☆ ᠳᠠᠪᠬᠤᠷᠪᠠᠶᠠᠷ
ᠨᠡᠭᠦᠳᠡᠯ ᠮᠤᠩᠭ᠋ᠤᠯ
ᠨᠡᠭᠦᠳᠡᠯ ᠭᠡᠵᠤ ᠠᠮᠢᠳᠤᠷᠠᠯ ᠮᠢᠨᠢ ᠪᠠᠢ᠌ᠭᠰᠠᠨ ᠶᠤᠮ
ᠨᠡᠭᠦᠳᠡᠯ ᠭᠡᠵᠤ ᠴᠢᠨᠠᠷ ᠮᠢᠨᠢ ᠪᠠᠢ᠌ᠭᠰᠠᠨ ᠶᠤᠮ
ᠨᠡᠭᠦᠳᠡᠯ ᠭᠡᠵᠤ ᠬᠠᠤᠯᠢ ᠪᠠᠢ᠌ᠭᠰᠠᠨ
ᠨᠡᠯᠥᠢᠭ᠍ᠰᠡᠨ ᠰᠦᠷᠦᠭ᠌ ᠤᠨ ᠳᠤᠭᠤᠰᠤ ᠪᠠᠷᠠᠳᠠᠵᠤ
ᠨᠠᠷᠠᠨ ᠵᠥᠭ᠌ ᠴᠦᠷᠭᠦᠯᠡᠭ᠍ᠰᠡᠨ ᠣᠬᠠᠭᠠᠨ ᠪᠠᠢ᠌ᠳᠠᠭ ᠶᠤᠮ
ᠪᠢ ᠨᠡᠭᠦᠳᠡᠯ ᠮᠤᠩᠭ᠋ᠤᠯ᠃
ᠬᠤᠰᠤᠨ ᠣᠷᠭ᠎ᠠ ᠬᠤᠯᠤᠰᠤᠨ ᠰᠢᠷᠭ᠎ᠠ ᠦᠭᠡᠶ
ᠬᠤᠳᠤᠭᠤᠷ ᠲᠡᠶ ᠠᠳᠤᠭᠤ ᠬᠤᠳᠠ ᠲᠡᠶ ᠬᠤᠨᠢ ᠦᠭᠡᠶ
ᠬᠤᠷᠮᠤᠢ ᠳᠤ ᠪᠠᠨ ᠳᠤᠰᠤ ᠦᠭᠡᠶ ᠪᠣᠯᠤᠭᠰᠠᠨ ᠴᠤ
ᠬᠣᠢ᠌ᠯᠠᠷᠠᠭᠰᠠᠨ ᠰᠦᠷᠦᠭ᠌ ᠤᠨ ᠳᠦᠪᠠᠷᠭᠡᠨ
ᠪᠣᠳᠤᠯ ᠡᠴᠡ ᠮᠢᠨᠢ ᠭᠡᠵᠢᠶᠡᠳᠡ ᠰᠠᠯᠳᠠᠭ ᠦᠭᠡᠶ
ᠪᠢ ᠨᠡᠭᠦᠳᠡᠯ ᠮᠤᠩᠭ᠋ᠤᠯ᠃
ᠨᠠᠭᠠᠳᠤᠮ ᠤᠨ ᠴᠡᠩᠭᠡᠷ ᠴᠢᠯᠠᠭᠤᠳ ᠶᠢᠡᠨ
ᠨᠠᠷᠠᠨ ᠡᠩᠭᠡᠷ ᠬᠤᠳᠠᠯᠠᠴᠢᠬᠠᠭᠠᠤᠨ
ᠠᠭᠢᠭᠠᠤᠨ ᠢᠷᠡᠭᠦ ᠳᠤ ᠵᠢᠰᠤ ᠪᠠᠷ ᠶᠢᠡᠨ ᠪᠣᠯᠪᠠᠤ ᠭᠡᠵᠤ
ᠠᠯᠭᠠᠰᠠᠨ ᠨᠡᠭᠦᠳᠡᠭ᠌ ᠠᠯᠢᠶ᠎ᠠ ᠨᠠᠰᠤᠨ ᠡᠴᠡ ᠪᠠᠨ
ᠪᠢ ᠨᠡᠭᠦᠳᠡᠯ ᠮᠤᠩᠭ᠋ᠤᠯ᠃
ᠪᠠᠭᠤᠴᠠᠨ ᠤ ᠪᠣᠷᠤᠬᠠᠨ ᠴᠢᠯᠠᠭᠤᠳ ᠲᠤ ᠪᠠᠨ
ᠣᠰᠤᠯ ᠲᠡᠶ ᠶᠤᠮ ᠰᠢᠭ ᠰᠥᠭᠦᠷᠡᠵᠤ
ᠣᠭᠵᠤᠮ ᠡᠷᠭᠢᠭ᠍ᠰᠡᠨ ᠪᠠᠢ᠌ᠷᠢᠨ ᠳᠤ ᠪᠠᠨ
ᠭᠦᠷᠡᠩ ᠪᠠᠷᠤᠭᠠᠷ ᠴᠢᠷᠠᠢ᠌ᠯᠠᠭᠰᠠᠨ
ᠡᠴᠢᠭᠡ ᠪᠠᠨ ᠳᠠᠭᠠᠵᠤ ᠰᠤᠨᠢᠭᠤᠴᠠᠩᠬᠠᠨ ᠨᠡᠭᠦᠳᠡᠭ᠌ ᠪᠠᠢ᠌ᠭᠰᠠᠨ
ᠪᠢ ᠨᠡᠭᠦᠳᠡᠯ ᠮᠤᠩᠭ᠋ᠤᠯ᠃
ᠰᠠᠴᠤᠯᠢ ᠡᠷᠭᠦᠭᠦ ᠬᠤᠷᠤᠮ ᠳᠤ ᠪᠠᠨ
ᠰᠠᠨᠠᠭ᠎ᠠ ᠨᠢ ᠡᠪᠭᠦᠢ᠌ᠷᠡᠵᠤ ᠭᠦᠡᠳᠦᠷᠡᠨ
ᠬᠤᠷᠮᠤᠢ ᠪᠠᠷ ᠶᠢᠡᠨ ᠨᠢᠳᠤ ᠪᠠᠨ ᠠᠷᠴᠢᠬᠤ ᠳᠤ ᠪᠠᠨ
ᠬᠤᠷᠸ᠎ᠠ ᠭᠠᠩᠰᠠᠷᠠᠳᠠᠯᠠ ᠰᠡᠭᠦᠷᠡᠰᠦᠯᠡᠭ᠍ᠰᠡᠨ
ᠡᠵᠢ ᠶᠢᠨ ᠭᠤᠨᠢᠭ ᠲᠤ ᠠᠭᠤᠰᠤᠨ ᠨᠡᠭᠦᠳᠡᠭ᠌ ᠪᠠᠢ᠌ᠭᠰᠠᠨ
ᠪᠢ ᠨᠡᠭᠦᠳᠡᠯ ᠮᠤᠩᠭ᠋ᠤᠯ᠃
ᠡᠪᠦᠭᠡᠳ ᠤᠨ ᠪᠣᠭᠤᠷᠤᠯ ᠭᠠᠯ ᠡᠴᠡ ᠴᠤᠭ ᠵᠠᠯᠭᠠᠨ
ᠡᠩᠭᠡᠷ ᠤᠨ ᠰᠢᠨ᠎ᠠ ᠠᠢ᠌ᠯ ᠳᠤ ᠪᠠᠨ ᠬᠠᠩᠬᠠᠢ᠌ᠵᠤ
ᠡᠵᠡᠨ ᠪᠠᠢ᠌ᠷᠢ ᠪᠠᠷ ᠳᠠᠪᠵᠢᠶᠠᠷᠠᠨ
ᠠᠩᠬᠠᠨ ᠤ ᠨᠡᠭᠦᠳᠡᠯ ᠶᠢᠡᠨ ᠡᠪᠯᠡᠭᠦᠯᠵᠤ ᠪᠠᠢ᠌ᠭᠰᠠᠨ
ᠡᠩᠭᠦᠷᠡᠢ ᠠᠮᠠᠷᠠᠭ ᠪᠦᠰᠡᠭᠦᠢ ᠲᠡᠶ ᠪᠠᠨ ᠬᠤᠶᠠᠭᠤᠯᠠ
ᠪᠢ ᠨᠡᠭᠦᠳᠡᠯ ᠮᠤᠩᠭ᠋ᠤᠯ᠃
ᠳᠡᠮᠡᠭᠡᠨ ᠵᠢᠩ ᠤᠨ ᠬᠤᠩᠬᠤᠨ ᠠᠢ᠌ᠵᠢᠮ ᠳᠤ
ᠳᠡᠩᠴᠡᠭᠦᠷᠢ ᠠᠯᠳᠠᠭᠰᠠᠨ ᠪᠣᠳᠤᠯ ᠶᠢᠡᠨ ᠳᠡᠵᠢᠭᠡᠭ᠍ᠰᠡᠭᠡᠷ
ᠪᠠᠭᠤᠴᠠᠨ ᠳᠤ ᠪᠠᠨ ᠣᠶᠠᠭᠳᠠᠭᠰᠠᠨ ᠡᠮᠵᠡᠭᠭᠡᠨ ᠰᠡᠳᠭᠢᠯ ᠶᠢᠡᠷ
ᠪᠢ ᠦᠪᠡᠷ ᠶᠢᠡᠨ ᠨᠡᠭᠦᠳᠡᠭ᠌ ᠪᠣᠯᠤᠭᠰᠠᠨ ᠶᠤᠮ
ᠡᠷᠭᠢᠨ ᠡᠷᠭᠢᠨ ᠮᠠᠨᠠᠭᠰᠠᠨ ᠭᠠᠯ ᠳᠤ ᠪᠠᠨ ᠬᠤᠷᠭᠤᠳᠠᠵᠤ
ᠰᠢᠳᠤᠨ ᠰᠢᠳᠤᠨ ᠡᠴᠢᠭᠡ ᠳᠡᠭ᠍ᠷᠢ ᠳᠤ ᠪᠠᠨ ᠵᠠᠯᠪᠠᠷᠢᠭᠰᠠᠭᠠᠷ
《ᠡᠷᠭᠢᠨ᠎ᠡ ᠬᠤᠨ》 ᠊ᠤ ᠰᠤᠶᠤᠷᠬᠠᠭᠰᠠᠨ ᠠᠷᠠᠠᠰᠢᠨ ᠶᠢᠡᠷ
ᠵᠡᠭᠦᠳᠤᠨ ᠳᠤ ᠪᠠᠨ ᠪᠢ ᠵᠥᠩᠳᠡᠭᠡᠨ ᠨᠡᠭᠦᠵᠤ ᠶᠠᠪᠣᠳᠠᠭ ᠶᠤᠮ ᠡ
ᠪᠢ ᠨᠡᠭᠦᠳᠡᠯ ᠮᠤᠩᠭ᠋ᠤᠯ᠃
ᠨᠡᠭᠦᠳᠡᠯ ᠭᠡᠵᠤ ᠮᠤᠩᠭ᠋ᠤᠯ ᠤᠨ
ᠨᠠᠷᠠᠨ ᠰᠢᠩᠭᠡᠭᠦ ᠭᠠᠵᠠᠷ ᠭᠦᠷᠭᠦ ᠬᠠᠴᠢᠷᠬᠠᠯ
ᠨᠡᠭᠦᠳᠡᠯ ᠭᠡᠵᠤ ᠮᠤᠩᠭ᠋ᠤᠯ ᠤᠨ
ᠨᠠᠷᠠᠨ ᠮᠠᠠᠳᠤᠬᠤ ᠵᠥᠭ᠌ ᠤᠨ ᠭᠦᠰᠡᠯ
ᠨᠡᠭᠦᠳᠡᠯ ᠭᠡᠵᠤ ᠮᠤᠩᠭ᠋ᠤᠯ ᠤᠨ
ᠳᠡᠯᠡᠭᠡᠢ ᠡᠪᠦᠷᠯᠡᠭ᠍ᠰᠡᠨ ᠭᠦᠨ ᠣᠬᠠᠭᠠᠨ᠃
ᠵᠤᠬᠢᠶᠠᠭᠴᠢ ᠶᠢᠨ ᠬᠠᠶᠢᠭ᠄ ᠲᠦᠰᠢᠶᠠᠳᠤ ᠶᠢᠨ ᠭᠦᠡᠳᠦᠯ
ᠵᠤᠬᠢᠶᠠᠭᠴᠢ᠄ ᠳᠠᠪᠬᠤᠷᠪᠠᠶᠠᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2636
ᠴᠠᠭ᠄ 2010 ᠤᠨ ᠤ 07 ᠰᠠᠷ᠎ᠠ ᠶᠢᠨ 17
ᠨᠠᠢ᠌ᠷᠠᠭᠤᠯᠤᠭᠴᠢ᠄ ᠪᠦᠬᠡᠡᠷᠳᠡᠨᠢ