☆ ᠭᠦᠭᠡ᠂ ᠰᠤ᠋·ᠨᠠᠷᠠᠰᠤ
《ᠭᠦᠭᠡᠳ》 ᠭᠡᠳᠡᠭ᠌ ᠨᠠᠷᠠᠢ᠌ᠳᠤᠯ ᠤᠨ ᠳᠤᠬᠠᠢ ᠰᠥᠪᠠᠭ᠍ᠴᠢᠯᠡᠭᠦ ᠨᠢ
[ ᠠᠭᠤᠯᠭ᠎ᠠ ᠶᠢᠨ ᠳᠤᠪᠴᠢ ] ᠳᠤᠰ ᠥᠭᠦᠯᠡᠯ ᠳᠤ ᠬᠦᠬᠡᠨᠠᠭᠤᠷ ᠤᠨ ᠬᠤᠷᠢᠨ ᠶᠢᠰᠤᠨ ᠬᠤᠰᠢᠭᠤᠨ ᠤ ᠨᠢᠭᠡ ᠪᠣᠯᠬᠤ ᠭᠦᠭᠡᠳ ᠬᠤᠰᠢᠭᠤᠨ ᠤ ᠨᠠᠷᠠᠢ᠌ᠳᠤᠯ ᠪᠣᠯ ᠡᠷᠳᠡᠨ ᠤ ᠮᠤᠩᠭ᠋ᠤᠯ ᠣᠪᠣᠭ ᠠᠢ᠌ᠮᠠᠭ ᠤᠨ ᠳᠤᠳᠤᠷᠠᠭᠢ 《ᠭᠦᠭᠡᠢ᠌ᠳ》 ᠭᠡᠳᠡᠭ᠌ ᠣᠳᠤᠭ ᠪᠣᠶᠤ ᠣᠪᠣᠭ ᠤᠨ ᠨᠠᠷᠠᠢ᠌ᠳᠤᠯ ᠡᠴᠡ ᠢᠷᠠᠯᠳᠠ ᠲᠡᠶ ᠭᠡᠭᠦ ᠦᠵᠡᠯᠳᠠ ᠶᠢ ᠳᠡᠪᠰᠢᠭᠦᠯᠵᠡᠢ᠃
[ ᠵᠠᠩᠭᠢᠯᠭ᠎ᠠ ᠶᠢᠨ ᠥᠭᠡ ] ᠭᠦᠭᠡᠳ ᠨᠠᠷᠠᠢ᠌ᠳᠤᠯ ᠰᠥᠪᠠᠭ᠍ᠴᠢᠯᠡᠯ
ᠭᠦᠭᠡᠳ ᠬᠤᠰᠢᠭᠤ ᠪᠣᠯ ᠬᠦᠬᠡᠨᠠᠭᠤᠷ ᠤᠨ ᠮᠤᠩᠭ᠋ᠤᠯ ᠬᠤᠷᠢᠨ ᠶᠢᠰᠤᠨ ᠬᠤᠰᠢᠭᠤᠨ ᠤ ᠳᠤᠳᠤᠷᠠᠭᠢ ᠬᠤᠷᠢᠨ ᠨᠢᠭᠡᠨ ᠬᠤᠱᠤᠳ ᠬᠤᠰᠢᠭᠤᠨ ᠤ ᠨᠢᠭᠡ ᠨᠢ ᠪᠣᠯᠤᠨ᠎ᠠ᠃ ᠳᠤᠰ ᠬᠤᠰᠢᠭᠤ ᠪᠣᠯ ᠭᠦᠦᠰᠢ ᠬᠠᠨ ᠤ ᠵᠢᠷᠭᠤᠳᠤᠭᠠᠷ ᠭᠦᠪᠠᠭᠦᠨ ᠳᠤᠷᠵᠢ ᠳᠠᠯᠠᠢ ᠬᠤᠩ ᠳᠠᠢ᠌ᠵᠢ ᠶᠢᠨ ᠬᠤᠶᠠᠳᠤᠭᠠᠷ ᠭᠦᠪᠠᠭᠦᠨ ᠰᠠᠴᠤᠭᠤ ᠮᠡᠷᠭᠡᠨ ᠳᠠᠢ᠌ᠵᠢ ᠶᠢᠨ ᠬᠣᠢ᠌ᠴᠢᠰ ᠪᠣᠶᠤ ᠠᠯᠪᠠᠳᠤ ᠨᠢ ᠪᠣᠯᠤᠨ᠎ᠠ᠃ ᠮᠠᠠᠵᠤ ᠴᠢᠩ ᠤᠨ ᠳᠦᠷᠤ ᠡᠴᠡ ᠬᠦᠬᠡᠨᠠᠭᠤᠷ ᠮᠤᠩᠭ᠋ᠤᠯ ᠢ ᠠᠩᠬ᠎ᠠ ᠬᠤᠰᠢᠭᠤ ᠪᠣᠯᠭᠠᠨ ᠬᠤᠪᠢᠶᠠᠬᠤ ᠦᠶ᠎ᠡ ᠳᠤ ᠳᠤᠰ ᠬᠤᠰᠢᠭᠤ ᠨᠢ ᠨᠠᠢ᠌ᠳᠠ 1350 ᠡᠷᠦᠭᠡ ᠲᠡᠶ ᠳᠤᠮᠤ ᠬᠤᠰᠢᠭᠤ ᠪᠠᠢ᠌ᠵᠠᠢ᠃ ᠭᠡᠪᠠᠴᠤ 1938 ᠣᠨ ᠤ ᠪᠦᠷᠦᠡᠭᠡᠯ ᠢ ᠦᠨᠳᠦᠰᠦᠯᠠᠪᠠᠯ ᠳᠤᠰ ᠬᠤᠰᠢᠭᠤᠨ ᠤ ᠡᠷᠦᠭᠡ ᠠᠮᠠ ᠶᠢᠨ ᠳᠤᠭ᠎ᠠ ᠬᠠᠰᠤᠭᠳᠠᠭᠠᠤᠨ ᠵᠥᠪᠭᠡᠨ 600 ᠭᠠᠷᠤᠢ ᠡᠷᠦᠭᠡ ᠥᠯᠡᠳᠡᠭ᠍ᠰᠡᠨ ᠪᠠᠢ᠌ᠵᠠᠢ①᠃ ᠮᠠᠠᠵᠤ ᠴᠢᠩ ᠣᠯᠤᠰ ᠤᠨ ᠪᠢᠴᠢᠭ᠌ ᠬᠠᠷ᠎ᠠ ᠳᠤ ᠳᠤᠰ ᠬᠤᠰᠢᠭᠤ ᠶᠢ ᠵᠡᠭᠦᠨ ᠭᠠᠷ ᠤᠨ ᠪᠠᠷᠠᠭᠤᠨ ᠬᠣᠢ᠌ᠳᠤ ᠬᠤᠰᠢᠭᠤ ᠭᠡᠵᠤ᠂ ᠵᠠᠩᠰᠢᠯ ᠶᠢᠡᠷ ᠭᠦᠭᠡᠳ ᠪᠠᠢ᠌ᠯ᠎ᠠ ᠶᠢᠨ ᠬᠤᠰᠢᠭᠤ ᠭᠡᠳᠡᠭ᠌᠃ ᠣᠳᠤ ᠶᠢᠨ ᠣᠯᠭᠠᠠᠨ ᠰᠢᠶᠠᠨ ᠤ ᠰᠡᠷᠭᠡ ᠰᠤᠮᠤᠨ ᠤ ᠪᠠᠷᠠᠭᠤᠨ ᠭᠦᠭᠡᠳ᠂ ᠵᠡᠭᠦᠨ ᠭᠦᠭᠡᠳ ᠪᠣᠯᠤᠨ ᠪᠣᠯᠠᠩᠭᠢᠷ ᠳᠤᠰᠬᠤᠨ ᠪᠣᠯᠤᠨ᠎ᠠ᠃ ᠨᠢᠭᠡ ᠦᠨᠳᠦᠰᠦᠳᠠᠨ ᠶᠠᠰᠤᠳᠠᠨ ᠤ ᠡᠭᠦᠰᠦᠯ ᠭᠠᠷᠤᠯ᠂ ᠣᠪᠣᠭ ᠠᠢ᠌ᠮᠠᠭ ᠤᠨ ᠳᠡᠦᠭᠡ᠂ ᠣᠯᠠᠮᠵᠢᠯᠠᠯᠳᠤ ᠰᠤᠶᠤᠯ ᠢ ᠣᠭᠰᠠᠭᠠᠳᠠᠨ ᠤ ᠵᠦᠢ ᠶᠢᠨ ᠡᠭᠦᠳᠡᠨ ᠡᠴᠡ ᠨᠠᠷᠢᠪᠴᠢᠯᠠᠨ ᠰᠤᠳᠤᠯᠬᠤ ᠨᠢ ᠲᠤᠢ᠌ᠯ ᠤᠨ ᠠᠴᠢ ᠬᠤᠯᠪᠣᠭᠳᠠᠯ ᠲᠡᠶ ᠣᠴᠢᠷ ᠭᠡᠵᠤ ᠥᠵᠡᠭ᠍ᠰᠡᠨ ᠳᠤᠯᠠ ᠡ᠊ᠨᠳᠡ ᠪᠢ 《ᠭᠦᠭᠡᠳ》 ᠭᠡᠳᠡᠭ᠌ ᠨᠠᠷᠠᠢ᠌ᠳᠤᠯ ᠤᠨ ᠳᠤᠬᠠᠢ ᠦᠪᠡᠷ ᠤᠨ ᠪᠣᠯᠪᠠᠰᠤᠷᠠᠩᠭ᠋ᠤᠢ ᠪᠣᠰᠤ ᠦᠵᠡᠯᠳᠠ ᠪᠠᠨ ᠳᠤᠷᠠᠳᠴᠤ ᠡᠷᠳᠡᠮᠳᠡᠨ ᠮᠡᠷᠭᠡᠳ ᠤᠨ ᠰᠠᠨᠠᠯ ᠵᠥᠪᠯᠡᠯᠭᠡ ᠶᠢ ᠰᠤᠨᠤᠰᠠᠬᠤ ᠭᠡᠰᠡᠨ ᠨᠢ ᠡᠨᠡ ᠪᠢᠯᠠ᠃
ᠨᠢᠭᠡ᠂ 《ᠭᠦᠭᠡᠳ》 ᠭᠡᠳᠡᠭ᠌ ᠨᠠᠷᠠᠢ᠌ᠳᠤᠯ ᠤᠨ ᠳᠤᠬᠠᠢ ᠳᠤᠮᠤᠭ ᠪᠠ ᠳᠠᠢ᠌ᠯᠪᠣᠷᠢ ᠨᠤᠭᠤᠳ
ᠳᠡᠭᠡᠳᠤ ᠮᠤᠩᠭ᠋ᠤᠯ ᠤᠨ ᠭᠠᠵᠠᠷ ᠣᠰᠤᠨ ᠤ ᠨᠠᠷᠠᠢ᠌ᠳᠤᠯ ᠪᠣᠶᠤ ᠬᠤᠰᠢᠭᠤ ᠨᠤᠳᠤᠭ ᠤᠨ ᠨᠠᠷᠠᠢ᠌ᠳᠤᠯ ᠤᠨ ᠳᠤᠬᠠᠢ ᠮᠠᠰᠢ ᠠᠷᠪᠢᠨ ᠥᠯᠢᠭᠡᠷ ᠳᠤᠮᠤᠭ ᠣᠯᠠᠮᠵᠢᠯᠠᠭᠳᠠᠨ ᠶᠠᠷᠢᠭᠳᠠᠳᠠᠭ ᠪᠠᠢ᠌ᠳᠠᠭ ᠪᠣᠯᠪᠠᠴᠤ ᠳᠡᠭᠦᠨ ᠤ ᠳᠤᠬᠠᠢ ᠰᠤᠳᠤᠯᠵᠤ ᠳᠠᠢ᠌ᠯᠪᠣᠷᠢᠯᠠᠭᠰᠠᠨ ᠥᠭᠦᠯᠡᠯ ᠵᠤᠬᠢᠶᠠᠯ ᠳᠤᠩ ᠬᠤᠪᠣᠷᠬᠠᠨ ᠪᠠᠢ᠌ᠳᠠᠭ᠃ ᠬᠠᠯᠢᠭᠤᠨ᠂ ᠤᠶᠤᠨᠴᠡᠴᠡᠭ᠌ ᠤᠨ ᠡᠮᠭᠢᠳᠭᠡᠨ ᠨᠠᠢ᠌ᠷᠠᠭᠤᠯᠤᠭᠰᠠᠨ 《ᠳᠡᠭᠡᠳᠤ ᠮᠤᠩᠭ᠋ᠤᠯ ᠤᠨ ᠭᠠᠵᠠᠷ ᠤᠨ ᠨᠠᠷᠠ ᠶᠢᠨ ᠳᠤᠮᠤᠭ》 ᠭᠡᠳᠡᠭ᠌ ᠨᠤᠮ ᠳᠤ ᠳᠡᠭᠡᠳᠤ ᠮᠤᠩᠭ᠋ᠤᠯ ᠤᠨ ᠨᠠᠯᠢᠶᠠᠤᠨ ᠠᠷᠪᠢᠨ ᠭᠠᠵᠠᠷ ᠣᠰᠤᠨ ᠤ ᠨᠠᠷᠠᠢ᠌ᠳᠤᠯ ᠤᠨ ᠳᠤᠬᠠᠢ ᠳᠤᠮᠤᠭ ᠶᠠᠷᠢᠶ᠎ᠠ ᠶᠢ ᠡᠮᠭᠢᠳᠭᠡᠵᠤ ᠣᠷᠤᠭᠤᠯᠤᠭᠰᠠᠨ ᠪᠠᠢ᠌ᠳᠠᠭ ᠶᠢᠡᠷ ᠶᠢᠡᠨ ᠭᠠᠵᠠᠷ ᠣᠰᠤᠨ ᠤ ᠨᠠᠷᠠᠢ᠌ᠳᠤᠯ ᠢ ᠰᠢᠠᠵᠢᠯᠠᠵᠤ ᠰᠤᠳᠤᠯᠬᠤ ᠳᠤ ᠣᠯᠳᠠᠰᠢ ᠦᠭᠡᠶ ᠦᠨᠡᠳᠤ ᠮᠠᠲ᠋ᠸᠷᠢᠶᠠᠯ ᠪᠣᠯᠳᠠᠭ᠃ ᠬᠦᠬᠡᠨᠠᠭᠤᠷ ᠤᠨ ᠮᠤᠩᠭ᠋ᠤᠯ ᠬᠤᠰᠢᠭᠤᠳ ᠤᠨ ᠨᠠᠷᠠᠢ᠌ᠳᠤᠯ ᠢ ᠠᠵᠢᠭᠯᠠᠪᠠᠯ ᠣᠯᠠᠩᠭᠢ ᠨᠢ ᠪᠦᠷ ᠠᠷᠠᠤᠨ ᠤᠨ ᠠᠮᠠᠨ ᠶᠠᠷᠢᠶ᠎ᠠ ᠪᠣᠶᠤ ᠳᠤᠮᠤᠭ ᠶᠠᠷᠢᠶ᠎ᠠ ᠪᠠᠷ ᠳᠠᠮᠵᠢᠨ ᠳᠠᠢ᠌ᠯᠪᠣᠷᠢᠯᠠᠭᠳᠠᠵᠤ ᠪᠠᠢ᠌ᠳᠠᠭ᠃ 《ᠭᠦᠭᠡᠳ》 ᠬᠤᠰᠢᠭᠤᠨ ᠤ ᠨᠠᠷᠠᠢ᠌ᠳᠤᠯ ᠤᠨ ᠳᠤᠬᠠᠢ ᠳᠤᠮᠤᠭ ᠶᠠᠷᠢᠶ᠎ᠠ ᠪᠣᠶᠤ ᠳᠠᠢ᠌ᠯᠪᠣᠷᠢ ᠶᠢ ᠬᠤᠷᠢᠶᠠᠩᠭ᠋ᠣᠢ᠌ᠯᠠᠨ ᠳᠤᠷᠠᠳᠪᠠᠯ ᠳᠤᠤᠷᠠᠭᠢ ᠮᠠᠳᠤ ᠪᠠᠢ᠌ᠨ᠎ᠠ᠃
(ᠨᠢᠭᠡ)᠂ ᠳᠡᠦᠭᠡᠨ ᠭᠦᠮᠤᠨ ᠪᠣᠶᠤ ᠳᠡᠦᠭᠡᠨ ᠭᠡᠷᠡᠭ᠌ ᠶᠠᠪᠣᠳᠠᠯ ᠶᠢᠡᠷ ᠡᠰᠢᠯᠡᠭ᠍ᠰᠡᠨ ᠠᠮᠠᠨ ᠶᠠᠷᠢᠶ᠎ᠠ ᠪᠣᠶᠤ ᠳᠤᠮᠤᠭ ᠶᠠᠷᠢᠶ᠎ᠠ
1᠂ ᠡᠷᠳᠡ ᠣᠷᠢᠳᠤ ᠴᠠᠭ ᠲᠤ᠂ ᠳᠤᠰ ᠬᠤᠰᠢᠭᠤᠨ ᠤ ᠰᠡᠷᠭᠡ ᠭᠡᠳᠡᠭ᠌ ᠭᠠᠵᠠᠷ ᠲᠤ ᠳᠤᠯᠤᠭᠠᠨ ᠭᠦᠭᠡ ᠮᠤᠷᠢ ᠲᠡᠶ ᠭᠦᠮᠦᠰ ᠢᠷᠠᠵᠤ ᠪᠠᠭᠤᠭᠰᠠᠨ ᠳᠤ ᠭᠦᠮᠦᠰ ᠄ 《ᠳᠠᠨᠤᠰ ᠭᠡᠨ ᠤ ᠭᠢᠰ ᠪᠣᠢ ︖》 ᠭᠡᠵᠤ ᠠᠰᠠᠭᠤᠭᠰᠠᠨ ᠳᠤ᠂ ᠳᠠᠷᠠ ᠳᠤᠯᠤᠭᠠᠨ ᠭᠦᠮᠦᠰ᠄ 《ᠮᠠᠨᠤᠰ ᠭᠦᠭᠡᠳ ᠤᠨ ᠭᠢᠰ ᠪᠠᠢ᠌ᠨ᠎ᠠ》 ᠭᠡᠵᠤ ᠬᠠᠷᠢᠭᠤᠯᠵᠠᠢ ᠭᠡᠨ᠎ᠡ᠃ ᠬᠤᠵᠢᠮ ᠨᠢ ᠡᠨᠡ ᠳᠤᠯᠤᠭᠠᠨ ᠭᠦᠮᠤᠨ ᠡ᠊ᠨᠳᠡ ᠪᠠᠨ ᠨᠤᠳᠤᠭᠰᠢᠨ ᠰᠠᠭᠤᠵᠤ ᠣᠨ ᠣᠳᠠᠭᠠᠨ ᠳᠠᠭᠠᠨ ᠦᠷᠠᠵᠢᠵᠤ ᠭᠦᠭ᠍ᠵᠢᠭ᠍ᠰᠡᠭᠡᠷ ᠨᠢᠭᠡ ᠬᠤᠰᠢᠭᠤ ᠪᠣᠯᠤᠭᠰᠠᠨ ᠳᠤ᠂ ᠡ᠊ᠨᠳᠡᠭᠢ ᠭᠦᠮᠦᠰ ᠳᠡᠭᠦᠨ ᠢ ᠭᠦᠭᠡᠳ ᠬᠤᠰᠢᠭᠤᠨ ᠭᠡᠳ ᠳᠠᠭᠤᠳᠠᠳᠠᠭ ᠪᠣᠯᠤᠯ᠎ᠠ ᠭᠡᠨ᠎ᠡ②᠃
2᠂ ᠮᠠᠠᠵᠤ ᠴᠢᠩ ᠤᠨ ᠳᠦᠷᠤ ᠡᠴᠡ ᠬᠦᠬᠡᠨᠠᠭᠤᠷ ᠤᠨ ᠮᠤᠩᠭ᠋ᠤᠯᠴᠤᠳ ᠲᠤ ᠠᠩᠬ᠎ᠠ ᠬᠤᠰᠢᠭᠤ ᠬᠤᠪᠢᠶᠠᠬᠤ ᠦᠶ᠎ᠡ ᠳᠤ ᠳᠦᠷᠤ ᠶᠢᠨ ᠪᠠᠢ᠌ᠰᠠ ᠳᠠᠰᠢᠴᠠᠷᠠᠩ ᠳᠤ ᠨᠤᠳᠤᠭ ᠪᠠᠯᠴᠢᠭᠡᠷ ᠵᠠᠭᠠᠭᠯᠠᠵᠤ ᠦᠭᠭᠦ ᠳᠤ ᠶᠢᠰᠤᠨ ᠰᠤᠮᠤᠨ ᠤ ᠬᠤᠰᠢᠭᠤᠨ ᠵᠠᠩᠭᠢ ᠨᠢ ᠡᠵᠡᠨ ᠨᠤᠶᠠᠤᠨ ᠲᠡᠶ ᠪᠠᠨ ᠬᠠᠮᠳᠤ ᠢᠷᠠᠵᠤ ᠭᠠᠵᠠᠷ ᠶᠢᠡᠨ ᠦᠵᠡᠨ ᠪᠠᠯᠴᠢᠭᠡᠷ ᠶᠢᠡᠨ ᠳᠡᠮᠳᠡᠭᠯᠡᠵᠤ ᠠᠪᠴᠠᠢ᠃ ᠭᠠᠢ᠌ᠬᠠᠯᠳᠠᠢ ᠨᠢ ᠭᠡᠪᠠᠯ᠂ ᠳᠡᠳᠡᠭᠡᠷ ᠢᠷᠡᠭ᠍ᠰᠡᠨ ᠭᠦᠮᠦᠰ ᠤᠨ ᠣᠨᠤᠭᠰᠠᠨ ᠮᠤᠷᠢ ᠨᠢ ᠪᠦᠷ ᠭᠠᠭᠴᠠ ᠥᠩᠭᠡ ᠶᠢᠨ ᠵᠢᠰᠤ ᠲᠡᠶ ᠊᠊᠊᠊᠊᠊᠊᠊᠊᠊᠊᠊᠊᠊᠊ ᠳᠠᠩ ᠭᠦᠭᠡ ᠮᠤᠷᠢᠳ ᠪᠠᠢ᠌ᠪᠠ᠃ ᠥᠭᠡᠷ᠎ᠡ ᠬᠤᠰᠢᠭᠤᠨ ᠤ ᠭᠢᠰ ᠥᠵᠡᠭᠡᠳ᠄ 《ᠬᠠᠯᠢᠶ᠎ᠠ᠂ ᠳᠠᠩ ᠭᠦᠭᠡ ᠮᠤᠷᠢ ᠲᠡᠶ ᠠᠮᠢᠳᠠᠰ (ᠳᠡᠭᠡᠳᠤ ᠮᠤᠩᠭ᠋ᠤᠯᠴᠤᠳ ᠠᠮᠢᠳᠤᠷᠠᠯ ᠤᠨ ᠳᠤᠮᠳᠠ ᠭᠦᠮᠤᠨ ᠢ ᠠᠮᠢᠳᠠᠨ ᠭᠡᠵᠤ ᠭᠡᠯᠡᠵᠤ ᠵᠠᠩᠰᠢᠩᠰᠠᠨ) ᠢᠷᠡᠭ᠍ᠰᠡᠨ᠂ ᠭᠦᠭᠡᠳ ᠪᠠᠢ᠌ᠨ᠎ᠠ》 ᠭᠡᠳ ᠭᠦᠦᠷᠨᠢᠯᠳᠦᠵᠤ ᠪᠠᠢ᠌ᠯ᠎ᠠ ᠭᠡᠨ᠎ᠡ᠃ ᠳᠡᠭᠦᠨ ᠡᠴᠡ ᠬᠣᠢ᠌ᠷᠠ ᠡᠨᠡ ᠬᠤᠰᠢᠭᠤᠨ ᠢ 《ᠭᠦᠭᠡᠳ》᠂ 《ᠭᠦᠭᠡᠳ ᠤᠨ ᠭᠢᠰ》 ᠪᠠ 《ᠭᠦᠭᠡᠳ ᠪᠠᠢ᠌ᠯ᠎ᠠ》᠂ 《ᠭᠦᠭᠡᠳ ᠪᠠᠢ᠌ᠯ᠎ᠠ ᠶᠢᠨ ᠭᠢᠰ》③ ᠭᠡᠵᠤ ᠳᠠᠭᠤᠳᠠᠳᠠᠭ ᠪᠣᠯᠤᠯ᠎ᠠ ᠭᠡᠵᠤ ᠳᠡᠭᠡᠳᠤ ᠨᠤᠶᠠᠤᠨ᠂ ᠨᠠᠰᠤᠳᠠᠢ᠌ᠴᠤᠳ ᠭᠡᠯᠡᠳᠡᠭ᠌ ᠪᠠᠢ᠌ᠯ᠎ᠠ ᠭᠡᠵᠤ ᠵᠡᠭᠦᠨ ᠭᠦᠭᠡᠳ ᠤᠨ ᠱᠠᠮᠪᠠ ᠨᠠᠰᠤᠳᠠᠨ (ᠥᠩᠭᠡᠷᠡᠭ᠍ᠰᠡᠨ ᠳᠤ ᠬᠤᠰᠢᠭᠤᠨ ᠤ ᠳᠠᠮᠠᠭ᠎ᠠ ᠨᠤᠶᠠᠨ ᠤ ᠪᠢᠴᠢᠭᠡᠴᠢ ᠪᠠᠷ ᠪᠠᠢ᠌ᠭᠰᠠᠨ ᠯᠠᠮᠠ ᠭᠦᠮᠤᠨ) ᠭᠡᠯᠡᠵᠡᠢ᠃
3᠂ ᠭᠦᠭᠡᠳ ᠬᠤᠰᠢᠭᠤᠨ ᠳᠤ ᠭᠦᠦᠰᠢ ᠬᠠᠨ ᠦᠪᠡᠷ ᠤᠨ ᠶᠢᠡᠨ 《ᠭᠦᠭᠡᠳ》 ᠨᠠᠷᠠ ᠲᠡᠶ ᠪᠣᠬ᠎ᠠ ᠪᠠᠨ ᠪᠠᠯᠩ ᠪᠣᠯᠭᠠᠵᠤ ᠦᠭᠭᠦᠭ᠍ᠰᠡᠨ ᠡᠴᠡ ᠡᠨᠡ ᠬᠤᠰᠢᠭᠤᠨ ᠤ ᠨᠠᠷᠠ ᠶᠢ 《ᠭᠦᠭᠡᠳ》 ᠭᠡᠵᠤ ᠨᠡᠷᠡᠯᠡᠭ᠍ᠰᠡᠨ ᠭᠡᠵᠤ ᠭᠡᠯᠡᠳᠡᠭ᠌᠃ ᠳᠡᠭᠡᠭᠡᠳ ᠡᠨᠡ ᠭᠠᠵᠠᠷ ᠪᠠᠯᠢᠮ᠎ᠠ (ᠮᠤᠩᠭ᠋ᠤᠯ ᠥᠭᠡᠷ) ᠰᠠᠢ᠌ᠨ ᠭᠠᠷᠳᠠᠭ ᠭᠡᠨ᠎ᠡ④᠃ 《ᠬᠦᠬᠡᠨᠠᠭᠤᠷ ᠤᠨ ᠮᠤᠩᠭ᠋ᠤᠯ ᠢ ᠠᠩᠬ᠎ᠠ ᠬᠤᠰᠢᠭᠤ ᠬᠤᠪᠢᠶᠠᠬᠤ ᠳᠤ ᠭᠦᠭᠡᠳ ᠬᠤᠰᠢᠭᠤ ᠨᠢ ᠶᠢᠰᠤᠨ ᠰᠤᠮᠤ᠂ ᠶᠠᠷᠠᠨ ᠡᠷᠭᠡᠳᠡᠨ ᠲᠡᠶ ᠪᠠᠢ᠌ᠵᠤ ᠦᠪᠡᠷ ᠤᠨ ᠣᠪᠣᠭ ᠶᠠᠰᠤ ᠪᠠᠨ ᠳᠤᠭᠠᠯᠠᠳᠠᠭ ᠪᠠᠢ᠌ᠯ᠎ᠠ ᠭᠡᠵᠤ ᠨᠠᠰᠤᠳᠠᠢ᠌ᠴᠤᠳ ᠶᠠᠷᠢᠳᠠᠭ ᠪᠠᠢ᠌ᠯ᠎ᠠ᠃ ᠣᠳᠤ ᠪᠣᠯᠬᠤ ᠳᠤ ᠪᠦᠷ ᠣᠪᠣᠭ ᠶᠠᠰᠤ ᠪᠠᠨ ᠴᠤ ᠭᠡᠭᠡᠵᠤ ᠳᠤᠭᠠᠯᠠᠵᠤ ᠮᠡᠳᠡᠭᠦ ᠦᠭᠡᠶ ᠪᠣᠯᠵᠠᠢ》 ᠭᠡᠵᠤ ᠪᠠᠷᠠᠭᠤᠨ ᠭᠦᠭᠡᠳ ᠤᠨ ᠭᠠᠪᠽᠠᠩ ᠨᠠᠰᠤᠳᠠᠨ ᠪᠢᠳᠠᠨ ᠤ ᠰᠤᠷᠪᠣᠯᠵᠢᠯᠠᠭ᠎ᠠ ᠶᠢ ᠭᠦᠯᠢᠶᠡᠭᠦ ᠳᠡᠭᠡᠨ ᠶᠠᠷᠢᠵᠤ ᠪᠢᠯᠠ⑤᠃
(ᠬᠤᠶᠠᠷ) ᠭᠡᠯᠡ ᠵᠦᠢ ᠶᠢᠨ ᠬᠤᠪᠢᠷᠠᠯ ᠡᠴᠡ ᠡᠰᠢᠯᠡᠭ᠍ᠰᠡᠨ ᠳᠠᠢ᠌ᠯᠪᠣᠷᠢ
《ᠮᠤᠩᠭ᠋ᠤᠯ ᠤᠨ ᠬᠤᠰᠢᠭᠤ ᠨᠤᠳᠤᠭ ᠤᠨ ᠳᠡᠮᠳᠡᠭᠯᠡᠯ》 ᠳ᠋ᠤ᠄ 《ᠮᠦᠷᠤ ᠣᠰᠤᠨ ᠢ ᠬᠠᠭᠤᠴᠢᠨ ᠵᠢᠷᠤᠭ ᠲᠤᠷ ᠭᠦᠭᠡ ᠣᠰᠤᠨ ᠭᠡᠮᠡᠮᠦᠢ᠃ ᠬᠠᠳᠤᠨ ᠭᠤᠤᠯ ᠤᠨ ᠪᠠᠷᠠᠭᠤᠨ ᠪᠠᠶ᠎ᠠ ᠶᠢᠨ ᠶᠡᠭᠡ ᠴᠠᠰᠤᠳᠤ ᠠᠭᠤᠯᠠᠨ ᠤ ᠬᠣᠢ᠌ᠨ᠎ᠠ ᠪᠣᠢ》 ᠭᠡᠵᠤ ᠳᠤᠳᠤᠷᠬᠠᠢ ᠳᠡᠮᠳᠡᠭᠯᠡᠵᠤ ᠪᠣᠢ᠃ ᠳᠤᠬᠠᠢ ᠶᠢᠨ ᠦᠶ᠎ᠡ ᠳᠤ ᠮᠦᠷᠤ ᠣᠰᠤᠨ ᠢ 《ᠭᠦᠭᠡ ᠣᠰᠤᠨ》 ᠭᠡᠮᠡᠨ ᠳᠠᠭᠤᠳᠠᠵᠤ ᠭᠦᠭᠡᠳ ᠬᠤᠰᠢᠭᠤ ᠶᠠᠭ 《ᠭᠦᠭᠡ ᠣᠰᠤᠨ》 ᠶ᠋ᠢᠡᠷ ᠨᠤᠳᠤᠭᠰᠢᠵᠤ ᠪᠠᠢ᠌ᠵᠠᠢ᠃ ᠡᠢ᠌ᠮᠤ ᠡᠴᠡ ᠭᠦᠮᠦᠰ 《ᠭᠦᠭᠡ ᠣᠰᠤᠨ》 ᠊ᠤ 《ᠣᠰᠤᠨ》 ᠊ᠢ ᠣᠷᠭᠢᠭᠳᠠᠭᠤᠯᠵᠤ 《ᠭᠦᠭᠡ》 ᠭᠡᠰᠡᠨ ᠥᠭᠡᠨ ᠳᠤ 《᠊ᠰ》 ᠭᠡᠰᠡᠨ ᠣᠯᠠᠨ ᠳᠤᠭᠠᠨ ᠤ ᠳᠠᠭᠠᠪᠣᠷᠢ ᠶᠢ ᠵᠠᠯᠭᠠᠵᠤ᠂ ᠡ᠊ᠨᠳᠡ ᠨᠤᠳᠤᠭ ᠲᠡᠶ ᠬᠤᠰᠢᠭᠤᠨ ᠢ 《ᠭᠦᠭᠡᠰ》᠂ 《ᠭᠦᠭᠡᠰ ᠤᠨ ᠭᠢᠨ》 ᠭᠡᠵᠤ ᠨᠠᠷᠠᠯᠠᠵᠤ ᠳᠠᠭᠤᠳᠠᠳᠠᠭ ᠮᠠᠭᠠᠤᠨ᠃ ᠬᠤᠵᠢᠮ ᠨᠢ ᠠᠮᠠᠨ ᠠᠶᠠᠯᠠᠭᠤᠨ ᠤ ᠡᠪ ᠶᠢᠡᠷ 《ᠭᠦᠭᠡ》 ᠳ᠋ᠤ ᠣᠯᠠᠨ ᠳᠤᠭᠠᠨ ᠤ ᠳᠠᠭᠠᠪᠣᠷᠢ 《 ᠨᠤᠭᠦᠳ》 ᠊ᠢ ᠵᠠᠯᠭᠠᠵᠤ ᠭᠦᠭᠡ ᠨᠤᠭᠦᠳ ᠭᠡᠭ᠍ᠰᠡᠭᠡᠷ ᠪᠠᠢ᠌ᠭᠠᠤᠨ 《ᠭᠦᠭᠡᠳ》 ᠭᠡᠳ ᠨᠡᠷᠡᠰᠢᠭ᠍ᠰᠡᠨ ᠪᠠᠢ᠌ᠵᠤ ᠴᠤ ᠮᠠᠭᠠᠤᠨ ᠭᠡᠵᠡᠢ᠃ ᠢᠩᠭᠢᠭᠡᠳ ᠡᠨᠡ ᠭᠦ 《ᠭᠦᠭᠡ ᠣᠰᠤᠨ》 ᠭᠡᠭᠦ ᠭᠠᠵᠠᠷ ᠤᠨ ᠨᠠᠷᠠ ᠪᠠᠷ ᠨᠡᠷᠡᠢ᠌ᠳᠦᠭ᠍ᠳᠡᠭ᠍ᠰᠡᠨ ᠪᠣᠯᠤᠯᠴᠠᠭ᠎ᠠ ᠶᠡᠭᠡ ᠭᠡᠵᠤ ᠣᠯᠠᠩᠭᠢ ᠭᠦᠮᠦᠰ ᠥᠵᠡᠳᠡᠭ᠌⑥᠃
(ᠭᠤᠷᠪᠠ) ᠳᠡᠦᠭᠡᠨ ᠰᠤᠷᠪᠣᠯᠵᠢ ᠪᠢᠴᠢᠭ᠌ ᠪᠣᠶᠤ ᠣᠷᠤᠨ ᠨᠤᠳᠤᠭ ᠤᠨ ᠣᠢ᠌ᠯᠠᠯᠭ᠎ᠠ ᠡᠴᠡ ᠡᠰᠢᠯᠡᠭ᠍ᠰᠡᠨ ᠳᠠᠢ᠌ᠯᠪᠣᠷᠢ
《ᠭᠦᠭᠡᠳ ᠬᠤᠰᠢᠭᠤᠨ ᠤ ᠣᠢ᠌ᠯᠠᠯᠭ᠎ᠠ》 ᠳ᠋ᠤ 《ᠭᠦᠭᠡᠳ》 ᠭᠡᠰᠡᠨ ᠨᠡᠷᠡᠢ᠌ᠳᠦᠯᠭᠡ ᠶᠢᠨ ᠳᠤᠬᠠᠢ ᠠᠮᠠᠨ ᠶᠠᠷᠢᠶ᠎ᠠ ᠡᠴᠡ ᠡᠰᠢ ᠳᠠᠳᠠᠭᠰᠠᠨ ᠶᠢᠡᠷ ᠪᠠᠷᠠᠬᠤ ᠦᠭᠡᠶ᠂ ᠰᠤᠷᠪᠣᠯᠵᠢ ᠪᠢᠴᠢᠭ᠌ ᠡᠴᠡ ᠴᠤ ᠡᠰᠢ ᠳᠠᠳᠠᠵᠤ 《ᠬᠠᠤᠨ ᠤᠨ ᠦᠨᠳᠦᠰᠦᠨ ᠶᠡᠭᠡ ᠰᠢᠷ᠎ᠠ ᠳᠤᠭᠤᠵᠢ》 ᠵᠢᠨ 161 ᠳ᠋ᠤᠭᠡᠷ ᠨᠢᠭᠤᠷ ᠲᠤ 《ᠭᠡᠷᠡᠰᠡᠡᠵᠡ ᠶᠢ ᠨᠥᠭ᠍ᠴᠢᠭ᠍ᠰᠡᠨ ᠤ ᠬᠣᠢ᠌ᠨ᠎ᠠ ᠶᠡᠭᠡ ᠳᠡᠢ᠌ᠭᠡᠤ ᠡᠭᠡ ᠢᠨᠤ ᠳᠤᠯᠤᠭᠠᠨ ᠭᠦᠪᠠᠭᠦᠨ ᠳᠡᠭᠡᠨ ᠦᠮᠴᠢ ᠦᠭᠭᠦᠯᠦᠭᠡ᠃ ᠳ᠋ᠠᠷᠢ ᠳᠤ ᠭᠦᠭᠡᠢ᠌ᠳ ᠬᠠᠳᠠᠭᠢᠨ ᠬᠤᠶᠠᠷ ᠢ 》 ᠭᠡᠭᠦ ᠳᠡᠮᠳᠡᠭᠯᠡᠯ ᠪᠣᠢ ᠭᠡᠵᠤ ᠳᠤᠷᠠᠳᠴᠤ ᠠᠪᠴᠠᠢ᠃ ᠡᠨᠡ ᠨᠢ ᠳᠤᠰ ᠣᠢ᠌ᠯᠠᠯᠭ᠎ᠠ ᠶᠢ ᠪᠢᠴᠢᠵᠤ ᠪᠠᠢ᠌ᠭᠰᠠᠨ ᠭᠦᠮᠦᠰ 《ᠭᠦᠭᠡᠳ》 ᠭᠡᠳᠡᠭ᠌ ᠥᠭᠡ ᠶᠢᠨ ᠳᠤᠬᠠᠢ ᠡᠷᠢᠯᠳᠡ ᠰᠥᠪᠠᠭ᠍ᠴᠢᠯᠡᠯ ᠭᠢᠵᠤ ᠪᠠᠢ᠌ᠭᠰᠠᠨ ᠢ ᠭᠡᠷᠡᠴᠢᠯᠡᠵᠤ ᠪᠣᠢ᠃
《ᠭᠦᠭᠡᠳ ᠬᠤᠰᠢᠭᠤᠨ ᠤ ᠣᠢ᠌ᠯᠠᠯᠭ᠎ᠠ》 ᠳ᠋ᠤ ᠪᠠᠰᠠ 《ᠭᠦᠭᠡᠳ ᠬᠤᠰᠢᠭᠤᠨ ᠤ ᠶᠠᠰᠤᠨ ᠤ ᠦᠶ᠎ᠡ ᠶᠢᠨ ᠳᠤᠬᠠᠢ ᠳᠠᠢ᠌ᠮᠤ ᠳᠤᠳᠤᠷᠬᠠᠢ ᠳᠡᠦᠭᠡᠨ ᠪᠢᠴᠢᠭ᠌ ᠮᠠᠲ᠋ᠸᠷᠢᠶᠠᠯ ᠬᠠᠷᠬᠠᠠᠨ ᠣᠯᠳᠠᠭᠠᠳᠤᠢ᠃ ᠮᠤᠩᠭ᠋ᠤᠯᠴᠤᠳ ᠤᠨ ᠢᠵᠠᠭᠤᠷᠳᠠᠨ ᠤ ᠡᠷᠭᠡ ᠣᠯᠠᠮᠵᠢᠯᠠᠬᠤ ᠪᠠ ᠢᠷᠭᠡᠳ ᠤᠨ ᠠᠯᠪᠠᠳᠤ ᠪᠣᠯᠬᠤ ᠣᠳᠤᠮᠰᠢᠯᠳᠤ ᠹᠧᠤᠳᠠᠯᠴᠢᠯᠠᠭᠰᠠᠨ ᠵᠠᠩᠰᠢᠯ ᠶᠢᠡᠷ ᠦᠵᠡᠪᠠᠯ᠂ ᠠᠶᠠᠠᠳᠠᠭᠠᠨ ᠭᠦᠭᠡᠳ ᠬᠤᠰᠢᠭᠤᠨ ᠳᠤ ᠴᠠᠭᠠᠨ ᠶᠠᠰᠤᠳᠠᠨ᠂ ᠬᠠᠷ᠎ᠠ ᠶᠠᠰᠤᠳᠠᠨ ᠭᠡᠵᠤ ᠬᠤᠶᠠᠷ ᠶᠡᠭᠡ ᠠᠩᠭᠢ ᠶᠠᠰᠤ ᠢᠯᠭᠠᠳᠠᠭ ᠪᠠᠢ᠌ᠵᠠᠢ᠃ ᠭᠡᠳᠡᠯ᠎ᠡ ᠨᠠᠰᠤᠳᠠᠢ᠌ᠴᠤᠳ ᠡᠴᠡ ᠰᠤᠷᠪᠣᠯᠵᠢᠯᠠᠭᠰᠠᠨ ᠶᠢᠡᠨ ᠦᠨᠳᠦᠰᠦᠯᠠᠪᠠᠯ᠂ ᠭᠦᠭᠡᠳ ᠶᠢᠰᠤᠨ ᠰᠤᠮᠤ ᠨᠢ ᠶᠢᠰᠤᠨ ᠶᠠᠰᠤᠨ ᠡᠴᠡ ᠪᠦᠷᠢᠯᠳᠦᠵᠡᠢ ᠭᠡᠳᠡᠭ᠌᠃ ᠡᠨᠡ ᠨᠢ᠄ ᠬᠤᠩᠬᠤ ᠶᠠᠰᠤᠳᠠᠨ᠂ ᠳ᠋ᠠᠷᠭᠢ ᠶᠠᠰᠤᠳᠠᠨ᠂ ᠱᠠᠪᠢ ᠶᠠᠰᠤᠳᠠᠨ᠂ ᠥᠭᠡᠯᠡᠳ ᠶᠠᠰᠤᠳᠠᠨ᠂ ᠴᠤᠬᠤᠷ ᠶᠠᠰᠤᠳᠠᠨ᠂ ᠳᠤᠷᠭᠤᠳ ᠶᠠᠰᠤᠳᠠᠨ᠂ ᠬᠠᠷᠠᠴᠤᠳ ᠶᠠᠰᠤᠳᠠᠨ᠂ ᠵᠥᠯᠭᠡ ᠶᠠᠰᠤᠳᠠᠨ᠂ ᠴᠤᠠᠴᠢ ᠶᠠᠰᠤᠳᠠᠨ ᠭᠡᠵᠤ ᠪᠠᠢ᠌ᠳᠠᠭ᠃ ᠡᠭᠦᠨ ᠳᠤ ᠣᠷᠭᠤᠮᠠᠯ ᠶᠠᠰᠤᠳᠠᠨ (ᠵᠢᠱᠢᠶᠠᠯᠠᠪᠠᠯ᠂ ᠥᠭᠡᠯᠡᠳ᠂ ᠳᠤᠷᠭᠤᠳ ᠮᠠᠳᠤ)᠂ ᠣᠶᠠᠮᠠᠯ ᠶᠠᠰᠤᠳᠠᠨ (ᠵᠢᠱᠢᠶᠠᠯᠠᠪᠠᠯ ᠳ᠋ᠠᠷᠭᠢ᠂ ᠵᠥᠯᠭᠡ ᠮᠠᠳᠤ) ᠭᠡᠵᠤ ᠬᠤᠪᠢᠶᠠᠨ᠎ᠠ᠃ ᠵᠠᠷᠢᠮ ᠨᠢ ᠡᠳᠡᠭᠡᠷ ᠶᠢᠡᠨ ᠠᠢ᠌ᠮᠠᠭ ᠭᠡᠵᠤ ᠭᠡᠯᠡᠳᠡᠭ᠌ ᠭᠡᠨ᠎ᠡ》 ᠭᠡᠵᠤ ᠳᠡᠮᠳᠡᠭᠯᠡᠵᠤ ᠪᠣᠢ᠃
ᠬᠤᠶᠠᠷ᠂ ᠭᠦᠭᠡᠢ᠌ᠳ ᠣᠳᠤᠭ ᠤᠨ ᠳᠤᠬᠠᠢ ᠳᠡᠦᠭᠡᠨ ᠣᠯᠠ ᠮᠦᠷ
ᠭᠦᠭᠡᠳ ᠭᠡᠭᠦ ᠨᠠᠷᠠᠢ᠌ᠳᠤᠯ ᠤᠨ ᠳᠤᠬᠠᠢ ᠰᠥᠪᠡᠭᠴᠢᠯᠡᠭᠦ ᠳᠤ ᠭᠦᠭᠡᠳ ᠬᠤᠰᠢᠭᠤᠨ ᠤ ᠢᠷᠠᠯ ᠭᠠᠷᠤᠯ᠂ ᠳᠡᠦᠭᠡᠨ ᠭᠡᠷᠡᠭ᠌ ᠶᠠᠪᠣᠳᠠᠯ ᠵᠢᠴᠢ ᠪᠦᠷᠢᠯᠳᠦᠯ ᠳᠤᠭᠳᠠᠨᠢᠯ᠂ ᠣᠷᠤᠰᠢᠨ ᠠᠮᠢᠳᠤᠷᠠᠵᠤ ᠪᠠᠢ᠌ᠭᠰᠠᠨ ᠭᠠᠵᠠᠷ ᠨᠤᠳᠤᠭ ᠢ ᠭᠦᠷᠳᠡᠯ᠎ᠡ ᠰᠢᠡᠵᠢᠯᠡᠭᠦ ᠴᠢᠬᠤᠯᠠᠳᠠᠢ᠃ 《ᠭᠦᠭᠡᠳ》 ᠪᠣᠶᠤ 《ᠭᠦᠭᠡᠢ᠌ᠳ》 ᠭᠡᠰᠡᠨ ᠥᠭᠡ ᠶᠢ ᠰᠢᠡᠵᠢᠯᠡᠭᠦ ᠳᠤ ᠣᠷᠢᠳᠠᠪᠠᠷ 《ᠡᠷᠳᠡᠨ ᠤ ᠮᠤᠩᠭ᠋ᠤᠯ ᠤᠨ ᠬᠠᠤᠨ ᠤᠨ ᠦᠨᠳᠦᠰᠦᠨ ᠤ ᠶᠡᠭᠡ ᠰᠢᠷ᠎ᠠ ᠳᠤᠭᠤᠵᠢ ᠣᠷᠤᠰᠢᠪᠠ》 ᠭᠡᠭᠦ ᠨᠤᠮ ᠢ ᠣᠷᠪᠠᠭᠤᠯᠬᠤ ᠴᠢᠬᠤᠯᠠᠳᠠᠢ ᠶᠤᠮ᠃ ᠳᠤᠰ ᠨᠤᠮ ᠳᠤ᠄ 《ᠭᠡᠷᠡᠰᠡᠡᠵᠡ ᠶᠢ ᠥᠭ᠍ᠴᠢᠭ᠍ᠰᠡᠨ ᠤ ᠬᠣᠢ᠌ᠨ᠌ᠠ ᠶᠡᠭᠡ ᠳᠠᠢ᠌ᠬᠤ ᠡᠭᠡ ᠢᠨᠤ ᠳᠤᠯᠤᠬᠠᠨ ᠭᠦᠪᠠᠭᠦᠨ ᠳᠡᠭᠡᠨ ᠦᠮᠴᠢ ᠦᠭᠭᠦᠯᠦᠭᠡ᠃ ᠠᠰᠢᠬᠠᠢ ᠳᠤ ᠦᠣᠰᠢᠨ ᠵᠠᠯᠠᠢ᠌ᠷ ᠬᠤᠶᠠᠷ ᠢ᠃ ᠦᠨᠠᠳᠠᠢ ᠳᠤ ᠪᠠᠰᠤᠳ ᠡᠡᠵᠢᠭᠡᠨ ᠬᠤᠶᠠᠷ ᠢ᠃ ᠨᠤᠬᠤᠨᠤᠬᠤ ᠣᠢ᠌ᠵᠠᠩ ᠲᠤ ᠭᠡᠷᠦᠳ ᠬᠤᠷᠯᠤᠰ ᠬᠤᠶᠠᠷ ᠢ᠃ ᠠᠮᠢᠨ ᠳᠤ ᠬᠤᠷᠤᠬᠤ ᠭᠦᠷᠢᠶ᠎ᠡ ᠴᠤᠬᠤᠷ ᠬᠤᠷᠪᠠᠨ ᠢ᠂ ᠳ᠋ᠠᠷᠠᠢ ᠳᠤ ᠭᠦᠭᠡᠢ᠌ᠳ ᠭᠡᠨᠳᠡᠭᠡᠨ ᠬᠤᠶᠠᠷ ᠢ᠃ ᠳ᠋ᠠᠯᠳᠠᠨ ᠳᠤ ᠳᠠᠩᠬᠤᠤᠨ ᠰᠠᠷᠳᠠᠬᠤᠯ ᠬᠤᠶᠠᠷ ᠢ᠃ ᠰᠠᠮᠤ ᠳᠤ ᠬᠠᠭᠴᠠ ᠣᠷᠢᠶᠠᠩᠬᠠᠨ ᠢ ᠥᠭᠦᠭᠡ》 ⑦ ᠭᠡᠭᠦ ᠳᠡᠮᠳᠡᠭᠯᠡᠯ ᠪᠣᠢ᠃ ᠪᠢᠳᠠ ᠡ᠊ᠨᠳᠡ ᠭᠡᠯᠡᠵᠤ ᠪᠠᠢ᠌ᠭ᠎ᠠ 《ᠭᠦᠭᠡᠢ᠌ᠳ》 ᠭᠡᠳᠡᠭ᠌ ᠥᠭᠡ ᠨᠢ ᠣᠳᠤ ᠶᠢᠨ ᠭᠦᠭᠡᠳ ᠬᠤᠰᠢᠭᠤᠨ ᠤ 《ᠭᠦᠭᠡᠳ》 ᠪᠣᠯᠤᠯᠳᠠᠢ ᠭᠡᠵᠤ ᠦᠵᠡᠵᠤ ᠪᠣᠢ᠃ ᠣᠴᠢᠷ ᠨᠢ ᠳᠡᠭᠡᠳᠤ ᠮᠤᠩᠭ᠋ᠤᠯᠴᠤᠳ 《ᠭᠦᠭᠡᠳ》 ᠭᠡᠵᠤ ᠪᠢᠴᠢᠭᠡᠳ ᠨᠤᠳᠤᠭ ᠤᠨ ᠠᠮᠠᠨ ᠠᠶᠠᠯᠠᠭᠤᠨ ᠳᠤ 《ᠭᠦᠭᠡᠭᠡᠳ》 ᠪᠣᠶᠤ 《ᠭᠦᠭᠡᠢ᠌ᠳ》 ᠭᠡᠵᠤ ᠭᠡᠯᠡᠳᠡᠭ᠌᠃ ᠡ᠊ᠨᠳᠡᠭᠢ ᠭᠦᠭᠡᠢ᠌ᠳ ᠬᠠᠳᠠᠭᠢᠨ ᠭᠡᠳᠡᠭ᠌ ᠨᠢ ᠣᠳᠤᠭ ᠤᠨ ᠨᠠᠷᠠ ᠪᠣᠯᠬᠤ ᠨᠢ ᠳᠠᠮᠵᠢᠭ ᠦᠭᠡᠶ ᠮᠦᠷᠳᠡᠭᠡᠨ 17 ᠳ᠋ᠤᠭᠠᠷ ᠵᠠᠭᠤᠨ ᠤ ᠦᠶ᠎ᠡ ᠪᠠᠷ ᠭᠦᠭᠡᠢ᠌ᠳ ᠭᠡᠭᠦ ᠣᠳᠤᠭ ᠪᠠᠢ᠌ᠭᠰᠠᠨ ᠢ ᠰᠢᠭᠤᠳ ᠭᠡᠷᠡᠴᠢᠯᠡᠵᠤ ᠪᠠᠢ᠌ᠨ᠎ᠠ᠃ ᠡᠭᠦᠨ ᠡᠴᠡ ᠥᠵᠡᠭᠦ ᠳᠤ ᠭᠦᠭᠡᠳ ᠬᠤᠰᠢᠭᠤᠨ ᠤ 《ᠭᠦᠭᠡᠳ》 ᠭᠡᠳᠡᠭ᠌ ᠥᠭᠡ ᠨᠢ ᠣᠳᠤᠭ ᠤᠨ ᠨᠠᠷᠠᠢ᠌ᠳᠤᠯ ᠪᠣᠯᠬᠤ ᠪᠦᠭᠡᠳ ᠮᠦᠨ ᠴᠤ ᠳᠡᠭᠡᠷ᠎ᠡ ᠶᠠᠷᠢᠭᠰᠠᠨ ᠭᠦᠭᠡᠢ᠌ᠳ ᠣᠳᠤᠭ ᠡᠴᠡ ᠢᠷᠠᠯᠳᠠᠢ ᠭᠡᠵᠤ ᠦᠵᠡᠵᠤ ᠪᠣᠯᠤᠮᠠᠷ ᠪᠠᠢ᠌ᠨ᠎ᠠ᠃ ᠣᠳᠤᠭ ᠭᠡᠳᠡᠭ᠌ ᠪᠣᠯ ᠪᠠᠳᠦᠮᠦ᠋ᠩᠭᠡ ᠳᠠᠶᠠᠨ ᠬᠠᠭᠠᠨ ᠤ ᠦᠶ᠎ᠡ ᠳᠤ ᠳᠦᠭᠡᠮᠡᠯ ᠭᠡᠷᠡᠭᠯᠡᠵᠤ ᠪᠠᠢ᠌ᠭᠰᠠᠨ ᠨᠡᠢ᠌ᠭᠡᠮ ᠤᠨ ᠦᠨᠳᠦᠰᠦᠨ ᠵᠤᠬᠢᠶᠠᠨ ᠪᠠᠢ᠌ᠭᠤᠯᠤᠯᠳᠠ ᠶᠢᠨ ᠨᠢᠭᠡᠴᠡ ᠪᠣᠯᠤᠨ᠎ᠠ᠃ ᠣᠳᠤᠭ ᠭᠡᠳᠡᠭ᠌ ᠥᠭᠡ ᠶᠢ ᠣᠷᠤᠰ ᠤᠨ ᠮᠤᠩᠭ᠋ᠤᠯᠴᠢ ᠡᠷᠳᠡᠮᠳᠡᠨ ᠸᠡᠯᠳᠢᠮᠢᠷᠽᠦᠧ ᠤᠨ ᠳᠠᠢ᠌ᠯᠪᠣᠷᠢᠯᠠᠭᠰᠠᠨ ᠶᠢᠡᠷ 《ᠣᠳᠤᠭ ᠭᠡᠳᠡᠭ᠌ ᠨᠢ ᠰᠤᠭᠳᠠ ᠥᠭᠡ ᠭᠡᠨ᠎ᠡ᠃ ᠳᠠᠷᠠ ᠨᠢ ᠣᠯᠤᠰ᠂ ᠭᠢᠵᠠᠭᠠᠷ ᠣᠷᠤᠨ ᠭᠡᠰᠡᠨ ᠤᠳᠬ᠎ᠠ ᠲᠡᠶ》 ᠭᠡᠵᠡᠢ᠃ ᠡᠭᠦᠨ ᠤ ᠳᠤᠬᠠᠢ ᠳᠠᠷᠠ ᠴᠢᠨᠠᠭᠰᠢᠳᠠ ᠳᠠᠢ᠌ᠯᠪᠣᠷᠢᠯᠠᠬᠤ ᠳᠠᠭᠠᠨ 《ᠮᠠᠯᠵᠢᠬᠤ ᠠᠢ᠌ᠯ ᠪᠦᠯᠦᠭ᠌ ᠪᠣᠯ ᠠᠢ᠌ᠯ ᠤᠳ ᠶᠢᠡᠷ ᠳᠤᠰᠠᠭᠠᠷ ᠳᠠᠷᠬᠠᠢ ᠮᠠᠯᠵᠢᠬᠤ ᠳᠠᠭᠠᠨ ᠵᠤᠭᠢᠬᠤ ᠭᠠᠵᠠᠷ ᠢ ᠡᠵᠡᠯᠭ᠍ᠰᠡᠨ ᠰᠠᠭᠤᠷᠢᠨ ᠳᠡᠭᠡᠷ᠎ᠡ ᠨᠢᠭᠡᠳᠦᠭ᠍ᠰᠡᠨ ᠣᠯᠤᠰ ᠪᠣᠶᠤ ᠲᠦᠮᠡᠳᠤ ᠡᠴᠡ ᠰᠠᠯᠵᠤ ᠭᠠᠷᠤᠭᠰᠠᠨ ᠪᠦᠯᠦᠭ᠌ ᠪᠣᠯᠤᠨ᠎ᠠ᠂ ᠡᠨᠡ ᠭᠦ ᠪᠦᠯᠦᠭ᠌ ᠢ ᠣᠳᠤᠭ ᠭᠡᠨ᠎ᠡ᠃ ᠳᠠᠷᠠ ᠦᠶ᠎ᠡ ᠵᠢᠨ ᠣᠳᠤᠭ ᠪᠣᠯ ᠨᠡᠢ᠌ᠭᠡᠮ ᠪᠠ ᠠᠵᠤ ᠠᠬᠤᠢ ᠶᠢᠨ ᠦᠨᠳᠦᠰᠦᠨ ᠨᠢᠭᠡᠴᠢ ᠮᠦᠨ᠃ ᠮᠤᠩᠭ᠋ᠤᠯ ᠭᠦᠮᠤᠨ ᠨᠢᠭᠡᠪᠦᠷᠢ ᠴᠦᠮ ᠨᠢᠭᠡᠨ ᠣᠳᠤᠭ ᠲᠤ ᠬᠠᠷᠢᠶᠠᠯᠠᠭᠳᠠᠵᠤ᠂ ᠡᠨᠡ ᠭᠦ ᠵᠤᠬᠢᠶᠠᠨ ᠪᠠᠢ᠌ᠭᠤᠯᠤᠯᠳᠠ ᠪᠠᠷ ᠳᠠᠮᠵᠢᠨ ᠡᠯ᠎ᠡ ᠳᠦᠷᠤᠯ ᠤᠨ ᠨᠡᠢ᠌ᠭᠡᠮ ᠤᠨ ᠠᠵᠤ ᠠᠬᠤᠢ ᠶᠢᠨ ᠬᠠᠷᠢᠴᠠᠭ᠎ᠠ ᠬᠤᠯᠪᠣᠭ᠎ᠠ ᠲᠡᠶ ᠵᠤᠭᠢᠬᠤ ᠨᠢᠭᠡᠨ ᠬᠠᠮᠳᠤ ᠨᠠᠢ᠌ᠳᠠ ᠳᠤ ᠣᠷᠤᠯᠴᠠᠳᠠᠭ᠃ ᠮᠤᠩᠭ᠋ᠤᠯ ᠤᠨ ᠣᠳᠤᠭ ᠪᠣᠯ ᠭᠠᠵᠠᠷ ᠣᠷᠤᠨ ᠶᠢᠡᠷ ᠰᠠᠭᠤᠷᠢᠨ ᠪᠣᠯᠭᠠᠭᠰᠠᠨ ᠨᠢ ᠰᠤᠨᠢᠷᠬᠠᠭᠤᠰᠢᠳᠠᠢ ᠶᠤᠮ᠃ ᠵᠤᠭᠢᠬᠤ ᠨᠢᠭᠡᠨ ᠭᠠᠵᠠᠷ ᠣᠷᠤᠨ ᠶᠢᠡᠷ ᠨᠡᠭᠦᠳᠡᠯᠡᠯᠡ ᠮᠠᠯᠵᠢᠬᠤ ᠪᠦᠭᠡᠳ ᠪᠠᠯᠴᠢᠭᠡᠷ ᠢ ᠭᠡᠷᠡᠭᠯᠡᠭᠦ ᠠᠳᠠᠯᠢ ᠪᠣᠰᠤ ᠳᠤᠭᠠᠨ ᠤ ᠠᠢ᠌ᠯ ᠪᠦᠯᠦᠭ᠌ ᠨᠢ ᠣᠳᠤᠭ ᠪᠣᠯᠤᠨ ᠪᠦᠷᠢᠯᠳᠦᠭ᠍ᠰᠡᠨ ᠶᠤᠮ》 ⑧ ᠭᠡᠵᠡᠢ᠃ ᠡᠭᠦᠨ ᠡᠴᠡ ᠥᠵᠡᠭᠦ ᠳᠤ ᠭᠦᠭᠡᠢ᠌ᠳ ᠭᠡᠳᠡᠭ᠌ ᠨᠢ ᠶᠠᠭ ᠡᠢ᠌ᠮᠦᠷᠭᠦ ᠨᠢᠭᠡ ᠣᠳᠤᠭ ᠪᠠᠢ᠌ᠵᠠᠢ᠃
ᠭᠦᠭᠡᠢ᠌ᠳ ᠣᠳᠤᠭ ᠤᠨ ᠳᠤᠬᠠᠢ ᠴᠢᠨᠠᠭᠰᠢᠳᠠ ᠨᠠᠷᠢᠨ ᠰᠢᠠᠵᠢᠪᠠᠯ᠂ ᠠ᠊·ᠲᠦᠮᠡᠨ ᠤ ᠨᠠᠢ᠌ᠷᠠᠭᠤᠯᠤᠨ ᠳᠠᠢ᠌ᠯᠪᠣᠷᠢᠯᠠᠭᠰᠠᠨ 《ᠮᠤᠩᠭ᠋ᠤᠯ ᠤᠨ ᠣᠪᠣᠭ ᠠᠢ᠌ᠮᠠᠭ ᠨᠡᠢ᠌ᠭᠡᠮ ᠤᠨ ᠪᠠᠢ᠌ᠭᠤᠯᠤᠯ ᠤᠨ ᠨᠠᠷᠠᠰ ᠤᠨ ᠳᠠᠢ᠌ᠯᠪᠣᠷᠢ》 ᠭᠡᠭᠦ ᠨᠤᠮ ᠳᠤ 《ᠭᠦᠭᠡᠢ᠌ᠳ᠄ huheid 库黑特) ᠭᠦᠭᠡᠢ᠌ᠳ ᠣᠪᠣᠭ ᠤᠨ ᠳᠤᠬᠠᠢ ᠡᠷᠳᠡ ᠴᠠᠭ ᠤᠨ ᠳᠤᠯᠭᠤᠷ ᠪᠢᠴᠢᠭ᠌ 《ᠨᠢᠭᠤᠴᠠ ᠳᠤᠪᠴᠢᠶᠠᠨ》 《ᠰᠤᠳᠤᠷ ᠤᠨ ᠴᠢᠭᠤᠯᠭᠠᠨ》 ᠳ᠋ᠤ ᠶᠠᠮᠠᠷ ᠴᠤ ᠮᠡᠳᠡᠭᠡ ᠪᠠᠷᠢᠮᠳᠠ ᠳᠠᠯᠪᠢᠭᠰᠠᠨ ᠦᠭᠡᠶ᠃ ᠬᠠᠷᠢᠨ ᠰᠡᠭᠦᠯᠴᠢ ᠶᠢᠨ ᠦᠶ᠎ᠡ ᠶᠢᠨ 17 ᠳ᠋ᠤᠭᠠᠷ ᠵᠠᠭᠤᠨ ᠤ ᠦᠶ᠎ᠡ ᠶᠢᠨ ᠮᠤᠩᠭ᠋ᠤᠯ ᠤᠨ ᠰᠤᠷᠪᠣᠯᠵᠢ ᠪᠢᠴᠢᠭ᠌ ᠲᠤ ᠭᠦᠭᠡᠢ᠌ᠳ ᠨᠡᠷ ᠨᠢ ᠬᠠᠯᠬ᠎ᠠ ᠲᠦᠮᠡᠨ ᠤ ᠳᠤᠳᠤᠷ᠎ᠠ ᠨᠢᠭᠡ ᠣᠳᠤᠭ ᠢ ᠪᠦᠷᠢᠯᠳᠦᠭᠦᠯᠤᠨ ᠶᠠᠪᠣᠵᠤ ᠪᠠᠢ᠌ᠭᠰᠠᠨ ᠶᠢᠡᠷ ᠪᠢᠴᠢᠵᠤ ᠪᠢᠯᠠ⑨᠃ ᠳᠡᠭᠡᠪᠠᠯ ᠭᠦᠭᠡᠢ᠌ᠳ ᠭᠡᠳᠡᠭ᠌ ᠣᠳᠤᠭ ᠨᠢ ᠶᠠᠭᠤᠨ ᠡᠴᠡ ᠢᠷᠠᠯᠳᠠᠢ ᠪᠣᠢ ︖ ᠳᠠᠷᠠ ᠨᠢ ᠬᠠᠯᠬ᠎ᠠ ᠲᠦᠮᠡᠨ ᠤ ᠳᠤᠳᠤᠷ᠎ᠠ ᠭᠡᠷᠭᠢᠨ ᠪᠦᠷᠢᠯᠳᠦᠪᠡ ᠭᠡᠭᠦ ᠵᠡᠷᠭᠡ ᠠᠰᠠᠭᠤᠳᠠᠯ ᠳᠤᠷᠠᠳᠤᠭᠳᠠᠬᠤ ᠣᠴᠢᠷ ᠲᠡᠶ᠃ ᠡ᠊ᠨᠳᠡ ᠭᠦᠭᠡᠢ᠌ᠳ ᠭᠡᠳᠡᠭ᠌ ᠨᠠᠷᠠ ᠨᠢ ᠮᠤᠩᠭ᠋ᠤᠯ ᠤᠨ ᠡᠷᠳᠡᠨ ᠤ ᠣᠪᠣᠭ ᠭᠦᠭᠡᠢ᠌ᠳ (ᠭᠦᠭᠡᠢ᠌ᠳ [ ᠡᠷᠳᠡᠨ ᠤ ᠣᠪᠣᠭ ] ᠮᠤᠩᠭ᠋ᠤᠯ ᠤᠨ ᠬᠤᠪᠳᠤ᠂ ᠰᠦᠬᠡᠪᠠᠭᠠᠲᠤᠷ ᠠᠢ᠌ᠮᠠᠭ ᠤᠳ ᠲᠤ ᠪᠠᠰᠠ ᠪᠣᠢ (ᠭᠦᠭᠡᠳ ᠭᠡᠵᠤ ᠪᠢᠴᠢᠭ᠍ᠳᠡᠭ᠍ᠰᠡᠨ ᠴᠤ ᠪᠣᠢ) ᠡᠴᠡ ᠢᠷᠠᠯᠳᠠᠢ⑩ ᠭᠡᠵᠤ ᠥᠵᠡᠭᠦ ᠯᠠ ᠭᠡᠷᠡᠭ᠌ ᠲᠡᠶ ᠪᠦᠭᠡᠳ ᠳᠡᠭᠦᠨ ᠤ ᠨᠠᠷᠠ ᠶᠢᠨ ᠢᠷᠠᠯᠳᠠ ᠶᠢ ᠳᠠᠢ᠌ᠯᠪᠣᠷᠢᠯᠠᠬᠤ ᠳᠤ ᠳᠤᠩ ᠳᠦᠪᠠᠭ᠍ᠳᠡᠢ᠃ ᠡ᠊ᠨᠳᠡ ᠵᠥᠪᠭᠡᠨ ᠳᠠᠷᠠ ᠨᠢ ᠭᠦᠭᠡ ᠶᠢᠨ ᠣᠯᠠᠨ ᠳᠤᠭ᠎ᠠ ᠪᠣᠶᠤ ᠬᠠᠯᠬ᠎ᠠ ᠶᠢᠨ ᠭᠦᠭᠦᠢ ᠬᠠᠨ ᠠᠭᠤᠯᠠᠨ ᠤ ᠣᠷᠴᠢᠮ ᠶᠢᠡᠷ ᠠᠮᠢᠳᠤᠷᠠᠵᠤ ᠪᠠᠢ᠌ᠭᠰᠠᠨ ᠡᠷᠳᠡᠨ ᠤ ᠶᠠᠮᠠᠷ ᠨᠢᠭᠡᠨ ᠠᠢ᠌ᠮᠠᠭ ᠶᠠᠰᠤᠳᠠᠨ ᠡᠴᠡ ᠭᠦᠭᠡᠢ᠌ᠳ ᠣᠳᠤᠭ ᠪᠣᠢ ᠪᠣᠯᠤᠭᠰᠠᠨ ᠪᠠᠢ᠌ᠵᠤ ᠮᠠᠳᠠᠨ᠎ᠠ ᠭᠡᠵᠤ ᠲᠦᠰᠤᠪᠯᠠᠵᠤ ᠪᠣᠯᠤᠮᠠᠷ ᠪᠠᠢ᠌ᠨ᠎ᠠ᠃ 《〈ᠰᠢᠷ᠎ᠠ ᠳᠤᠭᠤᠵᠢ〉᠂ 〈ᠠᠯᠳᠠᠨ ᠭᠦᠷᠳᠤᠨ ᠮᠢᠩᠭ᠋ᠠᠨ ᠭᠡᠭᠡᠰᠦᠳᠤ〉 ᠵᠡᠷᠭᠡ ᠰᠤᠷᠪᠣᠯᠵᠢ ᠪᠢᠴᠢᠭ᠌ ᠢ ᠦᠨᠳᠦᠰᠦᠯᠠᠪᠠᠰᠤ᠂ ᠡᠨᠡ ᠭᠦᠭᠡᠢ᠌ᠳ ᠣᠳᠤᠭ ᠨᠢ ᠬᠠᠯᠬ᠎ᠠ ᠲᠦᠮᠡᠨ ᠢ ᠡᠵᠡᠮᠰᠢᠨ ᠵᠠᠭᠢᠷᠴᠤ ᠶᠠᠪᠣᠭᠰᠠᠨ ᠭᠡᠷᠡᠰᠡᠡᠵᠡ ᠵᠠᠯᠠᠢ᠌ᠷ ᠬᠤᠩ ᠳᠠᠢ᠌ᠵᠢ ᠶᠢᠨ ᠳᠠᠪᠣᠳᠤᠭᠠᠷ ᠭᠦᠪᠠᠭᠦᠨ ᠳ᠋ᠠᠷᠢ (ᠳᠠᠷᠢ) ᠶ᠋ᠢᠨ ᠦᠮᠴᠢ ᠳᠤ ᠶᠠᠪᠣᠵᠤ ᠪᠠᠢ᠌ᠵᠠᠢ᠃ ᠳ᠋·ᠭᠤᠩᠭ᠋ᠤᠷ ᠤᠨ 〈ᠬᠠᠯᠬ᠎ᠠ ᠳᠤᠪᠴᠢᠶᠠᠨ〉 ᠳ᠋ᠤ 〈ᠭᠦᠭᠡᠢ᠌ᠳ ᠨᠠᠷ 16 ᠳ᠋ᠤᠭᠠᠷ ᠵᠠᠭᠤᠨ ᠡᠴᠡ ᠬᠣᠢ᠌ᠰᠢ ᠰᠠᠴᠠᠨ ᠬᠠᠨ ᠠᠢ᠌ᠮᠠᠭ ᠲᠤ ᠬᠠᠷᠢᠶᠠᠯᠠᠭᠳᠠᠭᠰᠠᠨ ᠪᠠ ᠬᠠᠭᠤᠴᠢᠨ ᠳᠠᠩᠰᠠᠨ ᠳᠤ ᠳᠤᠰ ᠠᠢ᠌ᠮᠠᠭ ᠤᠨ ᠬᠤᠷᠴᠠ ᠸᠠᠩ ᠤᠨ ᠬᠤᠰᠢᠭᠤᠨ ᠳᠤ ᠭᠦᠭᠡᠢ᠌ᠳ ᠣᠳᠤᠭ ᠠᠯᠪᠠᠨ ᠤ ᠬᠤᠪᠢᠶᠠᠷᠢ ᠳᠤ ᠣᠷᠤᠭᠰᠠᠨ ᠥᠵᠡᠭ᠍ᠳᠡᠭᠦ ᠪᠠ ᠶᠡᠭᠦᠵᠡᠷ ᠬᠤᠳᠤᠭᠳᠤ ᠶᠢᠨ ᠬᠠᠷᠢᠶᠠᠨ ᠳᠤ ᠭᠦᠭᠡᠢ᠌ᠳ ᠤᠨ ᠵᠢᠰᠠ ᠪᠠᠢ᠌ᠵᠠᠢ᠃ ᠪᠠᠰᠠ ᠰᠠᠴᠠᠨ ᠬᠠᠨ ᠠᠢ᠌ᠮᠠᠭ ᠲᠤ ᠭᠦᠭᠡᠢ᠌ᠳ ᠤᠨ ᠳᠤᠭᠠᠩ ᠪᠠᠢ᠌ᠭᠰᠠᠨ᠃ ᠳᠠᠳᠠᠨ ᠴᠢᠩᠭᠢᠰ ᠤᠨ ᠳᠤᠭ ᠢ ᠬᠠᠳᠠᠭᠠᠯᠠᠵᠤ ᠶᠠᠪᠣᠭᠰᠠᠨ ᠠᠮᠠᠨ ᠮᠡᠳᠡᠭᠡ ᠪᠠᠢ᠌ᠨ᠎ᠠ〉》 ⑾ᠭᠡᠵᠡᠢ᠃ ᠰᠠᠴᠠᠨ ᠬᠠᠨ ᠪᠣᠯ ᠭᠡᠷᠡᠰᠡᠡᠵᠡ ᠶᠢᠨ ᠳᠦᠷᠪᠠᠳᠦᠭᠡᠷ ᠭᠦᠤ ᠶᠢᠨ ᠠᠴᠢ ᠱᠤᠯᠤᠢ ᠪᠣᠯᠤᠨ᠎ᠠ᠃ ᠵᠠᠷᠢᠮ ᠰᠤᠷᠪᠣᠯᠵᠢ ᠪᠢᠴᠢᠭ᠌ ᠲᠤ ᠠᠮᠢᠨ ᠳ᠋ᠤᠷᠠᠯ ᠢ ᠭᠡᠷᠡᠰᠡᠡᠵᠡ ᠶᠢᠨ ᠳᠠᠪᠣᠳᠤᠭᠠᠷ ᠭᠦᠤ ᠭᠡᠵᠤ ᠴᠤ ᠳᠡᠮᠳᠡᠭᠯᠡᠵᠤ ᠪᠣᠢ᠃ ᠶᠠᠭᠤ ᠪᠣᠯᠤᠭᠰᠠᠨ ᠴᠤ ᠳ᠋ᠠᠷᠢ ᠳᠠᠢ᠌ᠵᠢ ᠪᠣᠯ ᠦᠷ᠎ᠡ ᠦᠭᠡᠶ ᠭᠦᠮᠤᠨ ᠪᠠᠢ᠌ᠭᠰᠠᠨ ᠳᠤᠯᠠ ᠭᠦᠭᠡᠢ᠌ᠳ ᠬᠠᠳᠠᠭᠢᠨ ᠬᠤᠶᠠᠷ ᠣᠳᠤᠭ ᠨᠢ 16 ᠳ᠋ᠤᠭᠠᠷ ᠵᠠᠭᠤᠨ ᠪᠣᠯᠬᠤ ᠳᠤ ᠳᠠᠷᠬᠠᠵᠤ ᠪᠣᠳᠠᠷᠠᠭᠠᠤᠨ ᠬᠠᠯᠬ᠎ᠠ ᠶᠢᠨ ᠭᠤᠷᠪᠠᠨ ᠬᠠᠨ ᠳᠤ ᠨᠡᠢ᠌ᠯᠡᠭ᠍ᠰᠡᠨ ᠪᠣᠶᠤ ᠥᠭᠡᠷ᠎ᠡ ᠮᠤᠩᠭ᠋ᠤᠯ ᠠᠢ᠌ᠮᠠᠭ ᠲᠤ ᠨᠠᠢ᠌ᠯᠠᠨ ᠣᠷᠤᠭᠰᠠᠨ ᠪᠠᠢ᠌ᠵᠤ ᠴᠤ ᠮᠠᠳᠠᠨ᠎ᠠ᠃ ᠳᠤᠰ ᠨᠤᠮ ᠳᠤ ᠪᠠᠰᠠ 《᠊ᠭ᠍᠊·ᠺᠷᠵᠢᠮᠢ᠌ᠯᠤ᠋ ᠭᠡᠳᠡᠭ᠌ ᠭᠦᠮᠤᠨ ᠭᠦᠭᠡᠢ᠌ᠳ ᠤᠨ ᠵᠠᠷᠢᠮ ᠭᠡᠰᠡᠭ᠌ ᠨᠢ ᠦᠪᠣᠷ ᠮᠤᠩᠭ᠋ᠤᠯ ᠤᠨ ᠣᠯᠠᠭᠠᠴᠠᠪ ᠲᠤ ᠪᠠᠢ᠌ᠯ᠎ᠠ ᠭᠡᠵᠡᠢ᠃ ᠡᠳᠡᠭᠡᠷ ᠳᠡᠮᠳᠡᠭᠯᠡᠯ ᠡᠴᠡ ᠦᠵᠡᠪᠠᠯ ᠬᠤᠷᠴᠠ ᠸᠠᠩ ᠤᠨ ᠬᠤᠰᠢᠭᠤ ᠪᠣᠯ ᠣᠳᠤᠭᠢ ᠮᠤᠩᠭ᠋ᠤᠯ ᠠᠷᠠᠤᠨ ᠣᠯᠤᠰ ᠤᠨ ᠵᠡᠭᠦᠨ ᠡᠮᠦᠨ᠎ᠡ ᠭᠡᠰᠩ ᠶᠢᠡᠷ ᠪᠠᠢ᠌ᠭᠰᠠᠨ᠂ ᠭᠦᠭᠡᠢ᠌ᠳ ᠣᠳᠤᠭ ᠳᠠᠷᠠ ᠬᠠᠪᠢ ᠳᠤ ᠪᠠᠢ᠌ᠯ᠎ᠠ ᠭᠡᠳᠡᠭ᠌ ᠡᠴᠡ ᠪᠣᠳᠤᠪᠠᠯ ᠭᠦᠭᠡᠢ᠌ᠳ ᠨᠡᠷ ᠨᠢ ᠬᠠᠯᠬ᠎ᠠ ᠲᠦᠮᠡᠨ ᠤ ᠪᠠᠨ ᠵᠡᠭᠦᠨ ᠭᠡᠰᠩ ᠪᠣᠶᠤ ᠵᠡᠭᠦᠨ ᠡᠮᠦᠨᠡᠳᠤ ᠭᠡᠰᠩ ᠦᠪᠣᠷ ᠮᠤᠩᠭ᠋ᠤᠯ ᠤᠨ ᠠᠪᠠᠭ᠎ᠠ ᠦᠵᠦᠮᠤᠴᠢᠨ ᠲᠡᠶ ᠵᠠᠯᠭᠠᠵᠤ ᠪᠠᠢ᠌ᠭᠰᠠᠨ ᠠᠵᠠᠢ》 ⑿ᠭᠡᠵᠤ ᠳᠠᠢ᠌ᠯᠪᠣᠷᠢᠯᠠᠭᠰᠠᠨ ᠪᠠᠢ᠌ᠳᠠᠭ᠃
ᠭᠤᠷᠪᠠ᠂ ᠭᠦᠭᠡᠢ᠌ᠳ ᠣᠳᠤᠭ ᠤᠨ ᠨᠢᠭᠡ ᠭᠡᠰᠩ ᠨᠢ ᠬᠤᠱᠤᠳ ᠠᠢ᠌ᠮᠠᠭ ᠲᠤ ᠰᠢᠯᠵᠢᠭ᠍ᠰᠡᠨ ᠴᠠᠭ ᠦᠶ᠎ᠡ ᠶᠢ ᠰᠥᠪᠠᠭ᠍ᠴᠢᠯᠡᠭᠦ ᠨᠢ
ᠳᠦᠷᠪᠠᠨ ᠤᠢ᠌ᠷᠠᠤᠨ ᠤᠨ ᠬᠤᠱᠤᠳ ᠠᠢ᠌ᠮᠠᠭ ᠲᠤ ᠭᠦᠭᠡᠢ᠌ᠳ ᠣᠳᠤᠭ ᠤᠨ ᠨᠢᠭᠡ ᠭᠡᠰᠩ ᠨᠢ ᠭᠡᠵᠢᠶ᠎ᠡ ᠶᠠᠭᠠᠭᠢᠵᠤ ᠰᠢᠯᠵᠢᠵᠤ ᠢᠷᠡᠭ᠍ᠰᠡᠨ ᠳᠤᠬᠠᠢ ᠳᠡᠦᠭᠡᠨ ᠰᠤᠷᠪᠣᠯᠵᠢ ᠪᠢᠴᠢᠭ᠌ ᠲᠤ ᠳᠤᠳᠤᠷᠬᠠᠢ ᠳᠡᠮᠳᠡᠭᠯᠡᠯ ᠦᠭᠡᠶ ᠳᠤᠯᠠ ᠳᠤᠳᠤᠷᠬᠠᠢ᠌ᠯᠠᠬᠤ ᠳᠤ ᠳᠦᠪᠠᠭ᠍ᠳᠡᠢ᠃ ᠭᠡᠪᠠᠴᠤ ᠬᠠᠯᠬ᠎ᠠ ᠤᠢ᠌ᠷᠠᠤᠨ ᠤᠨ ᠬᠤᠭᠤᠷᠠᠳᠤᠭᠢ ᠣᠷᠳᠤ ᠣᠳᠠᠭᠠᠨ ᠵᠢᠯ ᠤᠨ ᠬᠤᠳᠬᠤᠯᠳᠤᠭᠠᠨ ᠪᠠ ᠳᠠᠢ᠌ᠨ ᠳᠠᠵᠢᠨ ᠤ ᠳᠤᠮᠳᠠ ᠬᠠᠯᠬ᠎ᠠ ᠶᠢᠨ ᠭᠦᠭᠡᠢ᠌ᠳ ᠣᠳᠤᠭ ᠤᠨ ᠨᠢᠭᠡ ᠪᠦᠯᠦᠭ᠌ ᠭᠦᠮᠦᠰ ᠳᠦᠷᠪᠠᠨ ᠤᠢ᠌ᠷᠠᠤᠨ ᠤᠨ ᠬᠤᠱᠤᠳ ᠠᠢ᠌ᠮᠠᠭ ᠲᠤ ᠰᠢᠯᠵᠢᠨ ᠣᠷᠤᠵᠤ ᠢᠷᠡᠭ᠍ᠰᠡᠨ ᠭᠡᠵᠤ ᠥᠵᠡᠭᠦ ᠪᠣᠯᠤᠮᠵᠢ ᠪᠦᠷᠢᠨ ᠪᠣᠢ᠃ ᠳᠦᠷᠪᠠᠨ ᠤᠢ᠌ᠷᠠᠤᠨ ᠤᠨ ᠳᠡᠦᠭᠡ ᠶᠢ ᠨᠠᠷᠢᠪᠴᠢᠯᠠᠵᠤ ᠦᠵᠡᠪᠠᠯ 1587 ᠊᠊᠊᠊᠊᠊᠊᠊᠊᠊᠊᠊᠊᠊᠊ 1640 ᠣᠨ ᠪᠣᠯᠳᠠᠯ᠎ᠠ ᠤᠢ᠌ᠷᠠᠤᠨ ᠬᠠᠯᠬ᠎ᠠ ᠶᠢᠨ ᠬᠤᠭᠤᠷᠤᠠᠳᠤ ᠣᠷᠢᠳ ᠬᠤᠵᠢᠳ ᠨᠠᠢ᠌ᠳᠠ ᠨᠢ᠋ᠮᠠ ᠣᠳᠠᠭ᠎ᠠ ᠶᠢᠨ ᠳᠠᠢ᠌ᠨ ᠪᠠᠢ᠌ᠯᠳᠤᠭᠠᠨ ᠪᠣᠯᠵᠤ ᠥᠩᠭᠡᠷᠡᠵᠡᠢ᠃ ᠳᠤᠬᠠᠢ᠌ᠯᠠᠪᠠᠯ ᠠᠩᠬᠠᠳᠤᠭᠴᠢ ᠳᠠᠢ᠌ᠨ ᠨᠢ ᠶᠡᠭᠡ ᠲᠦᠯᠤᠪ 1587 ᠣᠨ ᠤ ᠨᠠᠮᠤᠷ ᠬᠠᠯᠬ᠎ᠠ ᠶᠢᠨ ᠠᠪᠠᠳᠠᠢ ᠬᠠᠨ ᠡᠴᠡ ᠬᠠᠯᠬ᠎ᠠ ᠳᠠᠶᠠᠭᠠᠷ ᠤᠨ ᠴᠡᠷᠢᠭ᠌ ᠶᠢᠡᠷ ᠤᠢ᠌ᠷᠠᠤᠨ ᠢ ᠴᠤᠭᠢᠭᠰᠠᠨ ᠳᠠᠢ᠌ᠨ ᠪᠣᠯᠤᠨ᠎ᠠ᠃ ᠬᠤᠶᠠᠳᠠᠭᠢ ᠳᠠᠢ᠌ᠨ ᠨᠢ 16 ᠳ᠋ᠤᠭᠠᠷ ᠵᠠᠭᠤᠨ ᠤ ᠶᠡᠷᠡᠭᠡᠳ ᠣᠨ ᠳᠤ ᠬᠠᠯᠬ᠎ᠠ ᠶᠢᠨ ᠯᠠᠢ᠌ᠬᠤᠷ ᠬᠠᠨ ᠨᠢ ᠳᠦᠷᠪᠠᠨ ᠤᠢ᠌ᠷᠠᠤᠨ ᠲᠡᠶ ᠭᠢᠭ᠍ᠰᠡᠨ ᠳᠠᠢ᠌ᠨ ᠪᠣᠯᠤᠨ᠎ᠠ᠃ ᠭᠤᠷᠪᠠᠳᠠᠭᠢ ᠳᠠᠢ᠌ᠨ ᠨᠢ 1608 ᠣᠨ ᠳᠤ ᠬᠠᠨᠢ ᠬᠤᠩᠭ᠋ᠤᠷ ᠤᠨ ᠠᠪᠠᠢ ᠬᠠᠳᠤᠨ ᠤᠢ᠌ᠷᠠᠤᠨ ᠤᠨ ᠴᠡᠷᠢᠭ᠌ ᠶᠢᠡᠨ ᠵᠤᠬᠢᠶᠠᠨ ᠪᠠᠢ᠌ᠭᠤᠯᠵᠤ ᠬᠠᠯᠬ᠎ᠠ ᠶᠢᠨ ᠱᠤᠯᠤᠢ ᠣᠪᠠᠰᠢ ᠬᠤᠩ ᠳᠠᠢ᠌ᠵᠢ ᠲᠡᠶ ᠭᠢᠭ᠍ᠰᠡᠨ ᠳᠠᠢ᠌ᠨ ᠪᠣᠯᠤᠨ᠎ᠠ᠃ ᠳᠦᠷᠪᠠᠳᠠᠭᠢ ᠳᠠᠢ᠌ᠨ ᠨᠢ 1612 ᠊᠊᠊᠊᠊᠊᠊᠊᠊᠊᠊᠊᠊᠊᠊ 1615 ᠣᠨ ᠤ ᠬᠤᠭᠤᠷᠤᠠᠳᠤ ᠱᠤᠯᠤᠢ ᠣᠪᠠᠰᠢ ᠬᠤᠩ ᠳᠠᠢ᠌ᠵᠢ ᠬᠠᠰᠠᠭ ᠲᠡᠶ ᠬᠤᠯᠪᠣᠭᠠᠯᠠᠨ ᠤᠢ᠌ᠷᠠᠤᠨ ᠢ ᠴᠤᠭᠢᠭᠰᠠᠨ ᠳᠠᠢ᠌ᠨ ᠪᠣᠯᠤᠨ᠎ᠠ᠃ ᠳᠠᠪᠣᠳᠠᠭᠢ ᠳᠠᠢ᠌ᠨ ᠨᠢ 1621 ᠣᠨ ᠳᠤ ᠱᠤᠯᠤᠢ ᠣᠪᠠᠰᠢ ᠬᠤᠩ ᠳᠠᠢ᠌ᠵᠢ ᠨᠢ ᠬᠠᠯᠬ᠎ᠠ ᠶᠢᠨ ᠪᠠᠷᠠᠭᠤᠨ ᠭᠠᠷ ᠤᠨ ᠴᠡᠷᠢᠭ᠌ ᠪᠣᠯᠤᠨ ᠣᠷᠢᠶᠠᠩᠬᠠᠢ ᠴᠡᠷᠢᠭ᠌ ᠢ ᠳᠠᠢ᠌ᠴᠢᠯᠠᠨ ᠵᠡᠭᠦᠨ ᠬᠠᠰᠠᠭ ᠤᠨ ᠢᠰᠢᠮ ᠤᠨ ᠬᠠᠨ ᠲᠡᠶ ᠬᠤᠯᠪᠣᠭᠠᠯᠠᠨ ᠤᠢ᠌ᠷᠠᠤᠨ ᠢ ᠬᠠᠪᠴᠢᠨ ᠴᠤᠭᠢᠭᠰᠠᠨ ᠳᠠᠢ᠌ᠨ ᠪᠣᠯᠤᠨ᠎ᠠ᠃ ᠵᠢᠷᠭᠤᠳᠠᠭᠢ ᠳᠠᠢ᠌ᠨ ᠨᠢ 1629 ᠣᠨ ᠳᠤ ᠣᠮᠪᠣ ᠡᠷᠳᠡᠨᠢ ᠤᠢ᠌ᠷᠠᠤᠨ ᠲᠤ ᠴᠡᠷᠢᠭᠯᠡᠭᠦ ᠳᠤ ᠭᠦᠦᠰᠢ ᠬᠠᠨ ᠭᠠᠭᠴᠠ ᠮᠤᠷᠢ ᠪᠠᠷ ᠣᠮᠪᠣ ᠡᠷᠳᠡᠨᠢ ᠶᠢᠨ ᠴᠡᠷᠢᠭ᠌ ᠤᠨ ᠭᠦᠷᠢᠶᠡᠨ ᠳᠤ ᠢᠷᠡᠭᠡᠳ ᠡᠨᠡ ᠣᠳᠠᠭᠠᠨ ᠤ ᠳᠠᠢ᠌ᠨ ᠢ ᠵᠤᠭᠰᠤᠭᠠᠭᠰᠠᠨ ᠶᠠᠪᠣᠳᠠᠯ ᠪᠣᠯᠤᠨ᠎ᠠ᠃ ᠳᠤᠯᠤᠳᠠᠭᠢ ᠳᠠᠢ᠌ᠨ ᠨᠢ 1636 ᠣᠨ ᠳᠤ ᠤᠢ᠌ᠷᠠᠤᠨ ᠨᠢ ᠬᠠᠯᠬ᠎ᠠ ᠳᠤ ᠪᠠᠭᠤᠵᠤ ᠦᠭᠭᠦᠭ᠍ᠰᠡᠨ ᠳᠤ ᠬᠤᠢ᠌ᠳ ᠠᠢ᠌ᠮᠠᠭ ᠤᠨ ᠰᠠᠢ᠌ᠨ ᠭᠢᠶ᠎ᠠ ᠨᠢ ᠠᠷᠭ᠎ᠠ ᠭᠠᠷᠭᠠᠨ ᠬᠠᠯᠬ᠎ᠠ ᠶᠢ ᠳᠠᠭᠠᠷᠢᠭᠠᠤᠨ ᠣᠮᠪᠣ ᠡᠷᠳᠡᠨᠢ (ᠱᠤᠯᠤᠢ ᠣᠪᠠᠰᠢ ᠬᠤᠩ ᠳᠠᠢ᠌ᠵᠢ ᠶᠢᠨ ᠭᠦᠤ) ᠶ᠋ᠢ ᠪᠠᠷᠢᠵᠤ ᠪᠣᠷᠤᠭᠤ ᠮᠡᠳᠡᠭᠦᠯᠦᠭ᠍ᠰᠡᠨ ᠳᠠᠢ᠌ᠨ ᠪᠣᠯᠤᠨ᠎ᠠ᠃ ᠨᠢ᠋ᠮᠠᠳᠠᠭᠢ ᠳᠠᠢ᠌ᠨ ᠨᠢ 1637 ᠣᠨ ᠳᠤ ᠤᠢ᠌ᠷᠠᠤᠨ ᠤᠨ ᠭᠦᠦᠰᠢ ᠬᠠᠨ ᠳᠦᠷᠤᠪᠠᠢ᠌ᠬᠤ ᠬᠦᠬᠡᠨᠠᠭᠤᠷ ᠲᠤ ᠪᠠᠢ᠌ᠭᠰᠠᠨ ᠬᠠᠯᠬ᠎ᠠ ᠶᠢᠨ ᠴᠤᠭᠳᠤ ᠳᠠᠢ᠌ᠵᠢ ᠲᠡᠶ ᠭᠢᠭ᠍ᠰᠡᠨ ᠳᠠᠢ᠌ᠨ ᠪᠣᠯᠤᠨ᠎ᠠ᠃ ᠳᠡᠭᠡᠷᠡᠭᠢ ᠨᠢ᠋ᠮᠠ ᠣᠳᠠᠭᠠᠨ ᠤ ᠳᠠᠢ᠌ᠨ ᠡᠴᠡ ᠪᠠᠷᠤᠭᠴᠠᠯᠠᠪᠠᠯ ᠶᠡᠭᠡ ᠲᠦᠯᠤᠪ ᠪᠣᠪᠠᠢ ᠮᠢᠷᠵᠠ ᠶᠢᠨ ᠦᠶ᠎ᠡ ᠡᠴᠡ ᠪᠠᠢ᠌ᠪᠠᠭᠠᠰ ᠬᠠᠨ ᠭᠦᠷᠳᠡᠯᠭᠢ ᠦᠶ᠎ᠡ ᠳᠠᠷᠤᠢ ᠤᠢ᠌ᠷᠠᠤᠨ ᠤᠨ ᠬᠤᠶᠠᠳᠤᠭᠠᠷ ᠣᠳᠠᠭ᠎ᠠ ᠶᠢᠨ ᠬᠤᠯᠪᠣᠭ᠎ᠠ ᠶᠢᠨ ᠦᠶ᠎ᠡ ᠪᠠᠷ ᠬᠠᠯᠬ᠎ᠠ ᠶᠢᠨ ᠭᠦᠭᠡᠢ᠌ᠳ ᠣᠳᠤᠭ ᠤᠨ ᠨᠢᠭᠡ ᠪᠦᠯᠦᠭ᠌ ᠭᠦᠮᠦᠰ ᠳᠦᠷᠪᠠᠨ ᠤᠢ᠌ᠷᠠᠤᠨ ᠤᠨ ᠬᠤᠱᠤᠳ ᠠᠢ᠌ᠮᠠᠭ ᠲᠤ ᠣᠷᠤᠵᠤ ᠢᠷᠡᠭ᠍ᠰᠡᠨ ᠲᠦᠯᠤᠪᠳᠠᠢ ᠭᠡᠵᠤ ᠦᠵᠡᠵᠤ ᠪᠣᠯᠤᠮᠠᠷ᠃ ᠣᠴᠢᠷ ᠨᠢ ᠡᠨᠡ ᠦᠶ᠎ᠡ ᠪᠣᠯ ᠬᠠᠯᠬ᠎ᠠ ᠤᠢ᠌ᠷᠠᠤᠨ ᠤᠨ ᠳᠠᠢ᠌ᠨ ᠳᠠᠰᠤᠷᠠᠯᠳᠠ ᠦᠭᠡᠶ ᠦᠷᠭᠦᠯᠵᠢᠯᠡᠵᠤ ᠪᠠᠢ᠌ᠭᠰᠠᠨ ᠣᠨ ᠵᠢᠯ ᠤᠳ ᠪᠣᠯᠬᠤ ᠪᠦᠭᠡᠳ ᠳᠦᠷᠪᠠᠨ ᠤᠢ᠌ᠷᠠᠤᠨ ᠢ ᠬᠤᠱᠤᠳ ᠡᠵᠡᠨ ᠮᠠᠳᠠᠵᠤ ᠪᠠᠢ᠌ᠭᠰᠠᠨ ᠦᠶ᠎ᠡ ᠪᠣᠯᠬᠤ ᠳᠤᠯᠠ ᠨᠢᠭᠡ ᠪᠦᠯᠦᠭ᠌ ᠭᠦᠭᠡᠢ᠌ᠳ ᠣᠳᠤᠭ ᠤᠨ ᠭᠦᠮᠦᠰ ᠬᠤᠱᠤᠳ ᠤᠨ ᠬᠠᠷᠢᠶᠠᠨ ᠳᠤ ᠣᠷᠤᠵᠤ ᠢᠷᠡᠭ᠍ᠰᠡᠨ ᠪᠣᠯᠤᠮᠵᠢ ᠪᠠᠢ᠌ᠵᠤ ᠮᠡᠳᠡᠭᠦ ᠶᠤᠮ᠃ 《ᠮᠤᠩᠭ᠋ᠤᠯ ᠊᠊᠊᠊᠊᠊᠊᠊᠊᠊᠊᠊᠊᠊᠊ ᠤᠢ᠌ᠷᠠᠤᠨ ᠤᠨ ᠴᠠᠭᠠᠵᠠ ᠪᠢᠴᠢᠭ᠌》 ᠲᠤ 《ᠭᠠᠯ ᠮᠤᠭᠠᠢ ᠵᠢᠯ ᠡᠴᠡ ᠢᠨᠠᠭᠰᠢ ᠰᠢᠷᠤᠢ ᠯᠤᠤ ᠵᠢᠯ ᠭᠦᠷᠳᠡᠯ᠎ᠡ ᠪᠠᠷᠢᠭᠤ᠂ ᠪᠠᠭᠠᠳᠤᠳ᠂ ᠬᠤᠢ᠌ᠳ᠂ ᠮᠤᠩᠭ᠋ᠤᠯ ᠳ᠋ᠠᠭᠢ ᠠᠨᠤ ᠮᠤᠩᠭ᠋ᠤᠯ ᠳᠤ ᠰᠢᠩᠭᠡᠪᠡ᠂ ᠤᠢ᠌ᠷᠠᠤᠨ ᠳᠠᠭᠢ ᠠᠨᠤ ᠤᠢ᠌ᠷᠠᠤᠨ ᠲᠤ ᠰᠢᠩᠭᠡᠪᠡ᠃ ᠳᠠᠳᠠᠨ ᠡᠴᠡ ᠪᠣᠰᠤ ᠬᠠᠯᠠᠭᠤᠨ ᠠᠮᠢᠨ ᠢ ᠴᠦᠮ ᠰᠠᠭᠠᠤᠨ ᠦᠭᠡᠶ ᠠᠪᠣᠯᠴᠠᠬᠤ ᠪᠣᠯᠪᠠ》 ⒀ ᠭᠡᠵᠡᠢ᠃ ᠡᠳᠡᠭᠡᠷ ᠰᠤᠷᠪᠣᠯᠵᠢ ᠪᠢᠴᠢᠭ᠌ ᠤᠳ ᠤᠨ ᠳᠡᠮᠳᠡᠭᠯᠡᠯ ᠡᠴᠡ ᠥᠵᠡᠭᠦ ᠳᠤ ᠬᠠᠯᠬ᠎ᠠ ᠤᠢ᠌ᠷᠠᠤᠨ ᠤᠨ ᠬᠤᠭᠤᠷᠤᠠᠳᠤ ᠨᠢᠭᠡ ᠨᠢᠭᠡᠨ ᠳᠡᠭᠡᠨ ᠬᠠᠷᠢᠯᠴᠠᠨ ᠰᠢᠩᠭᠡᠵᠤ ᠪᠠᠢ᠌ᠭᠰᠠᠨ ᠭᠡᠷᠡᠭ᠌ ᠥᠨᠡᠭᠡᠷ ᠪᠠᠢ᠌ᠵᠠᠢ᠃ ᠳᠡᠭᠡᠷᠡᠭᠢ ᠵᠣᠢ᠌ᠯᠠᠰ ᠤᠳ ᠡᠴᠡ ᠠᠵᠢᠭᠯᠠᠪᠠᠯ ᠬᠤᠱᠤᠳ ᠠᠢ᠌ᠮᠠᠭ ᠤᠨ ᠭᠦᠦᠰᠢ ᠬᠠᠨ 1637 ᠣᠨ ᠤ ᠣᠷᠴᠢᠮ ᠶᠢᠡᠷ ᠬᠦᠬᠡᠨᠠᠭᠤᠷ ᠲᠤ ᠰᠢᠯᠵᠢᠵᠤ ᠢᠷᠡᠭᠦ ᠳᠡᠭᠡᠨ ᠬᠤᠱᠤᠳ ᠲᠤ ᠰᠢᠩᠭᠡᠭ᠍ᠰᠡᠨ ᠨᠢᠭᠡ ᠪᠦᠯᠦᠭ᠌ ᠭᠦᠭᠡᠢ᠌ᠳ ᠣᠳᠤᠭ ᠤᠨ ᠭᠦᠮᠦᠰ ᠢ ᠳᠠᠭᠠᠭᠤᠯᠵᠤ ᠢᠷᠡᠭ᠍ᠰᠡᠨ ᠪᠦᠭᠡᠳ ᠬᠤᠵᠢᠮ ᠨᠢ ᠡᠳᠡᠭᠡᠷ ᠭᠦᠭᠡᠢ᠌ᠳ ᠭᠦᠮᠦᠰ ᠨᠢ ᠭᠦᠭᠡᠳ ᠬᠤᠰᠢᠭᠤᠨ ᠪᠣᠯᠤᠭᠰᠠᠨ ᠪᠣᠯᠤᠯᠳᠠᠢ ᠭᠡᠵᠤ ᠥᠵᠡᠭᠦ ᠪᠣᠯᠤᠮᠵᠢ ᠲᠡᠶ ᠪᠠᠢ᠌ᠨ᠎ᠠ᠃ ᠳᠤᠬᠠᠢ᠌ᠯᠠᠪᠠᠯ᠂ ᠣᠳᠤ ᠶᠢᠨ ᠰᠢᠠᠵᠢᠶᠠᠩ ᠤᠨ ᠪᠠᠶᠠᠠᠭᠤᠤᠯ ᠤᠨ ᠬᠤᠱᠤᠳ ᠳᠤᠳᠤᠷ᠎ᠠ ᠭᠦᠭᠡᠳ ᠳᠦᠴᠢᠨ ᠭᠡᠭᠦ ᠣᠪᠣᠭ ᠶᠠᠰᠤᠳᠠᠨ ᠪᠣᠶᠤ ᠣᠳᠤᠭ ᠪᠠᠢ᠌ᠨ᠎ᠠ᠃ ᠡᠭᠦᠨ ᠤ ᠳᠤᠬᠠᠢ ᠰᠢᠠᠵᠢᠶᠠᠩ ᠤᠨ ᠳᠡᠦᠭᠡᠴᠢᠨ ᠭᠡ᠊·ᠯᠢᠵᠢ ᠶᠢᠨ ᠪᠢᠴᠢᠭ᠍ᠰᠡᠨ 《ᠬᠠᠷᠠᠱᠠᠷ᠎ᠠ ᠶᠢᠨ ᠮᠤᠩᠭ᠋ᠤᠯᠴᠤᠳ ᠤᠨ ᠵᠠᠰᠠᠭ ᠵᠠᠭᠢᠷᠭᠠᠨ ᠤ ᠪᠠᠢ᠌ᠭᠤᠯᠤᠮᠵᠢ ᠶᠢᠨ ᠳᠤᠬᠠᠢ》 ᠭᠡᠭᠦ ᠥᠭᠦᠯᠡᠯ ᠳᠤ 《ᠬᠠᠷᠠᠱᠠᠷ᠎ᠠ ᠶᠢᠨ ᠬᠤᠱᠤᠳ ᠣᠢᠵᠢ᠂ ᠪᠣᠷᠭᠤᠭ᠂ ᠬᠠᠷ᠎ᠠ᠂ ᠭᠦᠷᠦᠭᠡᠴᠢᠨ᠂ ᠱᠠᠪᠢᠨᠠᠷ ᠪᠠᠭᠠᠳᠤᠨ᠂ ᠳᠤᠮᠳᠠᠢ᠌ᠬᠠᠨ ᠵᠡᠷᠭᠡ ᠰᠤᠮᠤ ᠪᠠᠷ ᠪᠦᠷᠢᠯᠳᠦᠵᠤ᠂ ᠬᠠᠷ᠎ᠠ ᠰᠤᠮᠤᠨ ᠳᠤ ᠬᠠᠷᠨᠠᠭᠤᠨ᠂ ᠬᠠᠽᠠᠭᠤᠨ᠂ ᠭᠦᠭᠡ ᠤᠳ᠂ ᠬᠤᠵᠢᠭᠤᠷ ᠵᠡᠷᠭᠡ ᠳᠦᠷᠪᠠᠨ ᠳᠦᠴᠢᠨ ᠲᠡᠶ》 ⒁ ᠭᠡᠵᠤ ᠳᠡᠮᠳᠡᠭᠯᠡᠵᠡᠢ᠃ ᠳᠦᠴᠢᠨ ᠭᠡᠳᠡᠭ᠌ ᠥᠭᠡ ᠶᠢᠨ ᠳᠤᠬᠠᠢ ᠠ᠊·ᠲᠦᠮᠡᠨ ᠤ ᠨᠠᠢ᠌ᠷᠠᠭᠤᠯᠤᠨ ᠳᠠᠢ᠌ᠯᠪᠣᠷᠢᠯᠠᠭᠰᠠᠨ 《ᠮᠤᠩᠭ᠋ᠤᠯ ᠤᠨ ᠣᠪᠣᠭ ᠠᠢ᠌ᠮᠠᠭ ᠨᠡᠢ᠌ᠭᠡᠮ ᠤᠨ ᠪᠠᠢ᠌ᠭᠤᠯᠤᠯ ᠤᠨ ᠨᠠᠷᠠᠰ ᠤᠨ ᠳᠠᠢ᠌ᠯᠪᠣᠷᠢ》 ᠭᠡᠳᠡᠭ᠌ ᠨᠤᠮ ᠳᠤ 《ᠳᠦᠴᠢᠨ ᠭᠡᠳᠡᠭ᠌ ᠨᠢ ᠳᠤᠭ᠎ᠠ ᠶᠢᠨ ᠳᠦᠴᠢ ᠪᠣᠶᠤ ᠳᠦᠴᠢᠨ ᠡᠷᠦᠭᠡ ᠶᠢ ᠭᠡᠯᠡᠵᠤ ᠪᠠᠢ᠌ᠭᠰᠠᠨ ᠪᠢᠰᠢ᠃ ᠳᠦᠴᠢᠨ ᠭᠡᠳᠡᠭ᠌ ᠬᠣᠢ᠌ᠳᠤ ᠶᠤᠸᠠᠨ ᠣᠯᠤᠰ ᠤᠨ ᠦᠶ᠎ᠡ ᠶᠢᠨ ᠣᠷᠤᠨ ᠨᠤᠳᠤᠭ ᠨᠢᠭᠡ ᠱᠠᠳᠤᠨ ᠤ ᠵᠠᠰᠠᠭ ᠵᠠᠭᠢᠷᠭᠠᠨ ᠤ ᠪᠠᠢ᠌ᠭᠤᠯᠤᠮᠵᠢ ᠶᠢ ᠭᠡᠯᠡᠵᠤ ᠪᠠᠢ᠌ᠵᠠᠢ᠃ ᠥᠭᠡᠷ᠎ᠡ ᠪᠠᠷ ᠭᠡᠯᠡᠪᠠᠯ ᠣᠳᠤᠭ ᠤᠨ ᠳᠤᠳᠤᠷ᠎ᠠ᠂ ᠬᠤᠷᠢᠨ ᠭᠡᠳᠡᠭ᠌ ᠤᠨ ᠳᠡᠭᠡᠷ᠎ᠡ ᠨᠢᠭᠡ ᠱᠠᠳᠤ ᠪᠣᠯᠵᠤ ᠪᠠᠢ᠌ᠭᠰᠠᠨ ᠶᠤᠮ᠃ ᠳᠦᠴᠢᠨ ᠭᠡᠳᠡᠭ᠌ ᠵᠤᠬᠢᠶᠠᠨ ᠪᠠᠢ᠌ᠭᠤᠯᠤᠯᠳᠠ ᠳᠤ ᠶᠡᠭᠡᠭᠡᠨ ᠳ᠋ᠤᠨᠢ ᠵᠠᠭᠤ ᠭᠠᠷᠤᠢ ᠬᠤᠶᠠᠷ ᠵᠠᠭᠤ ᠭᠠᠷᠤᠢ ᠡᠷᠦᠭᠡ ᠵᠠᠭᠢᠷᠤᠭᠳᠠᠳᠠᠭ᠂ ᠪᠠᠭ᠎ᠠ ᠳ᠋ᠤᠨᠢ ᠳᠦᠴᠢ ᠣᠷᠴᠢᠮ ᠡᠷᠦᠭᠡ ᠵᠠᠭᠢᠷᠤᠭᠳᠠᠵᠤ ᠪᠠᠢ᠌ᠵᠠᠢ᠃ ᠡᠨᠡ ᠳᠦᠴᠢᠨ ᠭᠡᠳᠡᠭ᠌ ᠨᠢ ᠪᠠᠷᠤᠭ ᠡᠷᠳᠡ ᠴᠠᠭ ᠤᠨ ᠴᠢᠩᠭᠢᠰ ᠬᠠᠭᠠᠨ ᠤ ᠦᠶ᠎ᠡ ᠶᠢᠨ ᠵᠠᠭᠤᠳᠤ ᠶᠢᠨ ᠪᠠᠢ᠌ᠭᠤᠯᠤᠯ ᠡᠴᠡ ᠣᠯᠠᠷᠢᠵᠤ ᠢᠷᠡᠭ᠍ᠰᠡᠨ ᠪᠣᠯᠤᠯᠳᠠᠢ᠃ ᠵᠡᠭᠦᠨᠭᠠᠷ ᠬᠠᠭᠠᠠᠳᠤ ᠣᠯᠤᠰ ᠤᠨ ᠦᠶ᠎ᠡ ᠳᠤ ᠣᠳᠤᠭ ᠤᠨ ᠳᠤᠳᠤᠷᠠᠭᠢ ᠭᠦᠮᠤᠨ ᠪᠦᠭᠦᠨ ᠪᠦᠷ ᠳᠦᠴᠢᠨ ᠳᠤ ᠳᠤᠭᠠᠯᠠᠭᠳᠠᠵᠤ ᠪᠠᠢ᠌ᠭᠰᠠᠨ ᠶᠤᠮ》 ᠭᠡᠵᠡᠢ ⒂᠃ ᠥᠭᠡᠷ᠎ᠡ ᠪᠠᠷ ᠭᠡᠯᠡᠪᠠᠯ ᠭᠦᠭᠡᠳ ᠳᠦᠴᠢᠨ ᠭᠡᠳᠡᠭ᠌ ᠨᠢ ᠳᠠᠷᠤᠢ ᠨᠢᠭᠡ ᠣᠪᠣᠭ ᠶᠠᠰᠤᠳᠠᠨ ᠪᠣᠶᠤ ᠨᠢᠭᠡ ᠣᠳᠤᠭ ᠤᠨ ᠭᠦᠮᠦᠰ ᠶᠢᠡᠷ ᠪᠦᠷᠢᠯᠳᠦᠭ᠍ᠰᠡᠨ ᠨᠢᠭᠡ ᠱᠠᠳᠤᠨ ᠤ ᠵᠠᠰᠠᠭ ᠵᠠᠭᠢᠷᠭᠠᠨ ᠤ ᠪᠠᠢ᠌ᠭᠤᠯᠤᠮᠵᠢ ᠪᠠᠢ᠌ᠵᠠᠢ᠃ ᠡᠭᠦᠨ ᠡᠴᠡ ᠥᠵᠡᠭᠦ ᠳᠤ ᠬᠤᠱᠤᠳ ᠠᠢ᠌ᠮᠠᠭ ᠤᠨ ᠳᠤᠳᠤᠷ᠎ᠠ ᠡᠷᠳᠡᠨ ᠡᠴᠡ ᠭᠦᠭᠡᠢ᠌ᠳ ᠣᠳᠤᠭ ᠪᠣᠶᠤ ᠭᠦᠭᠡᠳ ᠳᠦᠴᠢᠨ ᠪᠠᠢ᠌ᠭᠰᠠᠨ ᠨᠢ ᠢᠪ ᠢᠯᠡᠷᠭᠡᠢ ᠪᠠᠢ᠌ᠨ᠎ᠠ᠃ ᠠᠢ᠌ᠮᠠᠭ ᠪᠣᠶᠤ ᠣᠳᠤᠭ ᠨᠢ ᠣᠪᠣᠭ ᠶᠠᠰᠤᠳᠠᠨ ᠪᠣᠯᠵᠤ ᠬᠤᠪᠢᠷᠠᠬᠤ ᠪᠣᠯᠤᠮᠵᠢ ᠪᠦᠷᠢᠨ ᠪᠠᠢ᠌ᠳᠠᠭ᠃ ᠵᠢᠱᠢᠶᠠᠯᠠᠪᠠᠯ᠂ ᠷᠠᠳᠨᠠᠪᠠᡁᠠᠳᠠᠷᠠᠨ ᠶᠢᠨ ᠪᠢᠴᠢᠭ᠍ᠰᠡᠨ ᠰᠢ᠊·ᠨᠤᠷᠪᠣ ᠳᠤᠯᠭᠠᠨ ᠬᠠᠷᠢᠴᠠᠭᠤᠯᠵᠤ ᠳᠠᠢ᠌ᠯᠪᠣᠷᠢᠯᠠᠭᠰᠠᠨ 《ᠷᠠᠪᠵᠢᠮᠪᠠ ᠽᠠᠶ᠎ᠠ ᠪᠠᠠᠳᠢᠳᠠ ᠶᠢᠨ ᠳᠤᠭᠤᠵᠢ ᠰᠠᠷᠠᠨ ᠤ ᠭᠡᠷᠡᠯ ᠭᠡᠮᠡᠭᠦ ᠣᠷᠤᠰᠢᠪᠠᠢ》 ᠭᠡᠭᠦ ᠨᠤᠮ ᠳᠤ 《(ᠽᠠᠶ᠎ᠠ ᠪᠠᠠᠳᠢᠳᠠ ᠶᠢᠨ) ᠶᠠᠰᠤᠨ ᠠᠨᠤ ᠬᠤᠱᠤᠳ᠂ ᠣᠳᠤᠭ ᠠᠨᠤ ᠭᠦᠷᠦᠭᠡᠴᠢᠨ᠂ ᠭᠦᠷᠦᠭᠡᠴᠢᠨ ( ᠊ᠤ) ᠳᠤᠳᠤᠷ᠎ᠠ ᠪᠠᠨ ᠱᠠᠩᠭ᠋ᠠᠰ ᠠᠮᠤᠢ᠂ ᠡᠪᠦᠭᠡ ᠢᠨᠤ ᠳᠦᠷᠪᠠᠨ ᠤᠢ᠌ᠷᠠᠤᠨ ᠲᠤ ᠶᠡᠭᠡ ᠰᠠᠴᠠᠨ ᠳᠤ ᠠᠯᠳᠠᠷᠰᠢᠭᠰᠠᠨ ᠭᠦᠩᠭᠦᠢ ᠵᠠᠶᠠᠭᠠᠴᠢ ᠭᠡᠮᠡᠭᠦ ᠪᠣᠢ》 ⒃ ᠭᠡᠵᠤ ᠳᠡᠮᠳᠡᠭᠯᠡᠵᠤ ᠪᠣᠢ᠃ ᠡᠢ᠌ᠮᠤ ᠡᠴᠡ ᠳᠠᠢ᠌ᠵᠢᠨᠠᠷ ᠬᠤᠰᠢᠭᠤᠨ ᠤ ᠭᠦᠷᠦᠭᠡᠴᠢᠨ ᠨᠢ ᠣᠭ ᠲᠠᠭᠠᠨ ᠣᠳᠤᠭ ᠪᠠᠢ᠌ᠭᠰᠠᠨ ᠡᠴᠡ ᠭᠦᠷᠦᠭᠡᠴᠢᠨ ᠶᠠᠰᠤᠳᠠᠨ ᠪᠣᠯᠵᠤ ᠬᠤᠪᠢᠷᠭᠰᠠᠨ ᠢ ᠬᠠᠷᠠᠭᠤᠯᠵᠤ ᠪᠣᠢ᠃ ᠳᠠᠢ᠌ᠮᠤ ᠪᠣᠯᠬᠤᠷ 《ᠭᠦᠭᠡᠳ》 ᠭᠡᠳᠡᠭ᠌ ᠥᠭᠡ ᠶᠢ ᠴᠤ ᠣᠪᠣᠭ ᠪᠣᠶᠤ ᠶᠠᠰᠤᠳᠠᠨ ᠤ ᠨᠠᠷᠠ ᠭᠡᠵᠤ ᠥᠵᠡᠭᠦ ᠪᠦᠷᠢᠨ ᠪᠣᠯᠤᠮᠵᠢ ᠲᠡᠶ ᠪᠠᠢ᠌ᠨ᠎ᠠ᠃ ᠭᠡᠯᠯᠭᠡᠨ ᠦᠭᠡᠶ ᠳᠠᠷᠠ ᠨᠢ ᠭᠦᠭᠡᠳ ᠬᠤᠰᠢᠭᠤ ᠳᠠᠷᠠ ᠶᠠᠩᠵᠤ ᠪᠠᠷ ᠶᠢᠡᠨ ᠭᠦᠭᠡᠳ ᠶᠠᠰᠤᠳᠠᠨ ᠪᠠᠢ᠌ᠭᠰᠠᠨ ᠭᠡᠰᠡᠨ ᠰᠠᠨᠠᠭ᠎ᠠ ᠣᠭᠳᠤ ᠪᠢᠰᠢ ᠶᠤᠮ᠃ ᠬᠠᠷᠢᠨ ᠨᠢᠭᠡ ᠪᠦᠯᠦᠭ᠌ ᠨᠢ ᠭᠦᠭᠡᠢ᠌ᠳ ᠣᠳᠤᠭ ᠤᠨ ᠭᠢᠨ ᠪᠠᠢ᠌ᠭᠰᠠᠨ ᠡᠴᠡ ᠳᠡᠭᠡᠵᠤ ᠨᠡᠷᠡᠢ᠌ᠳᠦᠭ᠍ᠰᠡᠨ ᠪᠠᠢ᠌ᠵᠤ ᠮᠠᠳᠠᠨ᠎ᠠ᠃ ᠦᠨᠡᠨ ᠳᠡᠭᠡᠨ ᠭᠦᠭᠡᠳ ᠬᠤᠰᠢᠭᠤ ᠳᠤᠳᠤᠷ᠎ᠠ ᠤᠢ᠌ᠷᠠᠤᠨ ᠮᠤᠩᠭ᠋ᠤᠯ ᠳᠤᠳᠤᠷ᠎ᠠ ᠪᠠᠢ᠌ᠭ᠎ᠠ ᠣᠯᠠᠨ ᠣᠪᠣᠭ ᠶᠠᠰᠤᠳᠠᠨ ᠴᠦᠮ ᠪᠠᠢ᠌ᠬᠤ ᠶᠤᠰᠤᠳᠠᠢ᠃ ᠡᠭᠦᠨ ᠡᠴᠡ ᠭᠠᠳᠠᠨ᠎ᠠ ᠣᠳᠤ ᠶᠢᠨ ᠮᠤᠩᠭ᠋ᠤᠯ ᠣᠯᠤᠰ ᠲᠤ ᠭᠦᠭᠡᠢ᠌ᠳ ᠪᠣᠶᠤ ᠭᠦᠭᠡᠳ ᠭᠡᠭᠦ ᠶᠠᠰᠤᠳᠠᠨ ᠪᠠᠢ᠌ᠨ᠎ᠠ᠃
ᠪᠠᠭᠴᠠᠯᠠᠪᠠᠯ᠂ ᠳᠡᠭᠡᠷᠡᠭᠢ ᠡᠳᠡᠭᠡᠷ ᠰᠤᠷᠪᠣᠯᠵᠢ ᠪᠢᠴᠢᠭ᠌ ᠪᠣᠶᠤ ᠨᠤᠮ ᠬᠠᠷ᠎ᠠ ᠡᠴᠡ ᠥᠵᠡᠭᠦ ᠳᠤ ᠡᠷᠳᠡᠨ ᠤ ᠮᠤᠩᠭ᠋ᠤᠯ ᠣᠪᠣᠭ ᠠᠢ᠌ᠮᠠᠭ ᠤᠨ ᠳᠤᠳᠤᠷ᠎ᠠ ᠭᠦᠭᠡᠢ᠌ᠳ ᠭᠡᠳᠡᠭ᠌ ᠣᠳᠤᠭ ᠪᠠᠢ᠌ᠭᠰᠠᠨ ᠨᠢ ᠳᠤᠪ ᠳᠤᠳᠤᠷᠬᠠᠢ ᠪᠣᠯᠵᠠᠢ᠃ ᠡᠢ᠌ᠮᠤ ᠡᠴᠡ ᠬᠦᠬᠡᠨᠠᠭᠤᠷ ᠮᠤᠩᠭ᠋ᠤᠯ ᠤᠨ ᠭᠦᠭᠡᠳ ᠬᠤᠰᠢᠭᠤ ᠶᠢᠨ 《ᠭᠦᠭᠡᠳ》 ᠭᠡᠳᠡᠭ᠌ ᠥᠭᠡ ᠶᠢ ᠡᠷᠳᠡᠨ ᠤ ᠮᠤᠩᠭ᠋ᠤᠯ ᠣᠪᠣᠭ ᠠᠢ᠌ᠮᠠᠭ ᠤᠨ ᠳᠤᠳᠤᠷᠠᠭᠢ ᠭᠦᠭᠡᠢ᠌ᠳ ᠭᠡᠳᠡᠭ᠌ ᠥᠭᠡ ᠡᠴᠡ ᠢᠷᠠᠯᠳᠠᠢ ᠨᠠᠷᠠᠢ᠌ᠳᠤᠯ ᠭᠡᠵᠤ ᠦᠵᠡᠵᠤ ᠪᠣᠢ᠃
ᠵᠡᠭᠦᠯᠳᠡ
① 《ᠬᠦᠬᠡᠨᠠᠭᠤᠷ ᠤᠨ ᠳᠡᠦᠭᠡ ᠶᠢᠨ ᠳᠤᠪᠴᠢ ᠳᠡᠮᠳᠡᠭᠯᠡᠯ》 (ᠭᠢᠳᠠᠤᠨ)᠂ ᠬᠦᠬᠡᠨᠠᠭᠤᠷ ᠤᠨ ᠠᠷᠠᠤᠨ ᠤᠨ ᠭᠡᠪᠯᠡᠯ ᠤᠨ ᠬᠤᠷᠢᠶ᠎ᠠ᠂ 1980 ᠣᠨ᠂ 266 ᠳ᠋ᠤᠭᠠᠷ ᠨᠢᠭᠤᠷ
②③⑥ 《ᠭᠦᠭᠡᠳ ᠬᠤᠰᠢᠭᠤᠨ ᠤ ᠣᠢ᠌ᠯᠠᠯᠭ᠎ᠠ》᠂ ᠦᠪᠣᠷ ᠮᠤᠩᠭ᠋ᠤᠯ ᠤᠨ ᠠᠷᠠᠤᠨ ᠤᠨ ᠭᠡᠪᠯᠡᠯ ᠤᠨ ᠬᠤᠷᠢᠶ᠎ᠠ᠂ 1998 ᠣᠨ᠃
④ 《ᠬᠦᠬᠡᠨᠠᠭᠤᠷ ᠤᠨ ᠮᠤᠩᠭ᠋ᠤᠯᠴᠤᠳ ᠤᠨ ᠳᠤᠪᠴᠢ ᠳᠡᠦᠭᠡ》᠂ ᠦᠪᠣᠷ ᠮᠤᠩᠭ᠋ᠤᠯ ᠤᠨ ᠠᠷᠠᠤᠨ ᠤᠨ ᠭᠡᠪᠯᠡᠯ ᠤᠨ ᠬᠤᠷᠢᠶ᠎ᠠ᠂ 1996 ᠣᠨ᠃
⑤1994 ᠣᠨ ᠤ 9 ᠰᠠᠷ᠎ᠠ ᠵᠢᠨ 5 ᠊ᠤ ᠡᠳᠦᠷ ᠣᠯᠠᠭᠠᠨ ᠰᠢᠶᠠᠨ ᠤ ᠰᠡᠷᠭᠡ ᠠᠰᠠᠷ ᠲᠤ 《ᠭᠦᠭᠡᠳ ᠬᠤᠰᠢᠭᠤᠨ ᠤ ᠣᠢ᠌ᠯᠠᠪᠣᠷᠢ》 ᠶ᠋ᠢ ᠪᠢᠴᠢᠵᠤ ᠪᠠᠢ᠌ᠬᠤ ᠦᠶ᠎ᠡ ᠳᠤ ᠪᠠᠷᠠᠭᠤᠨ ᠭᠦᠭᠡᠳ ᠤᠨ ᠠᠬ᠎ᠠ ᠭᠠᠪᠽᠠᠩ ᠨᠠᠰᠤᠳᠠᠨ ᠢ ᠰᠤᠷᠪᠣᠯᠵᠢᠯᠠᠭᠰᠠᠨ ᠳᠡᠮᠳᠡᠭᠯᠡᠯ ᠡᠴᠡ ᠡᠰᠢᠯᠡᠪᠡ᠃
⑦ ᠦᠯᠵᠡᠢ᠌ᠳᠤ ᠡᠮᠭᠢᠳᠭᠡᠨ ᠬᠠᠷᠠᠭᠤᠭᠤᠯᠵᠤ ᠳᠠᠢ᠌ᠯᠪᠣᠷᠢ ᠭᠢᠭ᠍ᠰᠡᠨ 《ᠡᠷᠳᠡᠨ ᠤ ᠮᠤᠩᠭ᠋ᠤᠯ ᠤᠨ ᠬᠠᠤᠨ ᠤᠨ ᠦᠨᠳᠦᠰᠦᠨ ᠤ ᠶᠡᠭᠡ ᠰᠢᠷ᠎ᠠ ᠳᠤᠭᠤᠵᠢ ᠣᠷᠤᠰᠢᠪᠠ》᠂ ᠦᠨᠳᠦᠰᠦᠳᠠᠨ ᠤ ᠭᠡᠪᠯᠡᠯ ᠤᠨ ᠬᠤᠷᠢᠶ᠎ᠠ᠂ 1983 ᠣᠨ᠂ 161 ᠳ᠋ᠤᠭᠡᠷ᠃
⑧ 《ᠮᠤᠩᠭ᠋ᠤᠯᠴᠤᠳ ᠤᠨ ᠨᠡᠢ᠌ᠭᠡᠮ ᠤᠨ ᠪᠠᠢ᠌ᠭᠤᠯᠤᠯ ᠤᠨ ᠳᠡᠦᠭᠡ》᠂ ᠦᠨᠳᠦᠰᠦᠳᠠᠨ ᠤ ᠭᠡᠪᠯᠡᠯ ᠤᠨ ᠬᠤᠷᠢᠶ᠎ᠠ᠂ 1980 ᠣᠨ᠂ 307 ᠳ᠋ᠤᠭᠠᠷ ᠨᠢᠭᠤᠷ᠃
⑨⑾⑿ ᠠ᠊·ᠲᠦᠮᠡᠨ ᠤ ᠨᠠᠢ᠌ᠷᠠᠭᠤᠯᠤᠨ ᠳᠠᠢ᠌ᠯᠪᠣᠷᠢᠯᠠᠭᠰᠠᠨ 《ᠮᠤᠩᠭ᠋ᠤᠯ ᠤᠨ ᠣᠪᠣᠭ ᠠᠢ᠌ᠮᠠᠭ ᠨᠡᠢ᠌ᠭᠡᠮ ᠤᠨ ᠪᠠᠢ᠌ᠭᠤᠯᠤᠯ ᠤᠨ ᠨᠠᠷᠠᠰ ᠤᠨ ᠳᠠᠢ᠌ᠯᠪᠣᠷᠢ》᠂ ᠦᠪᠣᠷ ᠮᠤᠩᠭ᠋ᠤᠯ ᠤᠨ ᠠᠷᠠᠤᠨ ᠤᠨ ᠭᠡᠪᠯᠡᠯ ᠤᠨ ᠬᠤᠷᠢᠶ᠎ᠠ᠂ 1999 ᠣᠨ᠂ 166 ᠊᠊᠊᠊᠊᠊᠊᠊᠊᠊᠊᠊᠊᠊᠊ 167 ᠳ᠋ᠤᠭᠠᠷ ᠨᠢᠭᠤᠷ᠃
⑩ ᠰᠤᠨᠤᠮ᠂ ᠦᠨᠡᠨ ᠤ ᠡᠮᠭᠢᠳᠭᠡᠭ᠍ᠰᠡᠨ 《ᠮᠤᠩᠭ᠋ᠤᠯ ᠣᠪᠣᠭ ᠤᠨ ᠪᠦᠷᠢᠳᠭᠡᠯ》᠂ ᠦᠪᠣᠷ ᠮᠤᠩᠭ᠋ᠤᠯ ᠤᠨ ᠠᠷᠠᠤᠨ ᠤᠨ ᠭᠡᠪᠯᠡᠯ ᠤᠨ ᠬᠤᠷᠢᠶ᠎ᠠ᠂ 2007 ᠣᠨ᠃
⒀ᠨ·ᠪᠣᠶᠠᠨ ᠦᠯᠵᠡᠢ ᠨᠡᠷ ᠬᠠᠷᠢᠴᠠᠭᠤᠯᠤᠨ ᠳᠠᠢ᠌ᠯᠪᠣᠷᠢᠯᠠᠭᠰᠠᠨ 《ᠮᠤᠩᠭ᠋ᠤᠯ ᠊᠊᠊᠊᠊᠊᠊᠊᠊᠊᠊᠊᠊᠊᠊ ᠤᠢ᠌ᠷᠠᠤᠨ ᠤᠨ ᠴᠠᠭᠠᠵᠠ ᠪᠢᠴᠢᠭ᠌》᠂ ᠦᠪᠣᠷ ᠮᠤᠩᠭ᠋ᠤᠯ ᠤᠨ ᠠᠷᠠᠤᠨ ᠤᠨ ᠭᠡᠪᠯᠡᠯ ᠤᠨ ᠬᠤᠷᠢᠶ᠎ᠠ᠂ 2000 ᠣᠨ᠂ 21 ᠳ᠋ᠤᠭᠡᠷ ᠨᠢᠭᠤᠷ᠃
⒁ 《ᠬᠠᠷᠠᠱᠠᠷ᠎ᠠ ᠶᠢᠨ ᠮᠤᠩᠭ᠋ᠤᠯᠴᠤᠳ ᠤᠨ ᠵᠠᠰᠠᠭ ᠵᠠᠭᠢᠷᠭᠠᠨ ᠤ ᠪᠠᠢ᠌ᠭᠤᠯᠤᠮᠵᠢ ᠶᠢᠨ ᠳᠤᠬᠠᠢ》᠂ 《ᠤᠢ᠌ᠷᠠᠤᠨ ᠰᠤᠳᠤᠯᠤᠯ》᠂ 2003 ᠣᠨ ᠤ 3 ᠳ᠋ᠤᠭᠠᠷ ᠬᠤᠭᠤᠴᠠᠭ᠎ᠠ᠃
⒂ ᠠ᠊·ᠲᠦᠮᠡᠨ ᠤ ᠨᠠᠢ᠌ᠷᠠᠭᠤᠯᠤᠨ ᠳᠠᠢ᠌ᠯᠪᠣᠷᠢᠯᠠᠭᠰᠠᠨ 《ᠮᠤᠩᠭ᠋ᠤᠯ ᠤᠨ ᠣᠪᠣᠭ ᠠᠢ᠌ᠮᠠᠭ ᠨᠡᠢ᠌ᠭᠡᠮ ᠤᠨ ᠪᠠᠢ᠌ᠭᠤᠯᠤᠯ ᠤᠨ ᠨᠠᠷᠠᠰ ᠤᠨ ᠳᠠᠢ᠌ᠯᠪᠣᠷᠢ》᠂ ᠦᠪᠣᠷ ᠮᠤᠩᠭ᠋ᠤᠯ ᠤᠨ ᠠᠷᠠᠤᠨ ᠤᠨ ᠭᠡᠪᠯᠡᠯ ᠤᠨ ᠬᠤᠷᠢᠶ᠎ᠠ᠂ 257 ᠊᠊᠊᠊᠊᠊᠊᠊᠊᠊᠊᠊᠊᠊᠊ 258 ᠳ᠋ᠤᠭᠠᠷ ᠨᠢᠭᠤᠷ᠃
⒃ ᠰᠢ᠊·ᠨᠤᠷᠪᠣ ᠳᠤᠯᠭᠠᠨ ᠬᠠᠷᠢᠴᠠᠭᠤᠯᠵᠤ ᠳᠠᠢ᠌ᠯᠪᠣᠷᠢᠯᠠᠭᠰᠠᠨ 《ᠽᠠᠶ᠎ᠠ ᠪᠠᠠᠳᠢᠳᠠ》᠂ ᠦᠪᠣᠷ ᠮᠤᠩᠭ᠋ᠤᠯ ᠤᠨ ᠠᠷᠠᠤᠨ ᠤᠨ ᠭᠡᠪᠯᠡᠯ ᠤᠨ ᠬᠤᠷᠢᠶ᠎ᠠ᠂ 1999 ᠣᠨ᠂ 2 ᠳ᠋ᠤᠭᠠᠷ ᠨᠢᠭᠤᠷ᠃
ᠵᠤᠬᠢᠶᠠᠭᠴᠢ ᠶᠢᠨ ᠬᠠᠶᠢᠭ ᠄ ᠬᠦᠬᠡᠨᠠᠭᠤᠷ ᠤᠨ ᠦᠨᠳᠦᠰᠦᠳᠠᠨ ᠤ ᠶᠡᠭᠡ ᠰᠤᠷᠭᠠᠭᠤᠯᠢ ᠶᠢᠨ ᠮᠤᠩᠭ᠋ᠤᠯ ᠰᠠᠯᠪᠣᠷᠢ
ᠵᠤᠬᠢᠶᠠᠭᠴᠢ᠄ ᠭᠦᠭᠡ᠂ ᠰᠤ᠋·ᠨᠠᠷᠠᠰᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠥᠭᠥᠯᠡᠯ ᠰᠢᠭᠦᠮᠵᠢᠳᠠᠷᠤᠮ᠄ 67356
ᠴᠠᠭ᠄ 2012 ᠤᠨ ᠤ 04 ᠰᠠᠷ᠎ᠠ ᠶᠢᠨ 27
ᠨᠠᠢ᠌ᠷᠠᠭᠤᠯᠤᠭᠴᠢ᠄ ᠪᠦᠬᠡᠡᠷᠳᠡᠨᠢ