ᠨᠡᠪᠲᠡᠷᠡᠨ ᠤᠷᠤᠬᠤ
ᠴᠭᠠᠨ ᠮᠦᠷᠠᠨ ᠤ ᠬᠠᠰᠭᠢᠷᠤᠯ

ᠴᠠᠭ ᠨᠢ ᠪᠣᠯᠪᠠᠯ ᠴᠠᠭᠢᠯᠳᠠᠭ ᠭᠦᠭᠡᠷᠡᠳᠡᠭ᠌ ᠭᠡᠵᠤ

     ᠪᠣᠭᠤᠷᠤᠯᠴᠤᠳ ᠠᠢ᠌ᠯᠠᠳᠤᠳᠠᠭ ᠰᠢᠭ

ᠴᠠᠭ ᠲᠠᠭᠠᠨ ᠨᠢᠭᠡ ᠪᠣᠷᠤᠭ᠎ᠠ ᠣᠷᠤᠴᠢᠬᠤᠯᠠᠷ

     ᠴᠠᠭᠠᠨ ᠮᠦᠷᠠᠨ ᠮᠢᠨᠢ ᠣᠰᠤ ᠲᠡᠶ ᠪᠣᠯᠵᠠᠢ᠃

ᠡᠴᠢᠭᠡ ᠳᠡᠭ᠍ᠷᠢ ᠶᠢᠨ ᠢᠪᠠᠭᠡᠯ ᠶᠢᠡᠷ

     ᠡᠭᠡ ᠭᠤᠤᠯ ᠮᠢᠨᠢ ᠣᠷᠤᠰᠬᠠᠯ ᠵᠠᠯᠭᠠᠬᠤ ᠳᠤ

ᠡᠷᠭᠢ ᠳᠤᠬᠤᠢ᠂ ᠪᠤᠯᠦᠡᠭ᠌ ᠨᠤᠭᠤᠴᠠᠭ᠎ᠠ ᠳᠤᠨᠢ

     ᠡᠷᠭᠢᠮ ᠳᠠᠭᠢᠨᠢᠰ ᠰᠢᠭ ᠵᠢᠭᠠᠰᠤ ᠢᠷᠠᠵᠠᠢ᠃

ᠭᠤᠤᠯ ᠳᠠᠭᠠᠵᠤ ᠵᠠᠰᠠᠭᠰᠠᠨ ᠵᠠᠮ ᠳᠡᠭᠡᠷ᠎ᠡ

     ᠴᠤᠭᠯᠠᠭ᠎ᠠ ᠶᠤᠮᠰᠢᠭ ᠮᠠᠰᠢᠨ ᠢᠷᠠᠢ᠌ᠨ᠎ᠠ

ᠭᠤᠶᠠᠨ ᠳᠠᠭᠠᠨ ᠳᠤᠯᠳᠠᠯ᠎ᠠ ᠨᠢᠴᠦᠭᠦᠯᠡᠭ᠍ᠰᠡᠨ ᠭᠦᠮᠦᠰ

     ᠳᠤᠤᠷ ᠴᠢᠷᠦᠭᠡᠳ ᠵᠢᠭᠠᠰᠤ ᠪᠠᠷᠢᠨ᠎ᠠ

ᠳᠠᠭᠢᠨᠢ ᠠᠳᠠᠯᠢ ᠵᠠᠯᠠᠭᠤ ᠪᠠᠷᠢ

     ᠳᠠᠭᠠᠭᠢ ᠨᠢ ᠣᠨᠠᠭᠠᠳᠤᠢ ᠨᠢᠯᠬ᠎ᠠ ᠪᠠᠨ ᠭᠦᠳᠦᠯᠦᠭᠡᠳ

ᠠᠮᠢᠳᠠᠨ ᠪᠠᠷᠢᠬᠤ ᠶᠢ ᠵᠢᠭᠠᠵᠤ ᠪᠠᠢ᠌ᠨ᠎ᠠ

     ᠠᠯᠠᠬᠤ ᠭᠢᠳᠤᠬᠤ ᠳᠤ ᠳᠠᠰᠬᠠᠵᠤ ᠪᠠᠢ᠌ᠨ᠎ᠠ᠃

ᠵᠠᠭᠤᠨ ᠲᠦᠮᠡ ᠶᠢᠨ ᠳᠡᠷᠭᠡ ᠪᠠᠷᠢᠭᠰᠠᠨ

     ᠵᠤᠭᠤᠰ ᠲᠡᠶ ᠪᠠᠶᠠᠨ ᠤ ᠳᠠᠩᠭᠢᠯ ᠭᠦᠤ

ᠵᠥᠭᠡᠷ ᠢᠷᠡᠭ᠍ᠰᠡᠨ ᠳᠡᠭ᠍ᠷᠢ ᠶᠢᠨ ᠭᠡᠰᠢᠭ᠌ ᠭᠡᠳ

     ᠵᠢᠷᠭᠠᠬᠠᠢ ᠴᠤ ᠥᠯᠡᠳᠡᠭᠡᠭᠦ ᠦᠭᠡᠶ ᠱᠥᠭᠦᠵᠤ ᠪᠠᠢ᠌ᠨ᠎ᠠ ᠁

ᠪᠠᠷᠢᠵᠤ ᠪᠠᠢ᠌ᠬᠤ ᠳᠠᠷᠠ ᠳᠡᠷᠭᠡ ᠪᠠᠷ ᠴᠢᠨᠢ

     ᠭᠡᠳᠦᠢ ᠵᠢᠭᠠᠰᠤ ᠰᠤᠯᠢᠵᠤ ᠣᠯᠳᠠᠭ ᠪᠣᠯ ︖

ᠪᠠᠶᠠᠷᠬᠠᠵᠤ ᠭᠠᠢ᠌ᠬᠠᠭᠤᠯᠳᠠᠭ ᠳᠠᠷᠠ ᠮᠥᠩᠭᠦ ᠪᠠᠷ

     ᠪᠠᠬᠠᠨ ᠪᠣᠶᠠᠨ ᠭᠢᠴᠢᠭᠡᠵᠤ ᠪᠣᠯᠬᠤ ᠦᠭᠡᠶ ᠦᠦ ︖

ᠪᠠᠢ᠌ᠭᠠᠯᠢ ᠣᠷᠴᠢᠨ ᠶᠢᠡᠨ ᠰᠥᠢᠳᠭᠡᠭᠡᠳ ᠪᠠᠷᠠᠴᠢᠪᠠᠯ

     ᠳᠠᠷᠠᠭᠠᠴᠢ ᠶᠢᠨ ᠭᠦᠮᠦᠰ ᠶᠠᠭᠠᠭᠢᠯᠳᠠᠢ ᠴᠤ ᠪᠢᠯᠠ ︖

ᠪᠠᠬᠠᠨ ᠣᠪᠣᠭ᠎ᠠ ᠴᠠᠭᠠᠰᠤᠨ ᠵᠤᠭᠤᠰ

     ᠪᠣᠳᠠᠭ᠎ᠠ ᠬᠤᠭᠤᠯᠠ ᠶᠢ ᠣᠷᠤᠯᠠᠬᠤ ᠦᠭᠡᠶ ᠪᠠᠢ᠌ᠬ᠎ᠠ ︖

ᠠᠳᠬᠤ ᠴᠤ ᠳᠦᠭᠦᠷᠭᠦ ᠦᠭᠡᠶ ᠵᠢᠭᠠᠰᠤ ᠮᠡᠯᠡᠭᠡᠢ ᠪᠠᠷ

     ᠠᠷᠢᠭᠤᠨ ᠴᠠᠪ ᠪᠣᠯᠭᠠᠴᠢᠬᠠᠳᠠᠭ ᠭᠦᠮᠦᠰ ᠡ ︕

ᠠᠮᠢ ᠲᠡᠶ ᠪᠣᠯᠭᠠᠨ ᠢ ᠢᠳᠠᠵᠤ ᠥᠵᠡᠭᠦ ᠭᠡᠳᠡᠭ᠌

     ᠠᠳᠠᠭ ᠤᠨ ᠰᠢᠨᠤᠬᠠᠢ ᠬᠤᠪᠳᠤᠭ ᠣᠯᠤᠰ ᠡ ︕

ᠳᠠᠨᠤᠰ ᠢᠩᠭᠢᠵᠤ ᠢᠳᠡᠭ᠍ᠰᠡᠭᠡᠷ ᠪᠠᠢ᠌ᠬᠤ ᠳᠤ

     ᠳᠡᠯᠡᠭᠡᠢ ᠴᠤ ᠠᠮᠢᠳᠠᠨ ᠶᠢᠡᠷ ᠳᠤᠳᠠᠬᠤ ᠪᠠᠢ᠌ᠬᠤ ᠡ ︕

ᠬᠤᠵᠢᠮ ᠬᠣᠢ᠌ᠰᠢᠳᠠ ᠬᠤᠶᠠᠷ ᠭᠦᠯᠳᠡᠳ ᠮᠢᠨᠢ

     ᠬᠤᠭᠤᠷᠤᠠᠳᠤ ᠪᠠᠨ ᠨᠢᠭᠡᠨ ᠶᠢᠡᠨ ᠢᠳᠡᠵᠢᠭᠡᠭᠦ ᠯᠠ ᠭᠡᠷᠡᠭ᠌ ᠦᠦ︖

ᠳᠠᠭᠠᠭᠢ ᠨᠢ ᠣᠨᠠᠭᠠᠳᠤᠢ ᠳᠠᠷᠠ ᠵᠢᠭᠠᠯ

     ᠳᠠᠮᠠᠢ ᠴᠤ ᠣᠳᠠᠬᠤ ᠦᠭᠡᠶ ᠳᠤᠮᠤ ᠪᠣᠯᠤᠨ᠎ᠠ

ᠪᠠᠭ᠎ᠠ ᠡᠴᠡ ᠰᠤᠷᠤᠭᠰᠠᠨ ᠠᠯᠠᠬᠤ ᠡᠷᠳᠡᠮ ᠶᠢᠡᠨ

     ᠭᠠᠷᠭᠠᠬᠤ ᠭᠠᠵᠠᠷ ᠦᠭᠡᠶ ᠳᠡᠭᠡᠳᠦᠰ ᠶᠢᠡᠨ ᠬᠠᠷᠢᠶᠠᠨ᠎ᠠ᠃

ᠳᠠᠷᠠ ᠦᠶ᠎ᠡ ᠳᠤ ᠳᠠᠨᠤᠰ ᠭᠡᠮᠰᠢᠪᠠᠴᠤ ᠵᠠᠪᠳᠤᠬᠤ ᠦᠭᠡᠶ ᠭᠡᠵᠤ

     ᠳᠡᠨᠡᠭ᠌ ᠰᠢᠯᠦᠭ᠍ᠴᠢ ᠯᠠ ᠬᠠᠰᠭᠢᠷᠴᠤ ᠪᠠᠢ᠌ᠨᠠᠮ ︕


ᠵᠤᠬᠢᠶᠠᠭᠴᠢ ᠶᠢᠨ ᠬᠠ‍‌ᠶᠢᠭ ᠄ ᠪᠠᠭᠠᠷᠢᠨ

ᠵᠤᠬᠢᠶᠠᠭᠴᠢ᠄ ᠬᠠᠨ ᠭᠡᠨᠳᠡᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2641
ᠴᠠᠭ᠄ 2011 ᠤᠨ ᠤ 06 ᠰᠠᠷ᠎ᠠ ᠶᠢᠨ 29
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ