ᠨᠡᠪᠲᠡᠷᠡᠨ ᠤᠷᠤᠬᠤ
《ᠷᠤᠮᠠᠠᠲ᠋ᠢᠭ ᠨᠠᠰᠤ》 ᠣᠤᠭᠠᠨ ᠨᠤᠮ ᠮᠢᠨᠢ ᠭᠡᠪᠯᠡᠭ᠍ᠳᠡᠯ᠎ᠡ

2012 ᠣᠨ ᠤ 8 ᠰᠠᠷ᠎ᠠ ᠶᠢᠨ 16 ᠊ᠤ ᠡᠳᠦᠷ᠂ ᠪᠣᠷᠤᠭᠠᠨ ᠤ ᠳᠠᠷᠠᠭ᠎ᠠ ᠳᠤᠩᠭ᠋ᠠᠯᠠᠭ᠃

ᠳᠤᠰ ᠡᠳᠦᠷ ᠤᠨ ᠦᠳᠡ ᠶᠢᠨ ᠬᠣᠢ᠌ᠨ᠎ᠠ ᠪᠢ ᠭᠦᠰᠡᠵᠤ ᠭᠦᠯᠢᠶᠡᠭ᠍ᠰᠡᠨ ᠨᠤᠮ ᠶᠢᠡᠨ ᠳᠤᠰᠤᠯ᠎ᠠ ︕ ᠣᠯᠠᠨ ᠬᠤᠨᠤᠭ ᠳᠤᠯᠤᠭᠠᠢ ᠡᠪᠡᠳᠭᠡᠵᠤ᠂ ᠳᠠᠷᠢᠭᠢ ᠭᠠᠰᠢᠯᠭᠠᠵᠤ ᠶᠠᠪᠣᠭᠰᠠᠨ 《ᠷᠤᠮᠠᠠᠲ᠋ᠢᠭ ᠨᠠᠰᠤ》 ᠰᠢᠯᠦᠭ᠌᠂ ᠨᠠᠢ᠌ᠷᠠᠭᠤᠯᠤᠯ ᠤᠨ ᠳᠡᠭᠦᠪᠦᠷᠢ ᠮᠢᠨᠢ ᠶᠠᠭᠤ ᠴᠤ ᠭᠡᠰᠡᠨ ᠭᠡᠪᠯᠡᠭ᠍ᠳᠡᠯ᠎ᠡ᠃ ᠦᠪᠣᠷ ᠮᠤᠩᠭ᠋ᠤᠯ ᠤᠨ ᠠᠷᠠᠤᠨ ᠤᠨ ᠭᠡᠪᠯᠡᠯ ᠤᠨ ᠬᠤᠷᠢᠶ᠎ᠠ ᠡᠴᠡ ᠭᠡᠪᠯᠡᠭᠦᠯᠤᠨ ᠳᠠᠷᠬᠠᠭᠠᠪᠠ᠃ ᠨᠤᠮ ᠨᠢ ᠬᠤᠶᠠᠷ ᠪᠦᠯᠦᠭ᠌ ᠶᠢᠡᠷ ᠪᠦᠷᠢᠯᠳᠦᠵᠤ᠂ ᠨᠢᠭᠡᠳᠦᠭᠡᠷ ᠪᠦᠯᠦᠭ᠌ 《ᠠᠮᠢᠳᠤᠷᠠᠯ ᠤᠨ ᠠᠶᠠᠯᠭᠤ》 ᠊᠊᠊᠊᠊᠊᠊᠊᠊᠊᠊᠊᠊᠊᠊ ᠰᠢᠯᠦᠭ᠌᠂ ᠬᠤᠶᠠᠳᠤᠭᠠᠷ ᠪᠦᠯᠦᠭ᠌ 《ᠣᠨᠢᠰᠤᠳᠤ ᠳᠡᠮᠳᠡᠭᠯᠡᠯ》 ᠊᠊᠊᠊᠊᠊᠊᠊᠊᠊᠊᠊᠊᠊᠊ ᠨᠠᠢ᠌ᠷᠠᠭᠤᠯᠤᠯ᠃ ᠨᠠᠢ᠌ᠳᠠ 62 (ᠰᠢᠯᠦᠭ᠌ 40᠂ ᠨᠠᠢ᠌ᠷᠠᠭᠤᠯᠤᠯ 22) ᠪᠦᠳᠦᠭᠡᠯ ᠲᠡᠶ᠂ 168 ᠨᠢᠭᠤᠷ ᠬᠠᠭᠤᠳᠠᠰᠤ ᠲᠡᠶ᠂ 80 ᠮᠢᠩᠭ᠋ᠠᠨ ᠦᠰᠦᠭ᠌ ᠲᠡᠶ᠃

ᠡᠷᠭᠢᠴᠡᠭᠦᠯᠤᠨ ᠪᠣᠳᠤᠬᠤ ᠳᠤ᠂ ᠨᠢ᠋ᠮᠠᠨ ᠰᠠᠷ᠎ᠠ ᠶᠢᠨ ᠡᠮᠦᠨᠡᠭᠢ ᠡᠨᠡ ᠦᠶ᠎ᠡ ᠪᠠᠷ (2011 ᠣᠨ ᠤ 12 ᠰᠠᠷ᠎ᠠ ᠳᠤ) ᠪᠢ 《ᠷᠤᠮᠠᠠᠲ᠋ᠢᠭ ᠨᠠᠰᠤ》 ᠨᠤᠮ ᠤᠨ ᠡᠭᠡ ᠪᠢᠴᠢᠭ᠌ ᠶᠢᠡᠨ ᠳᠠᠪᠠᠷᠢᠵᠤ᠂ ᠬᠤᠪᠢ ᠶᠢᠨ ᠰᠥᠢᠳᠭᠡᠯ ᠶᠢᠡᠷ ᠶᠢᠡᠨ ᠦᠪᠡᠷ ᠤᠨ ᠶᠢᠡᠨ ᠭᠡᠰᠡᠨ ᠨᠤᠮ ᠶᠢᠡᠨ ᠭᠠᠷᠭᠠᠬᠤ ᠭᠡᠵᠤ ᠬᠦᠬᠡᠬᠤᠲᠠ ᠪᠣᠭᠤᠳᠤ ᠶᠢᠨ ᠬᠤᠭᠤᠷᠤᠠᠳᠤ ᠭᠦᠶ‍ᠦᠭ᠍ᠰᠡᠨ ᠮᠢᠨᠢ ᠭᠡᠳᠥᠢᠪᠠᠷ ᠬᠠᠭᠠᠰ ᠵᠢᠯ ᠢᠯᠡᠭᠦᠤ ᠶᠢᠨ ᠣᠢ ᠪᠠᠨ ᠥᠵᠡᠭ᠍ᠰᠡᠨ ᠪᠣᠯᠪᠠᠴᠤ ᠨᠠᠳᠠ ᠣᠠᠴᠠ ᠶᠢᠨ ᠣᠬᠤᠷ ᠮᠦᠷᠳᠡᠭᠡᠨ ᠣᠭᠤ ᠴᠤ ᠣᠳᠠᠭᠠᠨ ᠯᠠ ᠰᠠᠨᠠᠭᠳᠠᠭᠰᠠᠨ᠃ ᠠᠩᠬ᠎ᠠ ᠣᠳᠠᠭ᠎ᠠ ᠨᠤᠮ ᠭᠡᠪᠯᠡᠭᠦᠯᠭᠦ ᠭᠡᠵᠤ ᠪᠠᠢ᠌ᠭ᠎ᠠ ᠪᠣᠯᠬᠤᠷ ᠮᠢᠨᠤ ᠬᠤᠪᠢ ᠳᠤ ᠡᠭᠦᠷᠭᠡ ᠭᠦᠡᠳᠦᠭᠡᠨ ᠠᠰᠠᠭᠤᠳᠠᠯ ᠪᠠᠢ᠌ᠯ᠎ᠠ᠃ ᠰᠡᠳᠭᠢᠯ ᠭᠦᠭ᠍ᠰᠡᠨ᠂ ᠭᠦᠰᠡᠯ ᠭᠡᠢ᠌ᠰᠭᠡᠨ᠂ ᠭᠡᠳᠤᠨ ᠵᠢᠯ ᠤᠨ ᠣᠷᠤᠯᠳᠤᠭᠰᠠᠨ ᠳᠦᠭᠦᠭᠡᠢ ᠪᠦᠳᠦᠭᠡᠯ ᠤᠳ ᠶᠢᠡᠨ ᠡᠪᠦᠷᠯᠡᠵᠤ ᠦᠪᠣᠷ ᠮᠤᠩᠭ᠋ᠤᠯ ᠤᠨ ᠠᠷᠠᠤᠨ ᠤᠨ ᠭᠡᠪᠯᠡᠯ ᠤᠨ ᠬᠤᠷᠢᠶ᠎ᠠ ᠳᠤ ᠡᠭᠡ ᠨᠤᠤᠷᠠᠭ ᠶᠢᠡᠨ ᠳᠤᠰᠢᠶᠠᠵᠤ ᠭᠢᠨᠠᠨ ᠰᠢᠯᠭᠠᠭᠤᠯᠵᠤ᠂ ᠨᠤᠮ ᠤᠨ ᠳ᠋ᠤᠭᠠᠷ ᠶᠢᠡᠨ ᠡᠷᠡᠮᠡᠯᠵᠢᠯᠡᠵᠤ ᠪᠠᠢ᠌ᠭᠰᠠᠨ ᠮᠢᠨᠢ ᠦᠴᠦᠭᠡᠳᠦᠷᠭᠡᠨ ᠶᠤᠮᠰᠢᠭ ᠪᠣᠳᠤᠭᠳᠠᠭᠤᠯᠤᠨ᠎ᠠ᠃

ᠪᠢ ᠭᠡᠳᠡᠭ᠌ ᠭᠦᠮᠤᠨ ᠪᠢᠷ ᠡᠴᠠ ᠪᠠᠨ ᠠᠰᠳᠠᠭᠠᠨ ᠭᠦᠷᠦᠩᠭᠡ ᠭᠡᠵᠤ ᠳᠠᠰᠤ᠂ ᠪᠠᠳᠠᠭ ᠰᠢᠯᠦᠭ᠌ ᠮᠦᠷ ᠥᠭᠦᠯᠡᠪᠦᠷᠢ ᠡᠴᠠ ᠪᠠᠨ ᠥᠭᠡᠷ᠎ᠡ ᠮᠡᠳᠡᠭ᠍ᠰᠡᠨ ᠶᠠᠭᠤᠮ᠎ᠠ ᠫᠠᠤᠨ ᠭᠡᠵᠤ ᠦᠪᠡᠷ ᠢ ᠪᠠᠨ ᠦᠨᠡᠯᠠᠶ᠎ᠠ ᠳ᠋ᠠ ︕ ᠨᠡᠭᠡᠷᠡᠨ ᠰᠢᠤ᠃ ᠪᠢ ᠭᠡᠵᠤ ᠣᠯᠠᠨ ᠶᠠᠭᠤᠮ᠎ᠠ ᠳᠤ ᠳᠤᠷᠠᠯᠠᠳᠠᠭ ᠦᠭᠡᠶ᠂ ᠨᠠᠭᠠᠳᠤᠮ ᠳᠤᠭᠯᠠᠭᠠᠮ ᠳᠤ ᠪᠠᠬ᠎ᠠ ᠦᠭᠡᠶ᠂ ᠥᠭᠡ ᠳᠠᠭᠤᠨ ᠴᠥᠭᠡᠨ᠂ ᠦᠭᠡᠶ ᠶᠠᠷᠤᠨᠢ ᠣᠢ᠌ᠯᠠᠭᠠᠭᠳᠠᠰᠢ ᠦᠭᠡᠶ ᠭᠡᠵᠤ ᠮᠠᠨ ᠤ ᠭᠢᠨ ᠵᠠᠷᠢᠮ ᠨᠢ ᠶᠠᠷᠢᠳᠠᠭ ᠪᠠᠢ᠌ᠭᠰᠠᠨ᠂ ᠳᠠᠷᠠ ᠴᠤ ᠠᠷᠭ᠎ᠠ ᠦᠭᠡᠶ ᠵᠠᠩ ᠠᠭᠠᠰᠢ ᠶᠢ ᠶᠠᠭᠠᠭᠢᠯᠳᠠᠢ ᠭᠡᠭᠦ ᠪᠣᠢ ᠶᠠᠷᠤᠨᠢ ᠰᠢᠯᠦᠭ᠌ ᠵᠤᠬᠢᠶᠠᠯ ᠭᠡᠳ ᠥᠭᠡ ᠡᠭᠦᠰᠭᠡᠵᠤ᠂ ᠥᠭᠡᠷ ᠬᠤᠯᠠᠳᠠᠭᠠᠤᠨ ᠶᠠᠪᠣᠴᠢᠬᠠᠳᠠᠭ ᠤᠨ ᠣᠴᠢᠷ ᠴᠥᠭᠡᠨ ᠭᠡᠳᠤᠨ ᠪᠢᠷ ᠤᠨ ᠠᠠᠳᠠ᠂ ᠰᠡᠳᠭᠢᠯ ᠢ ᠮᠡᠳᠡᠭ᠍ᠴᠢ ᠭᠡᠳᠤᠨ ᠰᠠᠢ᠌ᠨ ᠠᠬ᠎ᠠ ᠳᠡᠭᠦᠤ᠂ ᠳᠡᠭᠡᠷ᠎ᠡ ᠨᠢ ᠣᠩᠰᠢᠭᠴᠢ ᠪᠣᠷᠬᠠᠤᠨ ᠤᠨ ᠭᠡᠭᠡᠨ ᠪᠢᠯᠢᠭ᠌᠂ ᠳᠤᠩᠭ᠋ᠠᠯᠠᠭ ᠣᠶᠤᠨ ᠳᠤ ᠳᠤᠯᠢᠯᠠᠭᠤᠯᠬᠤ ᠦᠴᠦᠭᠡᠨ ᠵᠣᠢ᠌ᠯ ᠲᠡᠶ ᠪᠣᠯᠤᠯ᠎ᠠ᠃

ᠡᠢ᠌ᠡᠭᠦ᠂ 《ᠦᠪᠡᠷ ᠤᠨ ᠥᠩᠭᠡ ᠪᠠᠷ ᠶᠢᠡᠨ ᠨᠢᠭᠡ ᠨᠤᠮ ᠭᠠᠷᠭᠠᠬᠤ ᠰᠠᠨ》 ᠭᠡᠰᠡᠨ ᠰᠠᠢ᠌ᠬᠠᠨ ᠭᠦᠰᠡᠯ ᠳᠡᠭᠡᠨ ᠰᠢᠳᠠᠵᠤ᠂ ᠰᠤᠯᠠ ᠰᠢᠯᠦᠭ᠌ ᠵᠤᠬᠢᠶᠠᠯ ᠶᠢᠡᠨ ᠬᠤᠮᠢᠵᠤ ᠰᠤᠨᠢᠨ ᠰᠡᠳᠭᠦᠯ ᠤᠨ ᠪᠣᠯᠤᠩ ᠡᠴᠠ ᠨᠠᠷ᠎ᠠ ᠪᠠᠨ ᠬᠠᠢ᠌ᠵᠤ᠂ ᠡᠳᠦᠷ ᠲᠡᠭᠡᠨ ᠮᠠᠰᠢᠨ ᠳᠦᠭᠦᠭᠡᠷᠦᠮᠵᠢ ᠭᠡᠳ ᠶᠠᠭᠠᠷᠠᠳᠠᠭ ᠴᠤ ᠰᠦᠨᠢ ᠶᠢᠨ ᠰᠡᠯᠡᠭᠦᠨ ᠳᠤ ᠨᠠᠢ᠌ᠷᠠᠭ ᠰᠠᠳᠭᠢᠨ ᠰᠠᠷᠠᠯ ᠰᠤᠷᠭᠤᠭ ᠣᠬᠠᠭᠠᠨ ᠱᠠᠭᠢᠭᠤᠯᠵᠤ᠂ ᠶᠠᠭᠤ ᠴᠤ ᠭᠡᠰᠡᠨ ᠦᠨᠦᠳᠤᠷ ᠣᠯᠳᠤᠢ ᠪᠦᠳᠦᠭᠡᠯ ᠮᠢᠨᠢ ᠡᠷᠭᠢᠮ ᠣᠩᠰᠢᠭᠴᠢ ᠳᠠ ᠪᠦᠭᠦᠨ ᠲᠡᠶ ᠵᠤᠯᠭᠠᠬᠤ ᠪᠣᠯᠤᠭᠰᠠᠨ ᠳᠤ ᠮᠠᠰᠢ ᠪᠠᠶᠠᠷᠳᠠᠢ ᠪᠠᠢ᠌ᠭ᠎ᠠ᠃

ᠠᠯᠳᠠᠨ ᠡᠴᠡ ᠦᠨᠡᠳᠠᠢ ᠴᠠᠭ ᠪᠦᠭᠦᠨ ᠳᠤ ᠥᠩᠭᠡᠷᠡᠭᠦᠯᠦᠭ᠍ᠰᠡᠨ ᠵᠠᠯᠠᠭᠤ ᠨᠠᠰᠤᠨ ᠤ ᠳᠤᠬᠠᠢ ᠪᠠᠶᠠᠷ ᠵᠢᠷᠭᠠᠯ᠂ ᠭᠤᠨᠢᠭ ᠤᠢ᠌ᠳᠬᠠᠷ ᠳᠠᠷᠠᠴᠢᠯᠠᠨ ᠨᠡᠭᠡᠯ ᠬᠠᠳᠠᠭᠤ ᠠᠮᠢᠳᠤᠷᠠᠯ ᠤᠨ ᠳᠤᠬᠠᠢ ᠡᠴᠢᠨ᠎ᠡ ᠳᠠᠯᠳᠠ ᠶᠢᠨ ᠭᠦᠨ ᠨᠢᠭᠤᠴᠠᠬᠠᠢ ᠪᠣᠳᠤᠯᠭᠠᠰᠢᠷᠠᠯ ᠪᠦᠭᠦᠨ ᠶᠢᠡᠨ 《ᠷᠤᠮᠠᠠᠲ᠋ᠢᠭ ᠨᠠᠰᠤ》 ᠨᠤᠮ ᠳᠤ ᠪᠠᠨ ᠡᠮᠭᠢᠳᠭᠡᠨ ᠳᠡᠮᠳᠡᠭᠯᠡᠪᠡ᠃ ᠡᠨᠡ ᠨᠢ ᠦᠨᠡᠨᠳᠡᠭᠡᠨ ᠮᠢᠨᠤ ᠠᠮᠢᠳᠤᠷᠠᠯ᠂ ᠣᠷᠠᠨ ᠵᠤᠬᠢᠶᠠᠯ ᠪᠣᠶᠤ ᠵᠠᠯᠠᠭᠤ ᠬᠠᠯᠠᠭᠤᠨ ᠨᠠᠰᠤᠨ ᠤ ᠮᠢᠨᠢ ᠬᠠᠮᠤᠭ ᠠᠩᠬᠠᠨ ᠤ ᠳᠡᠮᠳᠡᠭᠯᠡᠯ ᠪᠠᠢ᠌ᠭ᠎ᠠ ᠶᠤᠮ᠃

ᠭᠦᠰᠡᠯ ᠳᠠᠮᠠᠤᠯᠠᠯ ᠭᠢᠭᠡᠳ ᠣᠷᠮ᠎ᠠ ᠰᠡᠳᠬᠢᠯᠭᠡ ᠶᠢᠨ ᠭᠦᠪᠠᠭᠡ ᠭᠢᠵᠠᠭᠠᠷ ᠦᠭᠡᠶ ᠭᠦᠭ᠍ᠵᠢᠮᠯᠢᠭ᠌ ᠭᠤᠸ᠎ᠠ ᠠᠶᠠᠨ ᠳᠤ ᠮᠤᠩᠭ᠋ᠤᠯ ᠰᠤᠶᠤᠯ ᠤᠨ ᠶᠢᠡᠨ ᠠᠯᠳᠠᠨ ᠳᠦᠷᠦᠭᠡᠨ ᠳᠤ ᠳᠦᠷᠦᠭᠡᠯᠡᠵᠤ᠂ ᠳᠤᠨᠤᠯᠵᠠᠭᠰᠠᠨ ᠴᠠᠭᠠᠨ ᠰᠠᠷᠠᠨ ᠤ ᠳᠤᠤᠷᠠᠭᠢ ᠠᠮᠠᠷᠠᠭ ᠳᠤᠭᠳᠤᠯᠤᠯ ᠪᠣᠶᠤ ᠠᠰᠬᠠᠷᠠᠳᠠᠯ᠎ᠠ ᠭᠡᠮᠨᠡᠭ᠍ᠰᠡᠨ ᠬᠤᠠᠳᠠᠭ᠎ᠠ ᠲᠡᠶ ᠰᠠᠷᠬᠤᠤᠨ ᠰᠢᠭ ᠵᠠᠯᠠᠭᠤ ᠨᠠᠰᠤ ᠪᠣᠯ ᠭᠦᠮᠤᠨ ᠤ ᠠᠮᠢᠳᠤᠷᠠᠯ᠂ ᠳᠠᠷᠠᠴᠢᠯᠠᠨ ᠭᠦᠮᠤᠨ ᠪᠣᠯᠭᠠᠨ ᠤ ᠠᠮᠢ ᠨᠠᠰᠤᠨ ᠤ ᠤᠳᠬ᠎ᠠ ᠠᠭᠤᠯᠭ᠎ᠠ ᠪᠠᠨ ᠳᠡᠯᠭᠡᠨ ᠥᠵᠡᠭᠦᠯᠭᠦ ᠶᠢᠨ ᠬᠠᠮᠤᠭ ᠤᠨ ᠡᠷᠭᠢᠮ ᠨᠠᠠᠳᠢᠨ ᠴᠠᠭ ᠦᠶ᠎ᠡ ᠮᠦᠨ᠃ ᠶᠠᠭ ᠡᠢ᠌ᠮᠤ ᠣᠴᠢᠷ ᠡᠴᠡ ᠡᠨᠡᠭᠦ ᠊ᠭ᠍ᠱᠡᠨ ᠵᠠᠭᠤᠷ᠎ᠠ ᠥᠩᠭᠡᠷᠡᠵᠤ ᠤᠳᠬᠤ ᠴᠠᠭ ᠬᠤᠭᠤᠴᠠᠭᠠᠨ ᠤ ᠣᠷᠤᠰᠢᠬᠤᠢ ᠶᠢ ᠮᠥᠩᠭᠡᠯᠡᠨ ᠥᠯᠡᠳᠡᠭᠡᠭᠦ ᠶᠢᠨ ᠨᠢᠭᠡᠨ ᠭᠡᠯᠪᠠᠷᠢ ᠪᠠᠢ᠌ᠭ᠎ᠠ ᠶᠤᠮ᠃

ᠥᠪᠠᠷᠳᠡᠭᠡᠨ ᠪᠢ ᠰᠤᠨᠢᠨ ᠮᠡᠳᠡᠭᠡ ᠰᠤᠷᠤᠭᠰᠠᠨ ᠭᠦᠮᠤᠨ᠂ ᠤᠳᠬ᠎ᠠ ᠵᠤᠬᠢᠶᠠᠯ ᠨᠢ ᠮᠢᠨᠤ ᠳᠤᠰᠬᠠᠢ ᠮᠡᠷᠭᠡᠵᠢᠯ ᠪᠢᠰᠢ ᠴᠤ ᠣᠷᠠᠨ ᠪᠦᠳᠦᠭᠡᠯ ᠪᠣᠯ ᠮᠢᠨᠤ ᠮᠥᠩᠭᠡ ᠶᠢᠨ ᠭᠦᠭᠡᠭᠡᠴᠡᠯᠳᠦᠯ᠃

ᠳᠤᠰ ᠨᠤᠮ ᠶᠢᠡᠨ ᠪᠢ ᠢᠨᠠᠭ ᠳᠤᠷᠠᠯᠠᠯ ᠳᠤ ᠰᠤᠭᠳᠤᠭᠤᠷᠠᠵᠤ᠂ ᠳᠠᠩ ᠴᠤᠯᠭᠤᠢ ᠵᠤᠭ᠎ᠠ ᠴᠡᠩᠭᠡᠯ ᠳᠤ ᠵᠤᠷᠢᠭᠤᠯᠤᠭᠰᠠᠨ ᠪᠢᠰᠢ ᠬᠠᠷᠢᠨ ᠤᠶᠠᠩ‍ᠭ᠎ᠠ ᠨᠠᠢ᠌ᠷᠠᠭ ᠤᠨ ᠵᠥᠭᠡᠯᠡᠨ ᠠᠮᠢᠰᠬᠤᠭ᠎ᠠ ᠴᠢᠩᠨᠠᠵᠤ᠂ ᠣᠷᠠᠨ ᠵᠤᠬᠢᠶᠠᠯ ᠳᠤ ᠣᠷᠮ᠎ᠠ ᠵᠤᠷᠢᠭ ᠶᠢᠠᠨ ᠭᠦᠪᠴᠢᠯᠡᠨ ᠰᠤᠷᠤᠯᠭ᠎ᠠ ᠶᠢᠨ ᠴᠢᠯᠦᠭᠡ ᠵᠠᠪ ᠪᠠᠷ ᠶᠢᠡᠨ ᠠᠮᠵᠢᠭᠤᠯᠤᠨ ᠣᠷᠤᠯᠳᠤᠯᠭ᠎ᠠ ᠪᠦᠳᠦᠭᠡᠯᠭᠡ ᠶᠢᠨ ᠡᠷᠡᠨ ᠳᠤ ᠴᠠᠭ ᠬᠤᠭᠤᠴᠠᠭᠠᠨ ᠤ ᠭᠡᠯᠪᠠᠷᠢ ᠲᠡᠶ ᠶᠠᠭᠤ ᠨᠢᠭᠡ ᠶᠢ ᠭᠢᠵᠤ ᠪᠦᠳᠦᠭᠡᠶ᠎ᠡ᠂ ᠵᠠᠯᠠᠭᠤ ᠨᠠᠰᠤᠨ ᠤ ᠥᠩᠭᠡ ᠪᠣᠳᠤᠭ ᠪᠦᠭᠦᠢ ᠵᠣᠢ᠌ᠯ ᠶᠢᠡᠨ ᠳᠤᠷᠠᠳᠬᠠᠯ ᠪᠣᠯᠭᠠᠨ ᠥᠯᠡᠳᠡᠭᠡᠵᠤ ᠬᠠᠳᠠᠭᠠᠯᠠᠶ᠎ᠠ᠂ ᠮᠦᠨ ᠴᠤ ᠡᠮᠵᠡᠭ᠌ ᠰᠡᠳᠭᠢᠯ ᠶᠢᠡᠷ ᠶᠢᠡᠨ ᠳᠡᠭᠦᠨ ᠬᠤᠷᠠᠮᠳᠤᠭᠤᠯᠤᠭᠰᠠᠨ ᠪᠦᠭᠡᠳ ᠡᠭᠡ ᠭᠡᠯᠡ ᠪᠠᠷ ᠶᠢᠡᠨ ᠬᠤᠯᠪᠤᠨ ᠭᠡᠯᠭᠢᠭ᠍ᠰᠡᠨ ᠣᠶᠤᠨ ᠤ ᠪᠦᠳᠦᠭᠡᠯ ᠶᠢᠡᠨ ᠨᠠᠮᠢ᠋ᠢ ᠪᠠᠭᠳᠠᠭᠠᠭᠰᠠᠨ ᠦᠶ᠎ᠡ ᠣᠯᠠᠨ ᠮᠤᠩᠭ᠋ᠤᠯ ᠵᠠᠯᠠᠭᠤᠰ ᠤᠨ ᠶᠢᠡᠨ ᠦᠵᠡᠯ ᠰᠠᠨᠠᠭ᠎ᠠ᠂ ᠪᠣᠳᠤᠯ ᠰᠡᠳᠬᠢᠯᠭᠡ ᠳᠤ ᠨᠢ ᠨᠢᠭᠡ ᠵᠣᠢ᠌ᠯ ᠤᠨ ᠭᠦᠷᠳᠡᠭᠡᠯ ᠪᠣᠯᠭᠠᠬᠤ ᠵᠤᠷᠢᠯᠭ᠎ᠠ ᠡᠴᠡ ᠡᠨᠡᠭᠦ ᠨᠤᠮ ᠶᠢᠡᠨ ᠭᠡᠪᠯᠡᠭᠦᠯᠪᠡ᠃

ᠳᠤᠰ ᠰᠢᠯᠦᠭ᠌ ᠤᠨ ᠨᠤᠮ ᠳ᠋ᠠᠭᠢ ᠪᠦᠳᠦᠭᠡᠯ ᠤᠳ ᠤᠨ ᠣᠯᠠᠩᠭᠢ ᠨᠢ ᠪᠦᠷ 2007 ᠣᠨ ᠡᠴᠠ ᠰᠡᠭᠦᠯᠡᠷ ᠪᠠᠢ᠌ᠵᠤ᠂ ᠰᠤᠷᠤᠭᠴᠢ ᠥᠩᠭᠡ ᠪᠠᠷ ᠪᠢᠴᠢᠭ᠍ᠳᠡᠭ᠍ᠰᠡᠨ ᠪᠦᠳᠦᠭᠡᠯ ᠪᠣᠯᠤᠨ᠎ᠠ᠃ ᠬᠤᠪᠢ ᠭᠦᠮᠤᠨ ᠤ ᠭᠦᠳᠡᠭᠢ ᠣᠶᠤᠨ᠂ ᠮᠡᠳᠡᠯᠭᠡ ᠮᠡᠭᠦᠰ ᠪᠣᠶᠤ ᠭᠡᠪ ᠴᠢᠨᠠᠷ ᠡᠴᠠ ᠰᠢᠯᠳᠠᠭᠠᠯᠠᠵᠤ᠂ ᠵᠠᠷᠢᠮ ᠰᠢᠯᠦᠭ᠌ ᠨᠠᠢ᠌ᠷᠠᠭᠤᠯᠤᠯ ᠨᠢ ᠳᠦᠭᠦᠭᠡᠢ ᠱᠥᠭᠦᠷᠭᠡᠢ ᠣᠩᠰᠢᠭᠳᠠᠬᠤ ᠪᠠᠢ᠌ᠬ᠎ᠠ᠂ ᠳᠠᠷᠠ ᠪᠦᠭᠦᠢ ᠨᠢ ᠭᠡᠨᠡᠨ ᠨᠢᠯᠬᠠᠰᠠᠭ᠂ ᠰᠢᠷᠭᠠᠭᠠᠯᠳᠠ ᠮᠠᠭᠤᠳᠠᠢ ᠪᠠᠢ᠌ᠭᠰᠠᠨ ᠴᠤ ᠶᠠᠭᠠᠭᠢᠬᠤ ᠪᠣᠢ᠂ ᠪᠦᠷ ᠯᠠ ᠨᠢᠭᠡ ᠵᠠᠯᠠᠭᠤ ᠬᠠᠷ᠎ᠠ ᠭᠦᠤ ᠶᠢᠨ ᠦᠰᠤᠨ ᠪᠣᠢ᠌ᠵᠢᠯᠳᠠ ᠶᠢᠨ ᠭᠢᠨᠢ ᠶᠠᠪᠣᠴᠠ ᠶᠤᠮ᠃ ᠡᠷᠭᠢᠮ ᠤᠨ ᠣᠩᠰᠢᠭᠴᠢ ᠪᠣᠷᠬᠠᠤᠨ ᠮᠢᠨᠢ ᠡᠪᠯᠡᠭᠦᠯᠤᠨ ᠪᠠᠢ᠌ᠵᠤ ᠣᠩᠰᠢᠬᠤ ᠪᠣᠯᠪᠠᠤ ︕

ᠣᠯᠳᠤᠢ ᠪᠦᠳᠦᠭᠡᠯ ᠮᠢᠨᠢ ᠣᠩᠰᠢᠭᠴᠢ ᠲᠦᠮᠡᠨ ᠲᠡᠶ ᠵᠤᠯᠭᠠᠬᠤ ᠪᠣᠯᠤᠭᠰᠠᠨ ᠡᠨᠡᠭᠦ ᠰᠠᠢ᠌ᠬᠠᠨ ᠳᠠᠰᠢᠷᠠᠮ ᠳᠤ 《ᠷᠤᠮᠠᠠᠲ᠋ᠢᠭ ᠨᠠᠰᠤ》 ᠨᠤᠮ ᠭᠡᠪᠯᠡᠭᠦᠯᠭᠦ ᠳᠤ ᠮᠢᠨᠢ ᠬᠠᠪᠰᠤᠷᠤᠨ ᠳᠡᠮᠵᠢᠭ᠍ᠰᠡᠨ ᠬᠠᠯᠠᠭᠤᠨ ᠰᠡᠳᠭᠢᠯᠳᠤ ᠭᠦᠮᠦᠰ ᠳᠠᠨᠠᠷ ᠲᠤ ᠪᠠᠨ ᠳᠠᠯᠠᠷᠬᠠᠶ᠎ᠠ᠃ ᠶᠠᠭᠤᠨ ᠤ ᠡᠮᠤᠨ᠎ᠡ᠂ ᠳᠤᠰ ᠨᠤᠮ ᠢ ᠡᠭᠢᠯᠡᠨ ᠪᠢᠴᠢᠭ᠍ᠰᠡᠨ ᠡᠴᠡ ᠭᠡᠪᠯᠡᠯ ᠳᠤ ᠳᠡᠪᠰᠢᠭᠦᠯᠭᠦ ᠪᠣᠯᠳᠠᠯ᠎ᠠ ᠨᠠᠮᠢ᠋ᠢ ᠢᠳᠡᠭᠡᠨ ᠬᠠᠯᠠᠭᠤᠨ ᠶᠢᠡᠷ ᠵᠤᠷᠢᠭᠵᠢᠭᠤᠯᠤᠭᠰᠠᠨ ᠮᠢᠨᠤ ᠬᠠᠢ᠌ᠷᠠᠳᠤ ᠡᠮᠡᠭᠡ᠂ ᠠᠪᠣ ᠡᠵᠢ᠂ ᠠᠪᠠᠭ᠎ᠠ ᠠᠨᠢᠶ᠎ᠠ ᠵᠢᠴᠢ ᠨᠠᠭᠠᠴᠤ ᠨᠡᠷ ᠲᠠᠭᠠᠨ ᠭᠦᠡᠳᠦᠳᠭᠡᠯ ᠳᠡᠪᠰᠢᠭᠦᠯᠦᠶ᠎ᠡ ︕ ᠳᠠᠷᠠᠴᠢᠯᠠᠨ ᠠᠬᠠᠮᠠᠤᠨ ᠨᠢᠭᠡ ᠦᠶ᠎ᠡ ᠶᠢᠨ ᠵᠤᠬᠢᠶᠠᠯᠴᠢ ᠪᠠᠭᠰᠢ ᠨᠡᠷ ᠪᠠ ᠠᠬ᠎ᠠ ᠳᠡᠭᠦᠤ᠂ ᠨᠠᠢ᠌ᠵᠠ ᠨᠡᠷ ᠤᠨ ᠨᠠᠮᠢ᠋ᠢ ᠢᠳᠡᠭᠡᠨ ᠬᠠᠯᠠᠭᠤᠨ ᠶᠢᠡᠷ ᠳᠡᠮᠵᠢᠭ᠍ᠰᠡᠨ ᠳᠤ ᠭᠢᠵᠠᠭᠠᠷ ᠦᠭᠡᠶ ᠪᠠᠶᠠᠷᠯᠠᠵᠤ ᠪᠠᠢ᠌ᠨ᠎ᠠ᠃

ᠬᠦᠬᠡᠬᠤᠲᠠ ᠦᠨᠳᠦᠰᠦᠳᠠᠨ ᠤ ᠳᠡᠭᠡᠳᠤ ᠰᠤᠷᠭᠠᠭᠤᠯᠢ ᠶᠢᠨ ᠬᠠᠰᠤᠠᠳᠤᠶᠠᠭ᠎ᠠ ᠪᠠᠭᠰᠢ ᠶᠢᠨ ᠳᠡᠮᠵᠢᠯᠭᠡ ᠵᠢᠴᠢ ᠨᠤᠮ ᠤᠨ ᠣᠷᠤᠰᠢᠯ ᠪᠢᠴᠢᠵᠤ ᠬᠠᠢ᠌ᠷᠠᠯᠠᠭᠰᠠᠨ ᠠᠯᠳᠠᠷᠳᠤ ᠢᠷᠠᠭᠤ ᠨᠠᠢ᠌ᠷᠠᠭᠴᠢ᠂ ᠣᠷᠴᠢᠭᠤᠯᠤᠭᠴᠢ᠂ ᠵᠠᠯᠠᠭᠤ ᠳᠤᠭᠤᠵᠢᠰ ᠤᠨ ᠵᠤᠬᠢᠶᠠᠯᠴᠢ ᠵᠢ᠊·ᠴᠡᠩᠭᠡᠯ ᠠᠬ᠎ᠠ ᠳᠠᠭᠠᠨ ᠳᠠᠯᠠᠷᠬᠠᠶ᠎ᠠ ︕ ᠨᠤᠮ ᠭᠡᠪᠯᠡᠭᠦᠯᠭᠦ ᠳᠤ ᠬᠠᠷᠠᠮ ᠦᠭᠡᠶ ᠬᠠᠪᠰᠤᠷᠤᠯᠭ᠎ᠠ ᠳᠡᠮᠵᠢᠯᠭᠡ ᠪᠠᠨ ᠥᠵᠡᠭᠦᠯᠦᠭ᠍ᠰᠡᠨ ᠠᠬ᠎ᠠ ᠠ᠊·ᠵᠢᠷᠤᠮᠳᠤ᠂ ᠡᠭᠡᠴᠢ ᠣ·ᠠᠯᠳᠠᠩᠭ᠋ᠤᠸ᠎ᠠ ᠪᠣᠯᠤᠨ ᠨᠤᠮ ᠤᠨ ᠬᠠᠪᠢᠰᠤ ᠭᠢᠭᠦ ᠳᠤ ᠶᠡᠭᠡᠭᠡᠨ ᠭᠦᠴᠤ ᠭᠠᠷᠭᠠᠨ ᠬᠠᠮᠵᠢᠭᠰᠠᠨ ᠦᠪᠣᠷ ᠮᠤᠩᠭ᠋ᠤᠯ ᠤᠨ ᠡᠳᠦᠷ ᠶᠢᠨ ᠰᠤᠨᠢᠨ ᠤ ᠲᠦᠰᠤᠪ ᠭᠦᠢᠴᠡᠳᠭᠡᠭ᠍ᠴᠢ ᠳᠡᠷᠢᠭᠦᠨ᠂ ᠮᠦᠨ 《ᠬᠦᠬᠡᠬᠤᠲᠠ ᠶᠢᠨ 〈ᠰᠢᠨ᠎ᠡ ᠠᠶᠠᠨ〉 ᠭᠦᠮᠤᠨ ᠤ ᠭᠦᠴᠤᠨ ᠤ ᠡᠭᠢ ᠪᠠᠶᠠᠯᠢᠭ ᠤᠨ ᠥᠢᠯᠡᠴᠢᠯᠡᠭᠡᠨ ᠤ ᠭᠢᠵᠠᠭᠠᠷᠳᠤ ᠬᠠᠷᠢᠭᠤᠴᠠᠯᠭᠠᠳᠤ ᠺᠤᠮᠫᠠᠨᠢ》 ᠶ᠋ᠢᠨ ᠶᠠᠷᠤᠩᠭᠢ ᠭᠡᠷᠡᠭ᠌ ᠮᠡᠳᠡᠭ᠍ᠴᠢ ᠶᠢᠨ ᠳᠠᠷᠤᠭ᠎ᠠ ᠯᠢᠤ ᡁᠢ ᠮᠢᠨ᠂ ᠰᠠᠷᠠᠠᠳᠤᠶᠠᠭ᠎ᠠ ᠨᠡᠷ ᠲᠤ ᠭᠦᠨ ᠳᠠᠯᠠᠷᠬᠠᠯ ᠶᠢᠡᠨ ᠳᠡᠪᠰᠢᠭᠦᠯᠭᠦ ᠶᠢᠨ ᠬᠠᠮᠳᠤ ᠠᠯᠤᠰ ᠬᠤᠯᠠ ᠶᠠᠫᠣᠨ ᠣᠯᠤᠰ ᠡᠴᠡ ᠠᠩᠬᠠᠷᠤᠨ ᠬᠠᠯᠠᠮᠵᠢᠯᠠᠵᠤ ᠬᠠᠯᠠᠭᠤᠨ ᠳᠡᠮᠵᠢᠯᠭᠡ ᠥᠵᠡᠭᠦᠯᠦᠭ᠍ᠰᠡᠨ ᠶᠢᠨ ᠯᠢᠩ ᠡᠭᠡᠴᠢ ᠳᠡᠭᠡᠨ ᠳᠠᠯᠠᠷᠬᠠᠶ᠎ᠠ ︕ ᠳᠠᠷᠠᠴᠢᠯᠠᠨ ᠨᠡᠢ᠌ᠭᠡᠮ ᠤᠨ ᠭᠦᠭ᠍ᠵᠢᠯᠳᠡ ᠰᠤᠶᠤᠯ ᠪᠣᠯᠪᠠᠰᠤᠨ ᠤ ᠲᠦᠯᠦᠭᠡ ᠭᠦᠴᠤᠨ ᠵᠢᠳᠭᠦᠭᠦ ᠭᠢᠭᠡᠳ ᠠᠷᠢᠭᠤᠨ ᠰᠠᠨᠠᠭ᠎ᠠ ᠪᠣᠶᠠᠠᠰᠠᠭ ᠰᠡᠳᠭᠢᠯ ᠢ ᠳᠡᠭᠡᠳᠦᠯᠡᠨ ᠮᠦᠩᠭᠦ ᠵᠤᠭᠤᠰ ᠶᠢᠡᠷ ᠢᠪᠠᠭᠡᠨ ᠳᠡᠮᠵᠢᠭ᠍ᠰᠡᠨ ᠠᠩᠬ᠎ᠠ ᠳᠤᠮᠳᠠᠳᠤ᠂ ᠦᠨᠳᠦᠷ ᠳᠤᠮᠳᠠᠳᠤ ᠶᠢᠨ ᠬᠠᠮᠳᠤ ᠰᠤᠷᠤᠯᠭᠠᠳᠠᠨ᠂ ᠦᠶ᠎ᠡ ᠬᠤᠷᠠᠭ ᠶᠢᠨ ᠬᠠᠨᠢᠳᠠᠤᠨ ᠪᠣᠯᠤᠨ ᠶᠡᠭᠡ ᠰᠤᠷᠭᠠᠭᠤᠯᠢ ᠶᠢᠨ ᠣᠶᠤᠳᠠᠨ ᠨᠠᠢ᠌ᠵᠠ ᠨᠡᠷ ᠲᠠᠭᠠᠨ ᠳᠠᠯᠠᠷᠬᠠᠯ ᠶᠢᠡᠨ ᠳᠡᠪᠰᠢᠭᠦᠯᠵᠤ ᠠᠵᠢᠯ ᠰᠤᠷᠤᠯᠭ᠎ᠠ ᠶᠢᠨ ᠦᠨᠳᠦᠷ ᠠᠮᠵᠢᠯᠳᠠ ᠶᠢ ᠴᠢᠨᠢ ᠵᠦᠩᠨᠠᠶ᠎ᠠ ︕

ᠪᠣᠭᠤᠳᠤ ᠶᠢᠨ ᠳᠸᠯᠸᠢᠰ ᠬᠤᠷᠢᠶᠠᠨ ᠤ ᠮᠤᠩᠭ᠋ᠤᠯ ᠨᠠᠢ᠌ᠷᠠᠭᠤᠯᠬᠤ ᠭᠡᠯᠳᠡᠰ ᠤᠨ ᠡᠷᠭᠢᠯᠡᠭ᠍ᠴᠢ ᠠᠯᠳᠠᠠᠬᠤᠸᠠᠷ᠂ ᠵᠠᠯᠠᠭᠤ ᠨᠠᠢ᠌ᠷᠠᠭᠤᠯᠤᠭᠴᠢ ᠰᠠᠢ᠌ᠵᠢᠷᠠᠬᠤ᠂ ᠰᠡᠭᠦᠳᠡᠷᠯᠡᠭ᠍ᠴᠢ ᠮᠥ᠊᠂ ᠤᠶᠤᠨᠪᠢᠯᠢᠭ᠌ ᠪᠣᠯᠤᠨ ᠦᠯᠡᠮᠵᠢ ᠬᠠᠪᠰᠤᠷᠤᠯᠭ᠎ᠠ ᠳᠡᠮᠵᠢᠯᠭᠡ ᠥᠵᠡᠭᠦᠯᠳᠡᠭ᠌ ᠳᠤᠳᠤᠨᠤ ᠶᠢᠨ ᠠᠠᠳᠠ 《ᠬᠦᠬᠡᠬᠤᠲᠠ ᠦᠨᠳᠦᠰᠦᠳᠠᠨ ᠤ ᠳᠡᠭᠡᠳᠤ ᠰᠤᠷᠭᠠᠭᠤᠯᠢ》 ᠰᠤᠨᠢᠨ ᠤ ᠬᠠᠷᠢᠭᠤᠴᠠᠨ ᠨᠠᠢ᠌ᠷᠠᠭᠤᠯᠠᠭᠴᠢ ᠡ᠊·ᠦᠷᠭᠡᠨ᠂ 《ᠦᠪᠣᠷ ᠮᠤᠩᠭ᠋ᠤᠯ ᠤᠨ ᠠᠮᠢᠳᠤᠷᠠᠯ ᠭᠠᠷᠠᠭ ᠤᠨ ᠰᠤᠨᠢᠨ》 ᠊ᠤ ᠵᠠᠯᠠᠭᠤ ᠨᠠᠢ᠌ᠷᠠᠭᠤᠯᠠᠭᠴᠢ ᠮᠥᠩᠭᠡᠪᠠᠶᠡᠷ᠂ ᠦᠪᠣᠷ ᠮᠤᠩᠭ᠋ᠤᠯ ᠤᠨ ᠪᠠᠭᠰᠢ ᠶᠢᠨ ᠶᠡᠭᠡ ᠰᠤᠷᠭᠠᠭᠤᠯᠢ ᠶᠢᠨ ᠣᠶᠤᠳᠠᠨ ᠮᠠᠠᠳᠠᠷᠸ᠎ᠠ᠂ ᠪᠤᠯᠦᠷᠴᠡᠴᠡᠭ᠌ ᠨᠡᠷ ᠲᠤ ᠮᠠᠰᠢᠳᠠ ᠳᠠᠯᠠᠷᠬᠠᠵᠤ ᠪᠠᠢ᠌ᠬᠤ ᠪᠠᠨ ᠢᠯᠡᠳᠭᠡᠭᠦ ᠶᠢᠨ ᠬᠠᠮᠳᠤ ᠢᠷᠠᠭᠤ ᠪᠦᠳᠦᠭᠡᠯᠭᠡ ᠶᠢᠨ ᠣᠷᠤᠯᠳᠤᠯᠭ᠎ᠠ ᠳᠤ ᠠᠩᠬᠠᠨ ᠤ ᠵᠠᠮ ᠮᠦᠷ ᠢ ᠵᠢᠭᠠᠵᠤ ᠦᠭ‍ᠭᠦᠭ᠍ᠰᠡᠨ ᠦᠨᠳᠦᠷ ᠳᠤᠮᠳᠠᠳᠤ ᠶᠢᠨ ᠭᠡᠯᠡ ᠪᠢᠴᠢᠭ᠌ ᠤᠨ ᠪᠠᠭᠰᠢ ᠳ·ᠰᠠᠴᠠᠨ᠂ ᠠᠩᠭᠢ ᠶᠢᠨ ᠡᠷᠭᠢᠯᠡᠭ᠍ᠴᠢ ᠰᠤᠷᠳᠠᠯᠳᠤ ᠪᠠᠭᠰᠢ ᠳᠤ ᠪᠠᠨ ᠣᠠᠴᠠᠭᠠᠢ᠌ᠯᠠᠨ ᠳᠠᠯᠠᠷᠬᠠᠵᠤ ᠪᠠᠢ᠌ᠭ᠎ᠠ ᠰᠡᠳᠭᠢᠯ ᠶᠢᠡᠨ ᠢᠯᠡᠳᠭᠡᠶ᠎ᠡ᠃

ᠡᠭᠦᠨ ᠤ ᠬᠠᠮᠳᠤ᠂ ᠳᠡᠭᠦᠪᠦᠷᠢ ᠭᠡᠪᠯᠡᠭᠦᠯᠭᠦ ᠳᠤ ᠳᠤᠰᠠᠯᠠᠨ ᠳᠡᠮᠵᠢᠭ᠍ᠰᠡᠨ ᠡᠯ᠎ᠡ ᠪᠠᠢ᠌ᠭᠤᠯᠭ᠎ᠠ ᠨᠢᠭᠡᠴᠡ ᠶᠢᠨ ᠬᠠᠯᠠᠭᠤᠨ ᠰᠡᠳᠭᠢᠯᠳᠤ ᠮᠤᠩᠭ᠋ᠤᠯ ᠣᠳᠤᠷᠢᠳᠤᠯᠭ᠎ᠠ᠂ ᠳᠠᠷᠠᠴᠢᠯᠠᠨ 《ᠢᠷᠠᠭᠤ ᠨᠠᠢ᠌ᠷᠠᠭ ᠤᠨ ᠣᠶᠠᠭᠠᠨ ᠤ ᠭᠠᠵᠠᠷ》 ᠶ᠋ᠢᠡᠷ ᠳᠠᠨᠢᠯᠴᠠᠵᠤ ᠨᠥᠭᠦᠷᠯᠡᠭ᠍ᠰᠡᠨ ᠪᠢᠷ ᠤᠨ ᠠᠠᠳᠠ ᠨᠡᠷ ᠵᠢᠴᠢ ᠨᠠᠮᠢ᠋ᠢ ᠦᠪᠡᠷ ᠤᠨ ᠬᠡᠦᠬᠡᠳ ᠶᠢᠡᠨ ᠰᠢᠭ᠌ ᠬᠠᠯᠠᠮᠵᠢᠯᠠᠨ ᠠᠩᠬᠠᠷᠳᠠᠭ ᠰᠠᠯᠪᠣᠷᠢ ᠶᠢᠨ ᠡᠷᠭᠢᠯᠡᠭ᠍ᠴᠢ ᠸᠸᠢ ᠰᠢᠤ ᠯᠠᠨ ᠪᠠᠭᠰᠢ᠂ ᠡᠷᠳᠡᠨᠢᠪᠢᠯᠢᠭ᠌ ᠪᠠᠭᠰᠢ᠂ ᠠᠩᠭᠢ ᠶᠢᠨ ᠡᠷᠭᠢᠯᠡᠭ᠍ᠴᠢ ᠣᠯᠠᠭᠠᠠᠳᠤᠶᠠᠭ᠎ᠠ ᠪᠠᠭᠰᠢ ᠪᠣᠯᠤᠨ ᠡᠯ᠎ᠡ ᠭᠢᠴᠢᠶᠠᠯ ᠳᠦᠷᠤᠯ ᠤᠨ ᠵᠢᠯᠤᠭᠤᠳᠤᠭᠴᠢ ᠪᠠᠭᠰᠢ ᠨᠡᠷ ᠲᠠᠭᠠᠨ ᠴᠢᠩ ᠰᠡᠳᠭᠢᠯ ᠤᠨ ᠪᠠᠶᠠᠷ ᠳᠠᠯᠠᠷᠬᠠᠯ ᠶᠢᠡᠨ ᠳᠡᠪᠰᠢᠭᠦᠯᠵᠤ ᠪᠠᠢ᠌ᠨ᠎ᠠ᠃

ᠡᠴᠦᠰ ᠲᠤ᠂ ᠣᠤᠭᠠᠨ ᠨᠤᠮ ᠮᠢᠨᠢ ᠣᠩᠰᠢᠭᠴᠢ ᠪᠣᠷᠬᠠᠤᠨ ᠤᠨ ᠭᠡᠭᠡᠨ ᠪᠢᠯᠢᠭ᠌᠂ ᠳᠤᠩᠭ᠋ᠠᠯᠠᠭ ᠣᠶᠤᠨ ᠳᠤ ᠳᠤᠯᠢᠳᠠᠭᠳᠠᠵᠤ᠂ ᠡᠷᠭᠢᠮ ᠣᠩᠰᠢᠭᠴᠢ ᠳᠠᠨ ᠤ ᠠᠯᠠᠭᠠᠨ ᠳᠤ ᠦᠪᠡᠷ ᠤᠨ ᠥᠩᠭᠡ ᠪᠠᠷ ᠶᠢᠡᠨ ᠭᠦᠷᠴᠤ ᠨᠠᠳᠠᠳᠤ ᠨᠠᠩ ᠶᠡᠭᠡ ᠢᠳᠡᠭᠡᠯ ᠵᠤᠷᠢᠭ᠂ ᠡᠷᠴᠢ ᠭᠦᠴᠤ ᠣᠯᠭᠤᠨ᠎ᠠ ᠭᠡᠳᠡᠭ᠌ ᠲᠤ ᠢᠳᠡᠭᠡᠵᠤ ᠪᠠᠢ᠌ᠨ᠎ᠠ᠃

ᠨᠤᠮ ᠤᠨ ᠴᠠᠭᠠᠨ ᠪᠣᠶᠠᠨ ᠳᠡᠯᠭᠡᠷᠡᠵᠤ ᠣᠢ᠌ᠯᠠᠰ ᠤᠨ ᠠᠷᠢᠭᠤᠨ ᠶᠢᠡᠷ ᠮᠠᠠᠳᠤᠳᠤᠭᠠᠢ᠃


ᠭᠦᠯᠳᠡᠭᠦᠤᠨ᠂ ᠬᠦᠷᠡᠯ‍ᠤ᠋ᠨᠢᠰᠤ ᠡᠴᠡ

2012 ᠣᠨ ᠤ 8 ᠰᠠᠷ᠎ᠠ ᠶᠢᠨ 20 ᠡᠳᠦᠷ


ᠵᠤᠬᠢᠶᠠᠭᠴᠢ ᠶᠢᠨ ᠬᠠ‍‌ᠶᠢᠭ ᠄ ᠬᠦᠬᠡᠬᠤᠲᠠ ᠦᠨᠳᠦᠰᠦᠳᠠᠨ ᠤ ᠳᠡᠭᠡᠳᠤ ᠰᠤᠷᠭᠠᠭᠤᠯᠢ ᠵᠤᠬᠢᠶᠠᠭᠴᠢ ᠶᠢᠨ ᠣᠳᠠᠰᠤ᠄ 15248123451

ᠵᠤᠬᠢᠶᠠᠭᠴᠢ᠄ ᠬᠦᠷᠡᠯ‍ᠤ᠋ᠨᠢᠰᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠥᠭᠥᠯᠡᠯ ᠰᠢᠭᠦᠮᠵᠢ
ᠳᠠᠷᠤᠮ᠄ 59405
ᠴᠠᠭ᠄ 2012 ᠤᠨ ᠤ 08 ᠰᠠᠷ᠎ᠠ ᠶᠢᠨ 21
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ