☆ ᠪᠠᠶᠠᠭᠤᠳ ᠠᠷᠪᠠᠠᠳᠠᠪᠤᠨ
ᠦᠭᠡᠢ ᠪᠠ ᠪᠠᠷᠭᠡ
ᠥᠭᠡᠢ ᠪᠠ ᠪᠠᠷᠭᠡ
ᠲ᠋ᠡᠭᠦᠰᠭᠦ ᠦᠭᠡᠶ ᠶᠠᠪᠣᠳᠠᠯ ᠭᠡᠵᠤ
ᠪᠠᠢ᠌ᠳᠠᠭ ᠦᠭᠡᠶ
ᠠᠷᠢᠯᠬᠤ ᠦᠭᠡᠶ ᠪᠣᠷᠤᠭᠠᠨ ᠭᠡᠵᠤ
ᠪᠠᠭᠤᠳᠠᠭ ᠦᠭᠡᠶ
ᠮᠥᠩᠭᠡᠷᠡᠭᠦ ᠭᠦᠮᠤᠨ ᠭᠡᠵᠤ
ᠳᠦᠷᠦᠳᠡᠭ᠌ ᠦᠭᠡᠶ
ᠮᠥᠰᠢᠶᠡᠭᠦ ᠦᠭᠡᠶ ᠬᠠᠢ᠌ᠷ᠎ᠠ ᠭᠡᠵᠤ
ᠲᠦᠯᠵᠢᠳᠡᠭ᠌ ᠦᠭᠡᠶ
ᠦᠨᠡᠠᠴᠢ ᠰᠢᠳᠤᠷᠭᠤ ᠪᠠᠷ ᠬᠣᠢ᠌ᠬᠤᠷ ᠬᠤᠯᠵᠢᠨ ᠢ
ᠳᠡᠢ᠌ᠯᠭᠦ ᠳᠤ ᠪᠠᠷᠭᠡ
ᠠᠷᠢᠭᠢ ᠳᠠᠮᠠᠭᠢ ᠪᠠᠷ ᠡᠨᠡ ᠪᠠᠶ᠎ᠠ ᠶᠢ
ᠵᠢᠷᠭᠠᠭᠤᠯᠬᠤ ᠳᠤ ᠪᠠᠷᠭᠡ
ᠦᠴᠦᠭᠡᠳᠦᠷ ᠭᠦᠶᠦᠭ᠍ᠰᠡᠨ ᠳᠠᠤᠯᠠᠢ ᠶᠢ
ᠦᠨᠦᠳᠤᠷ ᠤᠨ ᠴᠠᠰᠤᠨ ᠳᠤ ᠮᠦᠷᠳᠡᠭᠦ ᠳᠤ ᠪᠠᠷᠭᠡ
ᠥᠩᠭᠡᠷᠡᠵᠤ ᠭᠠᠷᠤᠭᠰᠠᠨ ᠠᠯᠳᠠᠭ᠎ᠠ ᠶᠢ
ᠡᠷᠭᠢᠭᠦᠯᠵᠤ ᠨᠥᠭᠦᠪᠦᠷᠢᠯᠡᠭᠦ ᠳᠤ ᠪᠠᠷᠭᠡ
ᠨᠢᠳᠤ
ᠮᠤᠬᠤᠷ ᠭᠤᠳᠤᠮᠵᠢ ᠭᠦᠮᠤᠨ ᠢ
ᠨᠢᠭᠡ ᠯᠠ ᠣᠳᠠᠭ᠎ᠠ ᠬᠠᠰᠢᠨᠠ
ᠮᠤᠬᠤᠷ ᠬᠠᠷᠠᠭ᠎ᠠ ᠭᠦᠮᠤᠨ ᠢ
ᠨᠢᠭᠡ ᠨᠠᠰᠤ ᠪᠠᠷ ᠨᠢ ᠬᠠᠰᠢᠨᠠ
ᠬᠤᠳᠤᠭᠤᠷ ᠭᠠᠵᠠᠷ ᠨᠤᠳᠤᠭᠰᠢᠭᠠᠤᠨ
ᠭᠤᠳᠤᠮᠵᠢ ᠮᠤᠬᠤᠷ ᠪᠣᠯᠤᠭᠰᠠᠨ ᠮᠠᠭᠠᠤᠨ
ᠪᠠᠯᠠᠢ ᠶᠠᠪᠣᠭᠰᠠᠨ ᠤ ᠣᠷᠰᠢᠭ ᠡᠴᠡ
ᠬᠠᠷᠠᠭ᠎ᠠ ᠮᠤᠬᠤᠷ ᠪᠣᠯᠤᠭᠰᠠᠨ ᠨᠢ ᠯᠠᠪ
ᠴᠢᠮᠡᠭᠯᠡᠵᠤ ᠥᠩᠭᠡᠯᠡᠭ᠍ᠰᠡᠨ ᠭᠤᠶᠤ ᠭᠤᠶᠤ ᠨᠢᠳᠤ ᠪᠠᠰᠠ
ᠰᠢᠯᠪᠢ ᠶᠢᠨ ᠳᠤᠤᠷ᠎ᠠ ᠪᠠᠨ ᠥᠵᠡᠭᠦ ᠶᠤᠮ
ᠰᠢᠯ ᠵᠡᠭᠦᠭ᠍ᠰᠡᠨ ᠤᠢ᠌ᠷ᠎ᠡ ᠬᠠᠷᠠᠭ᠎ᠠ ᠴᠤ
ᠡᠷᠢᠨ ᠤ ᠳᠤᠭᠤᠰᠤ ᠶᠢ ᠨᠠᠪᠳᠠᠯᠠᠵᠤ ᠪᠣᠯᠤᠨ᠎ᠠ
ᠳᠡᠯᠡᠭᠡᠢ ᠭᠡᠮᠡᠭᠦ ᠶᠡᠭᠡ ᠭᠡᠷ ᠪᠦᠯᠢ ᠳᠤ
ᠣᠳᠤᠨ ᠡᠴᠡ ᠴᠤ ᠣᠯᠠᠨ ᠨᠢᠳᠤ ᠪᠠᠢ᠌ᠨ᠎ᠠ
ᠨᠤᠮ ᠱᠠᠭᠠᠢ᠌ᠭᠰᠠᠨ ᠨᠢᠳᠤᠨ ᠤ ᠬᠠᠷᠠᠭ᠎ᠠ ᠯᠠ
ᠦᠷ ᠤᠨ ᠴᠤᠯᠮᠤᠨ ᠡᠴᠡ ᠴᠤ ᠭᠡᠷᠡᠯᠳᠡᠢ ᠶᠤᠮ ᠡ ᠁
ᠱᠠᠬᠠᠢ ᠶᠢᠨ ᠣᠯᠠ ᠴᠤᠭᠤᠷᠬᠠᠢ
ᠲ᠋ᠡᠭ᠍ᠷᠢ ᠮᠠᠳᠠᠵᠤ ᠳᠡᠢ᠌ᠯᠦᠭᠡ ᠦᠭᠡᠶ ᠵᠠᠶᠠᠭ᠎ᠠ
ᠭᠠᠵᠠᠷ ᠡᠴᠡ ᠨᠢᠭᠤᠵᠤ ᠴᠢᠳᠠᠭ᠎ᠠ ᠦᠭᠡᠶ ᠭᠤᠨᠢᠭ
ᠳᠠᠨ ᠤ ᠰᠠᠳᠭᠢᠴᠠ ᠳᠤ ᠣᠷᠤᠭ᠎ᠠ ᠦᠭᠡᠶ ᠪᠣᠳᠤᠯ
ᠮᠢᠨᠤ ᠰᠡᠳᠭᠢᠯ ᠡᠴᠡ ᠭᠦᠷᠦᠰᠤ ᠴᠢᠯᠠᠭᠤ ᠶᠢ
ᠠᠠᠳᠠᠭᠤᠷᠠᠯ ᠦᠭᠡᠶ ᠠᠵᠢᠭᠰᠠᠨ
ᠶᠡᠭᠡ ᠪᠠᠭ᠎ᠠ ᠠᠳᠠᠯᠢ ᠦᠭᠡᠶ ᠨᠢᠳᠤ
ᠠᠷᠪᠠᠨ ᠭᠡᠳᠤᠨ ᠵᠤᠭᠤᠰ ᠢ
ᠪᠠᠷᠠᠭᠠᠬᠤ ᠪᠣᠯᠤᠯ᠎ᠠ ᠭᠡᠰᠡᠨ
ᠠᠷᠪᠢᠴᠢ ᠠᠵᠢᠯᠴᠢᠨ ᠤ
ᠨᠢᠭᠡᠨ ᠴᠠᠭ ᠤᠨ ᠰᠢᠮᠰᠢᠷᠠᠯ ᠁
ᠵᠤᠬᠢᠶᠠᠭᠴᠢ ᠶᠢᠨ ᠬᠠᠶᠢᠭ ᠄ ᠳᠦᠰᠢᠶᠡᠳᠤ ᠭᠦᠡᠳᠦᠯ
ᠵᠤᠬᠢᠶᠠᠭᠴᠢ᠄ ᠪᠠᠶᠠᠭᠤᠳ ᠠᠷᠪᠠᠠᠳᠠᠪᠤᠨ
ᠢᠷᠡᠯᠲᠡ᠄ ᠡ᠊·ᠳᠠᠮᠤᠷ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 12001
ᠴᠠᠭ᠄ 2011 ᠤᠨ ᠤ 06 ᠰᠠᠷ᠎ᠠ ᠶᠢᠨ 15
ᠨᠠᠢ᠌ᠷᠠᠭᠤᠯᠤᠭᠴᠢ᠄ ᠪᠦᠬᠡᠡᠷᠳᠡᠨᠢ