☆ ᠳ᠋·ᠪᠦᠷᠢᠨᠲᠤᠭᠲᠠᠬᠤ
ᠲᠤᠢ᠌ᠯ ᠤᠨ ᠭᠡᠷᠡᠯ
ᠭᠢᠵᠠᠭᠠᠷ ᠦᠭᠡᠶ ᠭᠦᠨ ᠣᠷᠴᠢᠯᠠᠩ ᠡᠴᠡ
ᠬᠠᠢ᠌ᠷᠠᠳᠠᠢ ᠪᠦᠮᠪᠦᠷᠴᠡᠭ᠌ ᠲᠤ ᠢᠯᠡᠭᠡᠭ᠍ᠰᠡᠨ
ᠰᠤᠯᠤᠩᠭ᠋ᠠᠨ ᠵᠡᠭᠦᠳᠤ ᠪᠣᠯ
ᠲᠤᠢ᠌ᠯ ᠤᠨ ᠭᠡᠷᠡᠯ
ᠬᠠᠷᠠᠩᠭ᠋ᠤᠢ ᠶᠢ ᠥᠯᠳᠡᠭᠦ ᠬᠠᠨ ᠨᠠᠷᠠᠨ ᠤ
ᠪᠣᠴᠠᠬᠤ ᠳᠠᠭᠠᠨ ᠥᠯᠡᠳᠡᠭᠡᠭ᠍ᠰᠡᠨ
ᠵᠢᠷᠦᠭᠡᠨ ᠳᠠᠰᠤᠷᠬᠠᠢ
ᠲᠤᠢ᠌ᠯ ᠤᠨ ᠭᠡᠷᠡᠯ ᠁
ᠴᠢ ᠪᠣᠯ ᠮᠢᠨᠤ
ᠬᠠᠢ᠌ᠷ᠎ᠠ ᠶᠢᠨ ᠶᠡᠭᠡ ᠣᠷᠴᠢᠯᠠᠩ ᠤᠨ
ᠲᠤᠢ᠌ᠯ ᠤᠨ ᠭᠡᠷᠡᠯ
ᠬᠠᠷᠠᠩᠭ᠋ᠤᠢ ᠦᠳᠡᠰᠢ ᠪᠠᠷ ᠵᠢᠷᠭᠠᠯ ᠥᠭ᠍ᠳᠡᠭ᠌
ᠬᠤᠪᠢᠯᠭᠠᠨ ᠭᠡᠷᠡᠯ
ᠡᠪᠦᠯ ᠤᠨ ᠡᠪᠦᠷ ᠡᠴᠡ
ᠴᠢᠮ᠎ᠠ ᠳᠤ ᠠᠭᠤᠰᠤᠶᠠ ᠭᠡᠭᠦ ᠳ᠋ᠤ
ᠳᠡᠮᠡᠦᠯᠡᠭᠡᠳ ᠳᠡᠮᠡᠦᠯᠡᠭᠡᠳ
ᠭᠦᠷᠴᠤ ᠳᠡᠢ᠌ᠯᠭᠦ ᠦᠭᠡᠶ
ᠬᠤᠯᠠ ᠶᠢᠨ ᠭᠡᠷᠡᠯ᠃
᠁
ᠴᠢ ᠪᠣᠯ ᠮᠢᠨᠤ ᠰᠡᠳᠭᠢᠯ ᠤᠨ
ᠳᠤᠯᠠᠭᠠᠬᠠᠨ ᠭᠡᠷᠡᠯ ᠁
ᠵᠤᠬᠢᠶᠠᠭᠴᠢ ᠶᠢᠨ ᠬᠠᠶᠢᠭ : ᠪᠠᠭᠠᠷᠢᠨ ᠤ ᠪᠠᠢ᠌ᠰᠢᠩᠳᠤ
ᠵᠤᠬᠢᠶᠠᠭᠴᠢ᠄ ᠳ᠋·ᠪᠦᠷᠢᠨᠲᠤᠭᠲᠠᠬᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 10729
ᠴᠠᠭ᠄ 2011 ᠤᠨ ᠤ 09 ᠰᠠᠷ᠎ᠠ ᠶᠢᠨ 28
ᠨᠠᠢ᠌ᠷᠠᠭᠤᠯᠤᠭᠴᠢ᠄ ᠪᠦᠬᠡᠡᠷᠳᠡᠨᠢ