ᠨᠡᠪᠲᠡᠷᠡᠨ ᠤᠷᠤᠬᠤ
ᠰᠢᠯᠦᠭ᠌ ᠤᠨ ᠮᠢᠨᠢ ᠥᠣᠷᠰᠡᠭᠡ

ᠮᠤᠩᠭ᠋ᠤᠯ ᠭᠡᠵᠤ ᠮᠢᠨᠤ ᠡᠵᠡᠨ

ᠮᠤᠷᠢ ᠭᠡᠵᠤ ᠮᠢᠨᠤ ᠣᠨᠤᠭ᠎ᠠ

ᠮᠤᠩᠭ᠋ᠤᠯ ᠢ ᠮᠤᠷᠢ ᠲᠡᠶ ᠬᠤᠯᠪᠣᠬᠤ ᠭᠡᠵᠤ

ᠮᠤᠩᠬᠠᠭ ᠪᠢ ᠰᠢᠯᠦᠭ᠌ ᠪᠢᠴᠢᠭᠡ ᠶ‍ᠦᠮ

ᠡᠵᠡᠨ ᠢ ᠣᠨᠤᠭ᠎ᠠ ᠲᠡᠶ ᠨᠢ ᠭᠡᠯᠭᠢᠭᠦ ᠭᠡᠵᠤ

ᠡᠭᠡᠯ ᠪᠢ ᠰᠢᠯᠦᠭ᠌ ᠪᠢᠴᠢᠭᠡ ᠶᠤᠮ

ᠠᠷᠠᠤᠨ ᠭᠡᠵᠤ ᠰᠢᠯᠦᠭ᠌ ᠤᠨ ᠠᠪᠣ

ᠠᠮᠢᠳᠤᠷᠠᠯ ᠭᠡᠵᠤ ᠰᠢᠯᠦᠭ᠌ ᠤᠨ ᠡᠵᠢ

ᠰᠢᠯᠦᠭ᠌ ᠤᠨ ᠠᠪᠣ ᠡᠵᠢ ᠵᠢ

ᠰᠡᠯᠡᠭᠦᠨ ᠰᠠᠢ᠌ᠨ ᠵᠢᠷᠭᠠᠭᠤᠯᠬᠤ ᠭᠡᠵᠤ

ᠰᠡᠳᠬᠢᠯ ᠤᠨ ᠣᠨᠤᠭ᠎ᠠ ᠪᠠᠨ ᠳᠠᠢ᠌ᠯᠵᠤ

ᠰᠦᠨᠠᠰᠤᠨ ᠤ ᠤᠶᠠᠩ‍ᠭ᠎ᠠ ᠪᠠᠨ ᠣᠶᠠᠩᠭ᠋ᠠᠯᠠᠭ᠎ᠠ ᠶᠤᠮ

ᠪᠢᠴᠢᠭ᠌ ᠪᠣᠯ ᠮᠢᠨᠤ ᠵᠤᠯᠠ

ᠪᠢᠷ ᠪᠣᠯ ᠮᠢᠨᠤ ᠠᠮᠠᠷᠠᠭ

ᠵᠤᠯᠠ ᠶᠢᠨ ᠪᠦᠳᠡᠭᠢ ᠭᠡᠷᠡᠯ ᠳ᠋ᠤ

ᠠᠮᠠᠷᠠᠭ ᠤᠨ ᠵᠥᠭᠡᠯᠡᠨ ᠭᠠᠷ ᠢ ᠠᠳᠬᠤᠵᠤ

ᠠᠯᠳᠠ ᠪᠠᠷ ᠴᠤ ᠰᠤᠯᠢᠰᠢ ᠦᠭᠡᠶ ᠴᠠᠭ ᠶᠢᠡᠨ ᠭᠠᠷᠤᠵᠠᠳᠠᠭᠤᠯᠵᠤ

ᠢᠨᠠᠭ ᠤᠨ ᠰᠢᠯᠦᠭ᠌ ᠶᠢᠡᠨ ᠭᠦᠦᠷᠨᠢᠭᠡ ᠶᠤᠮ

ᠭᠦᠤ ᠪᠣᠯ ᠮᠢᠨᠤ ᠭᠦᠰᠡᠯᠡᠩ

ᠭᠡᠦᠭᠡᠨ ᠪᠣᠯ ᠮᠢᠨᠤ ᠭᠦᠭᠡᠴᠡᠯᠳᠦᠭᠡ

ᠭᠦᠮᠤᠨ ᠤ ᠠᠮᠢᠳᠤᠷᠠᠯ ᠤᠨ ᠬᠠᠩᠳᠠᠭᠤᠨ ᠠᠶᠠᠯᠠᠯ ᠳ᠋ᠤ

ᠭᠦᠤ ᠦᠬᠢᠨ ᠭᠦᠰᠡᠵᠤ

ᠭᠦᠭᠡ ᠮᠤᠩᠭ᠋ᠤᠯ ᠤᠨ ᠦᠪ ᠰᠤᠶᠤᠯ ᠢ ᠵᠠᠯᠭᠠᠮᠵᠢᠯᠠᠬᠤ ᠪᠠᠷ

ᠭᠦᠯᠦᠭ᠌ ᠪᠣᠯᠤᠨ ᠥᠣᠷᠰᠡᠭᠡ ᠶᠤᠮ


ᠵᠤᠬᠢᠶᠠᠭᠴᠢ ᠶᠢᠨ ᠬᠠᠶ‍ᠢᠭ ᠄ ᠦᠪᠦᠷ ᠮᠤᠩᠭ᠋ᠤᠯ ᠤᠨ ᠶᠡᠭᠡ ᠰᠤᠷᠭᠠᠭᠤᠯᠢ

ᠵᠤᠬᠢᠶᠠᠭᠴᠢ᠄ ᠦᠯᠵᠡᠢ·ᠰᠦᠮᠪᠦᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2638
ᠴᠠᠭ᠄ 2010 ᠤᠨ ᠤ 03 ᠰᠠᠷ᠎ᠠ ᠶᠢᠨ 27
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ