ᠨᠡᠪᠲᠡᠷᠡᠨ ᠤᠷᠤᠬᠤ
ᠳᠡᠨᠢᠭᠦᠨ ᠲᠦᠰᠢᠶᠠᠳᠤ
(ᠳᠠᠭᠤᠤ ᠶᠢᠨ ᠥᠭᠡ)


ᠮᠥᠩᠭᠡ ᠬᠠᠨ ᠤ ᠪᠠᠨ ᠰᠦᠷ ᠲᠤ ᠢᠪᠠᠭᠡᠭ᠍ᠳᠡᠭ᠍ᠰᠡᠨ

ᠮᠥᠩᠭᠦᠨ ᠬᠤᠤᠯᠢᠨ ᠤ ᠪᠠᠨ ᠭᠡᠰᠢᠭ᠌ ᠶᠢᠡᠷ ᠠᠮᠢᠵᠢᠷᠠᠭᠰᠠᠨ

ᠮᠤᠩᠭ᠋ᠤᠯ ᠨᠤᠳᠤᠭ ᠤᠨ ᠠᠭᠤᠳᠠᠮ ᠢ ᠭᠠᠢ᠌ᠬᠠᠭᠤᠯᠤᠭᠰᠠᠨ

ᠮᠢᠨᠤ ᠨᠤᠳᠤᠭ ᠳᠡᠨᠢᠭᠦᠨ ᠲᠦᠰᠢᠶᠠᠳᠤ ᠮᠢᠨᠢ

ᠡᠨ ᠬᠨ ᠭᠦᠢ

ᠮᠢᠨᠤ ᠨᠤᠳᠤᠭ ᠳᠡᠨᠢᠭᠦᠨ ᠲᠦᠰᠢᠶᠠᠳᠤ

ᠪᠠᠢ᠌ᠭᠠᠯᠢ ᠳᠡᠨᠢᠭᠦᠨ ᠣᠷᠤᠨ ᠶᠤᠮ ᠳ᠋ᠠ

ᠪᠠᠳᠤᠴᠠᠭᠠᠨ ᠤ ᠱᠤᠤᠭᠢᠶ᠎ᠠ ᠲᠡᠶ ᠶᠤᠮ ᠳ᠋ᠠ


ᠨᠤᠨ ᠬᠤᠷᠴᠢᠨ ᠳᠤ ᠪᠠᠨ ᠳᠡᠷᠢᠭᠦᠨ ᠪᠠᠢ᠌ᠷᠢ ᠲᠡᠶ

ᠨᠤᠳᠤᠭ ᠣᠰᠤᠨ ᠳᠤ ᠪᠠᠨ ᠬᠠᠮᠤᠭ ᠬᠠᠢ᠌ᠷ᠎ᠠ ᠲᠡᠶ

ᠨᠤᠭᠤᠨ ᠭᠦᠪᠠᠭᠦᠤᠨ ᠲᠤ ᠪᠠᠨ ᠡᠷᠳᠡᠮ ᠤᠨ ᠵᠢᠯᠤᠭᠤ ᠳᠠᠢ

ᠮᠢᠨᠤ ᠨᠤᠳᠤᠭ ᠳᠡᠨᠢᠭᠦᠨ ᠲᠦᠰᠢᠶᠠᠳᠤ ᠮᠢᠨᠢ

ᠡᠨ ᠬᠨ ᠭᠦᠢ

ᠮᠢᠨᠤ ᠨᠤᠳᠤᠭ ᠳᠡᠨᠢᠭᠦᠨ ᠲᠦᠰᠢᠶᠠᠳᠤ

ᠰᠡᠳᠭᠢᠯ ᠳᠡᠨᠢᠭᠦᠨ ᠣᠷᠤᠨ ᠶᠤᠮ ᠳ᠋ᠠ

ᠰᠤᠳᠤᠨ ᠦᠷᠠᠰ ᠤᠨ ᠭᠦᠷᠦᠰᠤ ᠲᠡᠶ ᠶᠤᠮ ᠳ᠋ᠠ


ᠡᠭᠡ ᠭᠡᠯᠡᠨ ᠤ ᠪᠠᠨ ᠠᠶᠠᠯᠭᠤ ᠶᠢ ᠨᠡᠢ᠌ᠯᠡᠭᠦᠯᠦᠭ᠍ᠰᠡᠨ

ᠡᠶ᠎ᠡ ᠨᠠᠢ᠌ᠷᠠᠮᠳᠠᠯ ᠤᠨ ᠭᠦᠭ᠌ ᠢ ᠴᠢᠪᠬᠠᠳᠠᠭᠰᠠᠨ

ᠡᠷᠡᠨ ᠵᠠᠭᠤᠨ ᠤ ᠣᠶᠠᠩᠭ᠋᠎ᠠ ᠶᠢ ᠬᠠᠩᠭᠢᠨᠠᠭᠤᠯᠤᠭᠰᠠᠨ

ᠮᠢᠨᠤ ᠨᠤᠳᠤᠭ ᠳᠡᠨᠢᠭᠦᠨ ᠲᠦᠰᠢᠶᠠᠳᠤ ᠮᠢᠨᠢ

ᠡᠨ ᠬᠨ ᠭᠦᠢ

ᠮᠢᠨᠤ ᠨᠤᠳᠤᠭ ᠳᠡᠨᠢᠭᠦᠨ ᠲᠦᠰᠢᠶᠠᠳᠤ

ᠮᠦᠰᠢᠶᠠᠳᠤ ᠳᠡᠨᠢᠭᠦᠨ ᠣᠷᠤᠨ ᠶᠤᠮ ᠳ᠋ᠠ

ᠮᠥᠩᠭᠡ ᠶᠢᠨ ᠨᠠᠷᠠᠨ ᠤ ᠭᠢᠯᠪᠠᠭ᠎ᠠ ᠲᠡᠶ ᠶᠤᠮ ᠳ᠋ᠠ


ᠵᠤᠬᠢᠶᠠᠭᠴᠢ ᠶᠢᠨ ᠬᠠᠶ‍ᠢᠭ᠄ ᠲᠦᠰᠢᠶᠠᠳᠤ

ᠵᠤᠬᠢᠶᠠᠭᠴᠢ᠄ ᠣᠷᠭᠢᠯᠤᠮ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2635
ᠴᠠᠭ᠄ 2010 ᠤᠨ ᠤ 08 ᠰᠠᠷ᠎ᠠ ᠶᠢᠨ 17
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ