᠷᠯᠠᠰᠢ ᠦᠭᠡᠶ ᠰᠠᠢ᠌ᠬᠠᠨ ᠨᠤᠳᠤᠭ ︕

ᠠᠳᠠᠷ ᠤᠨ ᠵᠥᠭᠡᠯᠡᠨ ᠰᠠᠯᠭᠢ ᠨᠢ ᠡᠵᠢ ᠶᠢᠨ ᠰᠢᠪᠠᠨᠠᠯ ᠶᠢᠡᠷ ᠰᠠᠩᠭᠢᠨᠠᠵᠤ

ᠠᠷᠳᠠᠭ ᠰᠥᠷᠯᠢᠭ᠌ ᠠᠭᠤᠯᠠᠰ ᠨᠢ ᠠᠪᠣ ᠶᠢᠨ ᠪᠠᠷ᠎ᠠ ᠪᠠᠷ ᠰᠦᠠᠳᠠᠷᠯᠠᠵᠤ

ᠠᠰᠬᠠᠮ᠎ᠠ ᠪᠢᠯᠬᠠᠮ᠎ᠠ ᠣᠷᠤᠰᠬᠠᠯ ᠨᠢ ᠡᠷᠭᠢ ᠪᠠᠨ ᠦᠨᠦᠰᠤᠨ ᠢᠷᠠᠯᠵᠠᠭᠰᠠᠨ

ᠠᠷᠪᠠᠨ ᠥᠩᠭᠡ ᠶᠢᠨ ᠴᠡᠴᠡᠭ᠌ ᠨᠢ ᠳᠠᠯ᠎ᠠ ᠪᠠᠨ ᠴᠢᠮᠠᠨ ᠰᠤᠯᠤᠩᠭ᠋ᠠᠷᠠᠭᠰᠠᠨ

ᠮᠤᠩᠭ᠋ᠤᠯ ᠭᠦᠮᠤᠨ ᠤ ᠦᠨᠢ ᠮᠥᠩᠭᠡ ᠶᠢᠨ ᠰᠢᠳᠦᠭᠡᠨ

ᠮᠤᠬᠤᠰᠢ ᠦᠭᠡᠶ ᠡᠷ᠎ᠡ ᠵᠤᠷᠢᠭ ᠤᠨ ᠭᠢᠨᠢ ᠪᠣᠯᠠᠭ

ᠵᠥᠪᠭᠡᠨ ᠮᠤᠩᠭ᠋ᠤᠯ ᠣᠷᠤᠨ ᠤ ᠵᠣᠢ᠌ᠷᠯᠠᠰᠢ ᠦᠭᠡᠶ ᠠᠭᠤᠳᠠᠮ ᠨᠤᠳᠤᠭ ︕

ᠠᠷᠭᠠᠯ ᠤᠨ ᠴᠡᠩᠭᠡᠷ ᠣᠳᠤᠭ᠎ᠠ ᠨᠢ ᠣᠭᠠᠯᠵᠠᠨ ᠭᠡ ᠲᠡᠶ ᠰᠤᠨᠤᠯᠵᠠᠵᠤ

ᠠᠢ᠌ᠷᠠᠭ ᠤᠨ ᠢᠰᠭᠦᠯᠡᠩ ᠦᠨᠦᠷ ᠨᠢ ᠠᠮᠠᠷᠠᠭ ᠤᠨ ᠣᠷᠤᠭᠤᠯ ᠰᠢᠭ ᠵᠥᠭᠡᠯᠡᠨ

ᠠᠷᠠᠯᠳᠤ ᠳᠡᠷᠭᠡᠨ ᠤ ᠠᠶᠠᠨ ᠤ ᠣᠷᠳᠤ ᠴᠥᠷᠭᠦᠭᠡᠯ ᠲᠡᠶ

ᠠᠳᠤᠭᠤᠴᠢᠨ ᠡᠷ᠎ᠡ ᠶᠢᠨ ᠠᠷᠤ ᠬᠠᠩᠭ᠋ᠠᠢ ᠨᠤᠳᠤᠭ ᠲᠡᠶ

ᠮᠤᠷᠢᠨ ᠬᠤᠭᠤᠷ ᠤᠨ ᠮᠤᠩᠭ᠋ᠤᠯ ᠠᠶᠠᠯᠭᠤᠨ ᠴᠢᠪᠬᠠᠳᠠᠯ ᠲᠡᠶ

ᠮᠠᠯᠴᠢᠨ ᠭᠦᠮᠤᠨ ᠤ ᠮᠥᠩᠭᠡ ᠰᠠᠴᠠᠨ ᠣᠬᠠᠭᠠᠨ ᠲᠡᠶ

ᠵᠥᠪᠭᠡᠨ ᠮᠤᠩᠭ᠋ᠤᠯ ᠣᠷᠤᠨ ᠤ ᠵᠣᠢ᠌ᠷᠯᠠᠰᠢ ᠦᠭᠡᠶ ᠳᠡᠨᠢᠭᠦᠨ ᠨᠤᠳᠤᠭ ︕


ᠠᠮᠢᠵᠢᠷᠠᠯ ᠳᠦᠭᠡᠬᠡᠭ᠍ᠰᠡᠨ ᠨᠤᠳᠤᠭ


ᠦᠨᠳᠦᠷ ᠳᠡᠭ᠍ᠷᠢ ᠶᠢᠨ ᠳᠤᠤᠷ᠎ᠠ ᠥᠷᠭᠡᠨ ᠳᠠᠯ᠎ᠠ ᠴᠠᠯᠠᠢ᠌ᠵᠤ

ᠣᠯᠠᠭᠠᠨ ᠨᠠᠷᠠᠨ ᠤ ᠢᠯᠴᠢᠨ ᠳᠤ ᠣᠶᠠᠷᠠᠩᠬᠠᠨ ᠭᠦᠪᠦᠷᠡᠨ᠎ᠡ

ᠡᠪᠦᠯ ᠤᠨ ᠬᠠᠭᠢᠷ ᠢ ᠳᠤᠭᠤᠯᠤᠭᠰᠠᠨ ᠪᠣᠯᠠᠭ ᠱᠠᠩᠳᠠ ᠣᠶᠠᠰᠬᠤ ᠳᠤ

ᠣᠰᠤᠨ ᠤ ᠮᠡᠯᠡᠭᠡᠢ᠌ᠤᠨ ᠪᠠᠶᠠᠰᠴᠤ ᠣᠶᠠᠷᠠᠩᠬᠠᠨ ᠳᠠᠭᠤᠯᠠᠯᠳᠤᠨ᠎ᠠ

ᠳᠤᠪᠣ ᠳᠤᠪᠣᠴᠠᠭ ᠪᠦᠷᠭᠦᠨ ᠳᠠᠯᠠᠨ ᠳᠦᠷᠦᠭᠦᠤ ᠴᠡᠴᠡᠭᠯᠡᠵᠤ

ᠭᠤᠪᠢ ᠭᠦᠡᠳᠡᠢ ᠪᠦᠭᠦᠨ ᠨᠤᠭᠤᠭᠠᠷᠠᠵᠤ ᠳᠤᠨᠤᠷᠠᠩᠬᠠᠨ ᠠᠮᠢᠯᠠᠨ᠎ᠠ

ᠳᠠᠯ᠎ᠠ ᠶᠢᠨ ᠮᠤᠩᠭ᠋ᠤᠯ ᠠᠢ᠌ᠯ ᠤᠳ ᠰᠠᠷᠠᠭᠤᠯ ᠳᠠᠢ᠌ᠪᠣᠩ ᠨᠤᠳᠤᠭᠯᠠᠵᠤ

ᠳᠤᠢᠯ ᠤᠨ ᠳᠠᠭᠤᠨ ᠤ ᠡᠭᠡᠰᠢᠭ᠌ ᠬᠠᠩᠭᠢᠨᠠᠩᠬᠠᠨ ᠴᠤᠤᠷᠢᠶᠠᠳᠤᠨ᠎ᠠ

ᠠᠭᠤᠯᠠᠨ ᠭᠢᠷ᠎ᠠ ᠲᠠᠭᠠᠨ ᠳᠠᠩᠰᠤᠭ ᠰᠥᠷᠦᠭ᠌ ᠪᠠᠯᠴᠢᠭᠦ ᠳᠤ

ᠣᠬᠠᠭᠠᠯᠢᠭ ᠴᠤᠪᠣᠭᠤ ᠬᠤᠨᠢᠴᠢᠨ ᠣᠷᠳᠤ ᠶᠢᠨ ᠳᠠᠭᠤᠤ ᠪᠠᠨ ᠬᠠᠩᠭᠢᠨᠠᠭᠤᠯᠤᠨ᠎ᠠ

ᠣᠷᠢᠬᠠᠨ ᠬᠠᠪᠣᠷ ᠤᠨ ᠰᠠᠯᠭᠢᠨ ᠳᠤ ᠴᠡᠭᠡᠵᠢ ᠳᠡᠨᠢᠭᠦᠨ ᠠᠳᠤᠭᠤᠴᠢᠨ

ᠣᠷᠭᠠᠨ ᠬᠣᠢ᠌ᠪᠢ ᠭᠡᠢ᠌ᠰᠭᠡᠨ ᠢᠰᠭᠢᠷᠤᠩᠬᠠᠨ ᠬᠠᠳᠠᠷᠢᠭᠤᠯᠤᠨ᠎ᠠ

ᠦᠶ᠎ᠡ ᠶᠢᠨ ᠣᠯᠠᠨ ᠵᠠᠯᠠᠭᠤᠰ ᠵᠤᠳᠤᠭ ᠮᠦᠷᠤᠯᠠᠨ ᠣᠷᠤᠯᠳᠤᠬᠤ ᠳᠤ

ᠠᠯᠢᠶᠠᠯᠢᠭ ᠳᠡᠭ᠍ᠵᠢᠨ ᠭᠡᠦᠭᠡᠡᠴᠦᠳ ᠣᠤᠬᠠᠢ ᠬᠠᠰᠭᠢᠷᠤᠨ ᠪᠠᠶᠠᠰᠤᠯᠴᠠᠨ᠎ᠠ

ᠦᠰᠪᠦᠷᠢ ᠶᠢᠨ ᠵᠢᠭᠠᠯ ᠭᠡᠦᠭᠡᠤᠨ ᠤᠳ ᠪᠢᠴᠢᠭ᠌ ᠤᠨ ᠪᠣᠭᠴᠤ ᠮᠦᠷᠤᠯᠠᠨ

ᠡᠷᠳᠡᠮ ᠤᠨ ᠳᠠᠯᠠᠢ ᠳᠤ ᠱᠤᠩᠪᠠᠬᠤ ᠪᠠᠷ ᠰᠤᠷᠭᠠᠭᠤᠯᠢ ᠶᠢᠨ ᠭᠦᠷᠢᠶᠡᠨ ᠳᠤ ᠳᠤᠭᠯᠠᠯᠳᠤᠨ᠎ᠠ

ᠬᠠᠪᠣᠷ ᠤᠨ ᠣᠷᠢᠨ ᠳᠤᠯᠠᠭᠠᠨ ᠬᠠᠨᠠᠭᠠᠷ ᠰᠠᠷᠠᠭᠤᠯᠬᠠᠨ ᠨᠤᠳᠤᠭ ᠲᠤ

ᠰᠠᠯᠭᠢᠨ ᠳᠤ ᠪᠣᠷᠤᠯᠠᠭᠰᠠᠨ ᠮᠠᠯᠴᠢᠤᠨ ᠰᠠᠨᠠᠭ᠎ᠠ ᠳᠡᠨᠢᠭᠡᠷ ᠵᠢᠷᠭᠠᠨ᠎ᠠ

ᠪᠠᠷᠠᠭᠠᠨ ᠵᠡᠭᠦᠨ ᠬᠤᠳᠠ ᠪᠠᠷ ᠶᠢᠡᠨ ᠶᠠᠷᠢᠶ᠎ᠠ ᠭᠦᠭᠡᠷᠤᠨ ᠪᠠᠶᠠᠰᠴᠤ

ᠪᠠᠯᠭᠡᠳᠤ ᠵᠠᠭᠤᠨ ᠤ ᠰᠠᠢ᠌ᠬᠠᠨ ᠢ ᠱᠠᠭᠰᠢᠨ ᠮᠠᠭᠳᠠᠨ ᠪᠠᠶᠠᠷᠯᠠᠯᠳᠤᠨ᠎ᠠ ︕


ᠠᠮᠠᠷᠠᠭ ᠤᠨ ᠮᠤᠩᠭ᠋ᠤᠯ


ᠣᠭᠢᠯᠠᠵᠤ ᠳᠦᠷᠦᠭ᠍ᠰᠡᠨ ᠳᠡᠯᠡᠭᠡᠢ ᠮᠢᠨᠢ ᠮᠤᠩᠭ᠋ᠤᠯ

ᠥᠯᠦᠭᠡᠢ᠌ᠳᠡᠵᠤ ᠬᠠᠭᠤᠷᠠᠢ᠌ᠯᠠᠭᠰᠠᠨ ᠰᠢᠷᠤᠢ ᠮᠢᠨᠢ ᠮᠤᠩᠭ᠋ᠤᠯ

ᠡᠯᠢᠭᠡᠳᠡᠵᠤ ᠮᠥᠯᠭᠦᠭ᠍ᠰᠡᠨ ᠳᠠᠯ᠎ᠠ ᠮᠢᠨᠢ ᠮᠤᠩᠭ᠋ᠤᠯ

ᠡᠷᠭᠡᠯᠡᠵᠤ ᠥᠰᠦᠭ᠍ᠰᠡᠨ ᠨᠤᠳᠤᠭ ᠮᠢᠨᠢ ᠮᠤᠩᠭ᠋ᠤᠯ

ᠡᠩᠭᠡᠷ ᠲᠤ ᠪᠠᠨ ᠪᠦᠪᠠᠢ᠌ᠯᠡᠭ᠍ᠰᠡᠨ ᠠᠭᠤᠯᠠ ᠮᠢᠨᠢ ᠮᠤᠩᠭ᠋ᠤᠯ

ᠡᠷᠭᠢᠨ ᠳᠤ ᠪᠠᠨ ᠨᠠᠭᠠᠳᠤᠭᠤᠯᠤᠭᠰᠠᠨ ᠭᠤᠤᠯ ᠮᠢᠨᠢ ᠮᠤᠩᠭ᠋ᠤᠯ ᠁

ᠠᠮᠢᠳᠤᠷᠠᠯ ᠤᠨ ᠪᠦᠭᠦᠨ ᠮᠢᠨᠢ ᠮᠤᠩᠭ᠋ᠤᠯ ᠳᠤᠯᠠ

ᠦᠨᠢᠳᠠ ᠪᠢ ᠮᠤᠩᠭ᠋ᠤᠯ ᠪᠠᠢ᠌ᠬᠤ ᠶᠤᠰᠤᠳᠠᠢ

ᠮᠤᠩᠭ᠋ᠤᠯ ᠭᠡᠵᠤ ᠶ‍ᠢᠷᠳᠢᠠᠴᠤ ᠳᠤ ᠢᠷᠡᠭ᠍ᠰᠡᠨ ᠪᠣᠯᠬᠤᠷ

ᠮᠤᠩᠭ᠋ᠤᠯ ᠭᠡᠮᠡᠨ ᠳᠤᠯᠭ᠎ᠠ ᠠᠰᠠᠭᠠᠬᠤ ᠶᠤᠰᠤᠳᠠᠢ

ᠠᠪᠣ ᠡᠵᠢ ᠂ ᠠᠬ᠎ᠠ ᠳᠡᠭᠦᠤ ᠂ ᠠᠢ᠌ᠯ ᠰᠠᠳᠤᠨ ᠮᠢᠨᠢ ᠮᠤᠩᠭ᠋ᠤᠯ ᠪᠣᠯᠬᠤᠷ

ᠠᠰ ᠤᠨ ᠪᠠᠶ᠎ᠠ ᠳᠤ ᠭᠠᠭᠴᠠ ᠢᠷᠡᠳᠡᠭ᠌ ᠠᠮᠠᠷᠠᠭ ᠮᠢᠨᠢ ᠮᠤᠩᠭ᠋ᠤᠯ ᠪᠠᠢ᠌ᠬᠤ ᠶᠤᠰᠤᠳᠠᠢ ︕

ᠵᠤᠬᠢᠶᠠᠭᠴᠢ᠄ ᠨᠠᠮᠵᠢᠯ ᠤᠨ ᠮᠦᠩᠬᠡᠪᠠᠶᠠᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 3098
ᠴᠠᠭ᠄ 2007 ᠤᠨ ᠤ 03 ᠰᠠᠷ᠎ᠠ ᠶᠢᠨ 15
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ