☆ ᠪᠦᠷᠢᠡᠪᠠᠶᠡᠷ
ᠵᠤᠭᠠᠴᠠᠮᠠᠷ ᠰᠠᠢ᠌ᠬᠠᠨ ᠳᠠᠯ᠎ᠠ ᠶᠢᠨ ᠮᠤᠩᠭ᠋ᠤᠯ ᠠᠢ᠌ᠯ
ᠳᠡᠨᠢᠭᠡᠷ ᠬᠠᠩᠭ᠋ᠠᠢ ᠨᠤᠳᠤᠭ ᠤᠨ
ᠲ᠋ᠡᠭ᠍ᠷᠢ ᠨᠢ ᠭᠦᠭᠡᠮᠳᠦᠭ᠌ ᠪᠠᠢ᠌ᠯ᠎ᠠ᠂
ᠳᠡᠯᠭᠡᠷ ᠳᠦᠷᠪᠠᠨ ᠣᠯᠠᠷᠢᠯ ᠤᠨ
ᠦᠵᠡᠮᠵᠢ ᠨᠢ ᠰᠠᠢ᠌ᠬᠠᠨ ᠪᠠᠢ᠌ᠯ᠎ᠠ᠂
ᠳᠠᠯ᠎ᠠ ᠶᠢᠨ ᠮᠤᠩᠭ᠋ᠤᠯ ᠠᠢ᠌ᠯ ᠤᠨ
ᠪᠦᠰᠡᠭᠦᠢ ᠨᠢ ᠭᠤᠶᠤ ᠪᠠᠢ᠌ᠯ᠎ᠠ᠂
ᠳᠠᠩᠰᠤᠭ ᠪᠠᠶᠠᠨ ᠠᠮᠢᠳᠤᠷᠠᠯ ᠤᠨ
ᠭᠡᠢ᠌ᠮᠦᠷᠢ ᠨᠢ ᠮᠠᠠᠳᠤᠳᠠᠭ ᠪᠠᠢ᠌ᠯ᠎ᠠ᠃
ᠡᠭᠦᠳᠡ ᠪᠠᠷ ᠨᠢ ᠭᠠᠷᠳᠠᠭ ᠭᠦᠮᠦᠰ
ᠦᠷᠦᠭᠡ ᠶᠢ ᠨᠢ ᠮᠠᠭᠳᠠᠳᠠᠭ ᠪᠠᠢ᠌ᠯ᠎ᠠ᠂
ᠡᠮᠤᠨ᠎ᠡ ᠣᠷᠤᠨ ᠤ ᠣᠯᠤᠰ
ᠲ᠋ᠤᠭᠤᠷᠢᠨ ᠠᠢ᠌ᠯᠴᠢᠯᠠᠳᠠᠭ ᠪᠠᠢ᠌ᠯ᠎ᠠ᠂
ᠡᠵᠡᠭᠦᠢ ᠭᠡᠭᠡᠷ᠎ᠡ ᠨᠤᠳᠤᠭ
ᠵᠤᠭᠠᠴᠠᠯ ᠤᠨ ᠣᠷᠤᠨ ᠪᠠᠢ᠌ᠯ᠎ᠠ᠂
ᠡᠩ ᠦᠭᠡᠶ ᠨᠤᠭᠤᠭᠠᠨ ᠳᠠᠯ᠎ᠠ
ᠵᠢᠷᠭᠠᠯ ᠤᠨ ᠳ᠋ᠸᠪᠠᠵᠠᠨ ᠪᠠᠢ᠌ᠯ᠎ᠠ᠃
ᠵᠤᠬᠢᠶᠠᠭᠴᠢ ᠶᠢᠨ ᠬᠠᠶᠢᠭ᠄ ᠭᠦᠷᠢᠶ᠎ᠡ ᠬᠤᠰᠢᠭᠤ ᠪᠠᠶᠠᠠᠬᠤᠧᠨ ᠰᠤᠮᠤ ᠭᠦᠡᠳᠦᠢ ᠭᠠᠴᠠᠭ᠎ᠠ3 ᠳ᠋ᠤᠭᠠᠷ ᠳᠤᠭᠣᠢ᠌ᠯᠠᠩ
ᠵᠤᠬᠢᠶᠠᠭᠴᠢ᠄ ᠪᠦᠷᠢᠡᠪᠠᠶᠡᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2635
ᠴᠠᠭ᠄ 2010 ᠤᠨ ᠤ 07 ᠰᠠᠷ᠎ᠠ ᠶᠢᠨ 13
ᠨᠠᠢ᠌ᠷᠠᠭᠤᠯᠤᠭᠴᠢ᠄ ᠪᠦᠬᠡᠡᠷᠳᠡᠨᠢ