☆ ᠸ·ᠠᠭᠤᠯᠠ
ᠬᠢᠴᠢᠶᠡᠯᠯᠡᠭᠡ ᠶᠢᠨ ᠤᠷᠠᠯᠢᠭ
ᠪᠢ ᠤᠢ᠌ᠷ᠎ᠠ ᠳᠤ ᠦᠷ᠎ᠠ ᠪᠦᠳ᠋ᠦᠮᠵᠢ᠍ᠳ᠋ᠦ ᠬᠢᠴᠢ᠍ᠶᠡᠯᠡᠯᠭᠡ ᠶᠢᠨ ᠨᠡᠷᠡᠳ᠋ᠦ ᠪᠠᠭᠰᠢ ᠨᠡᠷ ᠤᠨ ᠬᠢᠴᠢ᠍ᠶᠡᠯ ᠤᠨ ᠠᠬᠤᠢ ᠶᠠᠪᠤᠴᠠ ᠲᠤᠮᠳ᠋ᠠ ᠡᠴᠡ ᠰᠤᠨᠤᠰᠤᠭᠰᠠᠨ ᠪᠤᠶᠤ ᠲᠡᠳ᠋ᠡᠨᠠᠷ ᠤᠨ ᠵᠢᠭᠠᠬᠤ ᠪᠡᠯᠡᠳᠭᠡᠮᠵᠢ ᠶᠢ ᠦᠵᠡᠭᠡᠳ ᠤᠯᠤᠯᠳ᠋ᠠ ᠲᠦ᠋ᠷᠦᠭ᠍ᠳ᠋ᠡᠯ ᠪᠠᠭ᠎ᠠ ᠪᠤᠰᠤ᠂ ᠤᠨᠴᠠᠭᠠᠢ᠌ᠯᠠᠨ ᠲᠡᠳ᠋ᠡᠭᠡᠷ ᠲᠤᠷᠰᠢ᠍ᠯᠭ᠎ᠠ ᠲᠡᠶ᠂ ᠦᠷᠭᠡᠨ ᠲᠡᠯᠭᠡᠷ ᠮᠡᠳ᠋ᠡᠯᠭᠡ ᠲᠡᠶ ᠪᠠᠭᠰᠢ ᠨᠡᠷ ᠤᠨ ᠰᠤᠷᠤᠭᠴᠢ᠍ᠳ ᠢ ᠰᠡᠩᠭᠡᠷᠡᠭᠦᠯᠭᠦ᠂ ᠤᠷ᠎ᠠ ᠠᠪᠢᠶᠠᠰ ᠢ ᠨᠢ ᠬᠦᠳ᠋ᠡᠯᠭᠡᠭᠦ᠂ ᠰᠤᠷᠤᠭᠴᠢ᠍ᠳ ᠲᠡᠶ ᠤᠢ᠌ᠷᠠᠳ᠋ᠤᠨ᠂ ᠰᠤᠷᠤᠭᠴᠢ᠍ᠳ ᠤᠨ ᠤᠷᠮ᠎ᠠ ᠵᠤᠷᠢ᠍ᠭ ᠢ ᠨᠢ ᠡᠷᠴᠢ᠍ᠯᠡᠭᠦᠯᠭᠦ ᠬᠢᠴᠢ᠍ᠶᠡᠯ ᠤᠨ ᠲᠠᠩᠭᠢᠮ ᠳ᠋ᠡᠭᠢ ᠦᠭᠡ ᠭᠡᠯᠡᠯᠭᠡ ᠨᠢ ᠬᠢᠴᠢ᠍ᠶᠡᠯ ᠰᠤᠨᠤᠰᠤᠭᠴᠢ᠍ᠳ ᠤᠨ ᠰᠡᠳᠬᠢᠯ ᠢ ᠬᠦᠳ᠋ᠡᠯᠭᠡᠨᠠ᠂ ᠲᠡᠳ᠋ᠡᠨᠠᠷ ᠤᠨ ᠤᠷᠰᠤᠮᠠ ᠰᠠᠢ᠌ᠬᠠᠨ ᠭᠡᠯᠡ ᠶᠠᠷᠢ᠍ᠶ᠎ᠠ ᠶᠢ ᠨᠢ ᠵᠠᠳ᠋ᠠᠯᠤᠨ ᠦᠵᠡᠪᠡᠯ ᠶᠡᠭᠡ ᠲᠦ᠋ᠯᠦᠪ ᠲᠤᠥᠷᠠᠭᠢ ᠮᠡᠳ᠋ᠦ ᠠᠷᠪᠠᠨ ᠲᠦ᠋ᠷᠦᠯ ᠳᠤ ᠠᠩᠭᠢᠯᠠᠵᠤ ᠪᠤᠯᠤᠨ᠎ᠠ ᠄
ᠨᠢ᠍ᠭᠡ᠂ ᠮᠠᠭᠳ᠋ᠠᠭᠠᠯ ᠰᠠᠢ᠌ᠰᠢ᠍ᠶᠠᠯ ᠤᠨ ᠭᠡᠯᠪᠡᠷᠢ— 《ᠡᠨᠡᠬᠦ ᠭᠤᠷᠪᠠᠨ ᠵᠦ᠋ᠢ᠍ᠯ ᠢ ᠬᠡᠴᠢᠨᠡᠨ ᠭᠤᠶᠤ ᠬᠤᠷᠢ᠍ᠶᠠᠩᠭ᠋ᠤᠢ᠌ᠯᠠᠭᠰᠠᠨ ᠪᠤᠢ ᠡᠨᠡ ᠰᠤᠷᠤᠭᠴᠢ ᠶᠢᠨ ᠨᠤᠮ ᠤᠩᠰᠢ᠍ᠬᠤ ᠨᠢ ᠦᠨᠡᠭᠡᠷ ᠰᠡᠳᠭᠢᠯ ᠢ ᠬᠦᠳ᠋ᠡᠯᠭᠡᠨᠠ ᠳ᠋ᠠ ᠲᠠᠨᠠᠷ ᠪᠠᠰᠠ ᠡᠨᠡ ᠰᠤᠷᠤᠭᠴᠢ ᠶᠢᠨ ᠠᠳ᠋ᠠᠯᠢ ᠨᠤᠮ ᠤᠩᠰᠢ᠍ᠪᠠᠯ ᠵᠤᠬᠢᠨ᠎ᠠ》
ᠬᠤᠶᠠᠷ᠂ ᠶᠠᠷᠢ᠍ᠯᠴᠠᠨ ᠵᠦ᠋ᠪᠳ᠋ᠡᠯᠴᠡᠭᠦ ᠭᠡᠯᠪᠡᠷᠢ — 《ᠪᠢ ᠴᠢ᠍ᠮ᠎ᠠ ᠲᠡᠶ ᠵᠦ᠋ᠪᠳ᠋ᠡᠯᠴᠡᠵᠤ ᠦᠵᠡᠶ᠎ᠠ ᠴᠢ᠍ᠨᠦ ᠤᠳ᠋ᠤ ᠶᠢᠨ ᠬᠠᠷᠢ᠍ᠭᠤᠯᠤᠭᠰᠠᠨ ᠡᠨᠡᠭᠦ ᠦᠰᠦᠭ᠌ ᠶᠢᠠᠨ ᠦᠭᠡᠷ᠎ᠠ ᠨᠢ᠍ᠭᠡ ᠦᠭᠡ ᠪᠡᠷ ᠤᠷᠤᠯᠠᠭᠤᠯᠤᠨ ᠤᠩᠰᠢ᠍ᠪᠠᠯ ᠨᠡᠩ ᠲᠤᠬᠢᠷᠠᠮᠵᠢ᠍ᠲᠠᠢ ᠪᠤᠯᠬᠤ ᠪᠢᠵᠠ》 《ᠪᠢ ᠪᠤᠰᠤ ᠨᠢ᠍ᠭᠡ ᠰᠤᠷᠤᠭᠴᠢ ᠪᠡᠷ ᠤᠩᠰᠢ᠍ᠭᠤᠯᠤᠶᠠ ᠪᠠᠳ᠋ᠤ ᠴᠢ ᠨᠢ᠍ᠭᠡ ᠤᠩᠰᠢ᠍ᠵᠤ ᠦᠵᠡ ᠪᠤᠯᠤᠨ᠎ᠠ ᠤᠤ》
ᠭᠤᠷᠪᠠ᠂ ᠤᠷᠮ᠎ᠠ ᠬᠦᠭ᠍ᠵᠢ᠍ᠭᠡᠬᠦ ᠭᠡᠯᠪᠡᠷᠢ — 《ᠡᠨᠡ ᠠᠰᠠᠭᠤᠳ᠋ᠠᠯ ᠭᠡᠳ᠋ᠦᠢ᠌ᠪᠡᠷ ᠬᠦᠴᠢ᠍ᠷ ᠰᠢ᠍ᠭ᠌ ᠪᠤᠯᠪᠠᠴᠤ᠂ ᠭᠡᠷᠪᠡ ᠴᠢ ᠵᠦ᠋ᠪ ᠬᠠᠷᠢ᠍ᠭᠤᠯᠤᠪᠠᠯ ᠪᠢᠳ᠋ᠡ ᠪᠦᠬᠦᠳ᠋ᠡᠭᠡᠷ ᠴᠢ᠍ᠮ᠎ᠠ ᠳᠤ ᠭᠠᠷ ᠠᠯᠭᠠᠳ᠋ᠠᠨ ᠤᠷᠮᠠᠰᠢ᠍ᠭᠤᠯᠤᠶᠠ》
ᠲᠦ᠋ᠷᠪᠡ᠂ ᠵᠤᠷᠢ᠍ᠭ ᠡᠷᠴᠢ᠍ᠯᠡᠭᠦᠯᠬᠦ ᠭᠡᠯᠪᠡᠷᠢ —《ᠴᠢ᠍ᠨᠦ ᠵᠤᠷᠢ᠍ᠭᠤᠳ᠋ᠠ ᠭᠠᠷ ᠡᠷᠭᠦᠨ ᠠᠰᠠᠭᠤᠯᠳ᠋ᠠ ᠶᠢ ᠬᠠᠷᠢ᠍ᠭᠤᠯᠤᠭᠰᠠᠨ ᠴᠢ᠍ᠨᠢ ᠲᠦ᠋ᠢ᠍ᠯ ᠤᠨ ᠮᠠᠭᠳ᠋ᠠᠭᠤᠰᠢ᠍ᠲᠠᠢ ᠭᠡᠪᠡᠴᠦ᠂ ᠲᠡᠭᠦᠨ ᠢ ᠦᠰᠦᠭ᠍ᠴᠢ᠍ᠯᠡᠨ ᠤᠩᠰᠢ᠍ᠭᠰᠠᠨ ᠤ ᠴᠢ᠍ᠬᠤᠯᠠ ᠦᠭᠡᠶ ᠬᠠᠷᠢ᠍ᠨ ᠵᠠᠪᠠᠯ ᠦᠪᠡᠷ ᠤᠨ ᠶᠢᠠᠨ ᠦᠭᠡ ᠭᠡᠯᠡᠯᠭᠡ ᠪᠡᠷ ᠬᠤᠷᠢ᠍ᠶᠠᠩᠭ᠋ᠤᠢ᠌ᠯᠠᠬᠤ ᠴᠢ᠍ᠬᠤᠯᠠ ᠲᠡᠶ ᠪᠠᠢ᠌ᠨ᠎ᠠ》 《ᠴᠢ᠍ᠨᠦ ᠤᠩᠰᠢ᠍ᠭᠰᠠᠨ ᠴᠢ᠍ᠨᠢ ᠰᠠᠢ᠌ᠨ ᠪᠠᠢ᠌ᠨ᠎ᠠ ᠭᠡᠪᠡᠴᠦ ᠤᠯᠠᠮ ᠨᠢ᠍ᠭᠡ ᠠᠯᠬᠤᠮ ᠤᠭ ᠵᠤᠬᠢᠶᠠᠯ ᠤᠨ ᠰᠠᠨᠠᠭ᠎ᠠ ᠰᠡᠳᠭᠢᠯ ᠤᠨ ᠢᠯᠡᠷᠡᠯ ᠢ ᠨᠢ ᠤᠢ᠌ᠯᠭᠠᠬᠤ ᠭᠡᠷᠡᠭ᠍ᠳ᠋ᠡᠢ ᠪᠠᠢ᠌ᠨ᠎ᠠ》
ᠲᠠᠪᠤ᠂ ᠠᠩᠬᠠᠷᠤᠯ ᠲᠦ᠋ᠪᠯᠡᠷᠡᠭᠦᠯᠬᠦ ᠭᠡᠯᠪᠡᠷᠢ — 《ᠬᠦᠢ ᠡᠳ᠋ᠦᠢ ᠤᠯᠠᠨ ᠰᠤᠷᠤᠭᠴᠢ ᠨᠡᠷ ᠭᠠᠷ ᠡᠷᠭᠦᠵᠤ ᠪᠠᠢ᠌ᠬᠤ ᠴᠢ᠍ᠨᠢ ᠰᠠᠢ᠌ᠨ ᠪᠤᠯᠤᠯ᠎ᠠ ᠲᠠᠷᠠᠭ᠎ᠠ ᠳ᠋ᠤᠨᠢ ᠪᠢᠳ᠋ᠡ ᠨᠢ᠍ᠭᠡ ᠨᠢ᠍ᠭᠡ ᠪᠡᠷ ᠶᠠᠷᠢ᠍ᠶ᠎ᠠ ᠴᠤᠬᠤᠮ ᠭᠡᠨ ᠤ ᠬᠢᠨᠢ ᠶᠠᠷᠢ᠍ᠬᠤ ᠨᠢ ᠬᠠᠮᠤᠭ ᠰᠠᠢ᠌ᠨ ᠪᠤᠯᠬᠤ ᠪᠤᠢ 》
ᠵᠢᠷᠭᠤᠭ᠎ᠠ᠂ ᠨᠡᠭᠡᠮᠵᠢ᠍ᠯᠡᠨ ᠠᠰᠠᠭᠤᠬᠤ ᠭᠡᠯᠪᠡᠷᠢ — 《ᠴᠢ᠍ᠨᠦ ᠭᠡᠯᠡᠵᠤ ᠪᠠᠢ᠌ᠬᠤ ᠴᠢ᠍ᠨᠢ ᠲᠦ᠋ᠢ᠍ᠯ ᠤᠨ ᠶᠤᠰᠤᠳ᠋ᠠᠢ ᠪᠠᠢ᠌ᠨ᠎ᠠ ᠡᠭᠦᠨ ᠡᠴᠡ ᠭᠠᠳ᠋ᠠᠨ᠎ᠠ ᠪᠠᠰᠠ ᠶᠠᠮᠠᠷ ᠠᠭᠤᠯᠭ᠎ᠠ ᠪᠠᠭᠳ᠋ᠠᠵᠤ ᠪᠠᠢ᠌ᠬᠤ ᠪᠤᠢ》 《ᠶᠠᠭ ᠲᠠᠭᠠᠷᠠᠵᠤ ᠪᠠᠢ᠌ᠨ᠎ᠠ ᠶᠠᠭᠤᠨ ᠳᠤ ᠵᠠᠪᠠᠯ ᠢᠩᠭᠢᠬᠦ ᠪᠤᠢ ᠴᠢ ᠲᠡᠭᠦᠨ ᠤ ᠶᠤᠰᠤ ᠤᠴᠢ᠍ᠷ ᠢ ᠨᠢ ᠶᠠᠭᠠᠬᠢᠭᠠᠳ ᠲᠡᠢ᠌ᠮᠦ ᠪᠤᠯᠬᠤ ᠶᠢ ᠬᠡᠯᠡᠵᠤ ᠦᠵᠡᠨ᠎ᠠ ᠤᠤ》
ᠲᠤᠯᠤᠭ᠎ᠠ᠂ ᠵᠠᠪᠰᠠᠷᠯᠠᠨ ᠨᠦ᠋ᠬᠦᠪᠦᠷᠢ᠍ᠯᠡᠭᠦ ᠭᠡᠯᠪᠡᠷᠢ — 《ᠡᠰᠡᠷᠭᠦᠴᠡᠬᠦ ᠤᠬᠠᠮᠰᠠᠷ ᠭᠡᠭᠦ ᠨᠢ ᠲᠠᠭᠠᠷᠠᠵᠤ ᠪᠠᠢ᠌ᠨ᠎ᠠ ᠭᠡᠪᠡᠴᠦ ᠲᠡᠭᠦᠨ ᠢ ᠠᠶᠠᠨᠳ᠋ᠠᠭᠠᠨ ᠡᠭᠦᠰᠦᠭ᠍ᠰᠡᠨ ᠡᠰᠡᠷᠭᠦᠴᠡᠭᠦ ᠤᠬᠠᠮᠰᠠᠷ ᠭᠡᠪᠡᠯ ᠨᠡᠩ ᠲᠤᠬᠢᠷᠠᠮᠵᠢ᠍ᠲᠠᠢ ᠪᠠᠰᠢ᠍ᠦ》
ᠨᠢ᠋ᠮᠠ᠂ ᠵᠤᠷᠢ᠍ᠭ ᠬᠦᠪᠴᠢ᠍ᠯᠡᠭᠦᠯᠬᠦ ᠭᠡᠯᠪᠡᠷᠢ — 《ᠤᠯᠠᠨ ᠶᠢᠠᠷ ᠶᠢᠠᠨ ᠰᠠᠢ᠌ᠨ ᠪᠤᠳ᠋ᠤᠭᠰᠠᠨ ᠤᠤ ᠪᠤᠰᠴᠤ ᠵᠤᠭᠰᠤᠵᠤ ᠪᠠᠢ᠌ᠭᠠᠳ ᠭᠡᠯᠡᠭᠡᠷᠡᠢ ᠪᠡᠳ᠋ᠡᠭᠡᠢ ᠰᠠᠨᠳ᠋ᠤᠷ ᠵᠢᠮᠢ᠍ᠰ ᠡ ᠴᠢ ᠭᠡᠯᠡᠭᠡᠷᠡᠢ》 《ᠶᠠᠷᠢ᠍ᠭᠰᠠᠨ ᠨᠢ ᠶᠡᠭᠡ ᠰᠠᠢ᠌ᠨ ᠭᠡᠪᠡᠴᠦ ᠵᠦ᠋ᠪᠭᠡᠨ ᠨᠢ᠍ᠭᠡ ᠯᠡ ᠵᠦ᠋ᠢ᠍ᠯ ᠤᠨ ᠲᠤᠭᠳ᠋ᠠᠮᠠᠯ ᠬᠠᠷᠢ᠍ᠭᠤᠯᠳ᠋ᠠ ᠳᠤ ᠪᠠᠷᠢ᠍ᠭᠳ᠋ᠠᠭᠠᠳ ᠪᠤᠯᠬᠤ ᠦᠭᠡᠶ ᠤᠯᠠᠨ ᠶᠢᠠᠷ ᠶᠢᠠᠨ ᠵᠠᠪᠠᠯ ᠲᠤᠰ ᠲᠤᠰ ᠤᠨ ᠦᠵᠡᠯᠳ᠋ᠡ ᠪᠠᠨ ᠶᠠᠷᠢ᠍ᠭᠠᠷᠠᠢ ᠪᠤᠷᠤᠭᠤ ᠭᠡᠯᠡᠭ᠍ᠰᠡᠨ ᠴᠦ ᠪᠤᠯᠤᠨ᠎ᠠ》
ᠶᠢ᠍ᠰᠦ᠂ ᠰᠡᠳᠭᠢᠨ ᠰᠡᠩᠭᠡᠷᠡᠭᠦᠯᠬᠦ ᠭᠡᠯᠪᠡᠷᠢ — 《ᠯ·ᠤᠳᠰᠤᠷ ᠲᠡᠳ᠋ᠦᠢ ᠤᠯᠠᠨ ᠰᠢ᠍ᠯᠦᠭ᠌ ᠪᠢᠴᠢ᠍ᠭ᠍ᠰᠡᠨ ᠪᠢᠰᠢ᠍ᠦ ᠲᠡᠭᠦᠨ ᠤ ᠰᠢ᠍ᠯᠦᠭ᠌ ᠨᠢ ᠪᠤᠰᠤᠳ ᠡᠴᠡ ᠢᠯᠭᠠᠭᠳ᠋ᠠᠬᠤ ᠤᠨᠴᠠᠯᠢ᠍ᠭ ᠲᠡᠶ ᠴᠢ ᠴᠤᠬᠤᠮ ᠲᠡᠭᠦᠨ ᠤ ᠠᠯᠢ ᠠᠯᠢ ᠰᠢ᠍ᠯᠦᠭ᠌ ᠢ ᠨᠢ ᠪᠠᠬᠠᠷᠳ᠋ᠠᠭ ᠪᠤᠢ》 《ᠵᠠ ᠡᠨᠡ ᠰᠤᠷᠤᠭᠴᠢ ᠶᠢᠨ ᠶᠠᠷᠢ᠍ᠭᠰᠠᠨ ᠨᠢ ᠲᠦ᠋ᠢ᠍ᠯ ᠤᠨ ᠶᠤᠰᠤᠲᠠᠢ ᠪᠠᠢ᠌ᠨ᠎ᠠ ᠮᠠᠩᠬᠠᠨ ᠤ ᠲᠤᠬᠠᠢ ᠦᠭᠡᠷ᠎ᠠ ᠪᠠᠰᠠ ᠶᠠᠮᠠᠷ ᠰᠠᠢ᠌ᠬᠠᠨ ᠵᠤᠬᠢᠶᠠᠯ ᠪᠠᠢ᠌ᠬᠤ ᠪᠤᠢ ᠮᠡᠩᠬᠠᠨ ᠤ ᠨᠤᠭᠤᠭ᠎ᠠ ᠮᠠᠩᠬᠠᠨ ᠳᠤ ᠰᠡᠢ᠌ᠷᠡᠭᠦᠯᠦᠭ᠍ᠰᠡᠨ ᠰᠢ᠍ᠯᠦᠭ᠌ ᠡᠯᠡᠰᠦ ᠮᠠᠩᠬᠠᠨ ᠤ ᠨᠤᠳ᠋ᠤᠭ ᠦᠭᠡᠷ᠎ᠠ ᠪᠠᠰᠠ ᠪᠠᠢ᠌ᠨ᠎ᠠ ᠤᠤ᠁》
ᠠᠷᠪᠠ᠂ ᠬᠤᠷᠢ᠍ᠶᠠᠩᠭ᠋ᠤᠢ᠌ᠯᠠᠨ ᠲᠤᠪᠴᠢ᠍ᠯᠠᠬᠤ ᠭᠡᠯᠪᠡᠷᠢ — 《ᠨᠦ᠋ᠬᠦᠳ ᠤᠨ ᠰᠠᠨᠠᠯ ᠡᠴᠡ ᠦᠵᠡᠵᠤ ᠭᠠᠷᠬᠤ ᠨᠢ ᠲᠤᠰ ᠲᠤᠰ ᠤᠨ ᠦᠪᠡᠷᠮᠢ᠍ᠴᠡ ᠤᠨᠴᠠᠯᠢ᠍ᠭ ᠲᠡᠶ ᠪᠠᠢ᠌ᠨ᠎ᠠ ᠳ᠋ᠠ ᠬᠠᠷᠢ᠍ᠨ ᠮᠢ᠍ᠨᠦ ᠭᠡᠯᠡᠬᠦ ᠭᠡᠰᠡᠨ ᠢ ᠲᠠᠨᠠᠷ ᠪᠦᠷ ᠭᠡᠯᠡᠴᠢ᠍ᠭ᠍ᠰᠡᠨ ᠰᠢ᠍ᠦ ᠪᠢ ᠵᠦ᠋ᠪᠭᠡᠨ ᠲᠠᠨᠡᠷ ᠤᠨ ᠰᠠᠨᠠᠯ ᠢ ᠲᠤᠪᠴᠢ ᠠᠪᠰᠠᠷᠬᠠᠨ ᠶᠢᠨ ᠬᠤᠷᠢ᠍ᠶᠠᠩᠭ᠋ᠤᠢ᠌ᠯᠠᠶᠠ ᠁》
《ᠦᠪᠦᠷ ᠮᠤᠩᠭ᠋ᠤᠯ ᠤᠨ ᠰᠤᠷᠭᠠᠨ ᠬᠦᠮᠦᠵᠢ᠍ᠯ》 ᠰᠡᠳᠭᠦᠯ ᠤᠨ 2016 ᠤᠨ ᠤ 2 ᠳ᠋ᠤᠭᠠᠷ ᠬᠤᠭᠤᠴᠠᠭᠠᠨ ᠳᠤ ᠨᠡᠢ᠌ᠳ᠋ᠡᠯᠡᠭ᠍ᠳ᠋ᠡᠪᠡ
ᠵᠤᠬᠢᠶᠠᠭᠴᠢ᠄ ᠸ·ᠠᠭᠤᠯᠠ
ᠢᠷᠡᠯᠲᠡ᠄ ᠵᠤᠬᠢᠶᠠᠭᠴᠢ ᠶᠢᠨ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠪᠠᠭᠰᠢ ᠶᠢᠨ ᠬᠠᠨᠢᠳᠠᠷᠤᠮ᠄ 12533
ᠴᠠᠭ᠄ 2017 ᠤᠨ ᠤ 03 ᠰᠠᠷ᠎ᠠ ᠶᠢᠨ 24
ᠨᠠᠢ᠌ᠷᠠᠭᠤᠯᠤᠭᠴᠢ᠄ ᠪᠦᠬᠡᠡᠷᠳᠡᠨᠢ