☆ ᠪᠦᠬᠡᠵᠢᠷᠭᠠᠯ
ᠵᠤᠰᠠᠯᠠᠩ ᠶᠢᠡᠨ ᠵᠢᠷᠦᠶᠡ
(ᠬᠡᠦᠬᠡᠳ ᠤᠨ ᠰᠢᠯᠦᠭ᠌)
ᠵᠢᠷᠤᠭ ᠵᠢᠷᠤᠶ᠎ᠠ
ᠵᠢᠷᠤᠭ ᠵᠢᠷᠤᠶ᠎ᠠ᠂
ᠵᠢᠷᠤᠭ ᠤᠨ ᠰᠠᠢ᠌ᠬᠠᠨ
ᠵᠤᠰᠠᠯᠠᠩ ᠶᠢᠡᠨ ᠵᠢᠷᠤᠶ᠎ᠠ︕
ᠠᠭᠢ ᠶᠢᠨ ᠦᠨᠦᠷ ᠬᠠᠩᠬᠤᠯᠤᠭᠰᠠᠨ
ᠮᠠᠩᠨᠤᠭ ᠳᠠᠯ᠎ᠠ ᠪᠠᠨ ᠵᠢᠷᠤᠶ᠎ᠠ
ᠠᠷᠭᠠᠯ ᠤᠨ ᠣᠳᠤᠭ᠎ᠠ ᠴᠤᠪᠣᠷᠠᠭᠰᠠᠨ
ᠮᠤᠩᠭ᠋ᠤᠯ ᠭᠡᠷ ᠶᠢᠡᠨ ᠵᠢᠷᠤᠶ᠎ᠠ
ᠠᠢ᠌ᠯ ᠭᠡᠷ ᠶᠢᠡᠨ ᠳᠤᠳᠤᠮᠳᠠᠭᠰᠠᠨ
ᠮᠠᠯᠴᠢᠨ ᠡᠵᠢ ᠪᠠᠨ ᠵᠢᠷᠤᠶ᠎ᠠ
ᠠᠵᠤ ᠠᠮᠢᠳᠤᠷᠠᠯ ᠢ ᠪᠠᠶᠠᠵᠢᠭᠤᠯᠤᠭᠰᠠᠨ
ᠮᠠᠯ ᠰᠦᠷᠦᠭ᠌ ᠶᠢᠡᠨ ᠵᠢᠷᠤᠶ᠎ᠠ
ᠬᠤᠷᠠᠭ᠎ᠠ ᠶᠢᠨ ᠰᠦᠷᠦᠭ᠌ ᠰᠢᠭ᠌ ᠨᠡᠭᠦᠳᠡᠯᠯᠡᠭ᠍ᠰᠡᠨ
ᠴᠠᠭᠠᠨ ᠡᠭᠦᠯᠡ ᠶᠢ ᠨᠢ ᠵᠢᠷᠤᠶ᠎ᠠ
ᠬᠤᠷ᠎ᠠ ᠶᠢᠨ ᠳᠠᠷᠠᠭ᠎ᠠ ᠭᠦᠪᠴᠢᠷᠡᠭ᠍ᠰᠡᠨ
ᠥᠩᠭᠡᠳᠤ ᠰᠤᠯᠤᠩᠭ᠎ᠠ ᠶᠢ ᠨᠢ ᠵᠢᠷᠤᠶ᠎ᠠ
ᠬᠤᠨ ᠤ ᠳᠠᠭᠤ ᠭᠠᠩᠭ᠋ᠠᠨᠠᠯᠳᠤᠭᠰᠠᠨ
ᠨᠤᠳᠤᠭ ᠤᠨ ᠨᠠᠭᠤᠷ ᠶᠢᠡᠨ ᠵᠢᠷᠤᠶ᠎ᠠ
ᠬᠤᠯᠠ ᠶᠢᠨ ᠳᠡᠷᠳᠡᠭᠡ ᠳᠤ ᠵᠤᠷᠠᠢ᠌ᠭᠰᠠᠨ
ᠳᠠᠯ᠎ᠠ ᠶᠢᠨ ᠵᠠᠮ ᠶᠢᠡᠨ ᠵᠢᠷᠤᠶ᠎ᠠ
ᠴᠡᠯᠡᠭᠡᠷ ᠭᠦᠳᠡᠭᠡ ᠪᠠᠷ ᠳᠡᠯᠭᠡᠷᠡᠭ᠍ᠰᠡᠨ
ᠥᠩᠭᠡ ᠶᠢᠨ ᠴᠡᠴᠡᠭ᠌ ᠢ ᠨᠢ ᠵᠢᠷᠤᠶ᠎ᠠ
ᠴᠡᠪᠠᠷᠭᠡᠨ ᠳᠠᠠᠵᠢ ᠪᠠᠷ ᠱᠤᠯᠤᠭᠠᠨᠠᠭᠰᠠᠨ
ᠳᠠᠯᠠᠨ ᠭᠡᠯᠡᠳᠤ ᠶᠢ ᠨᠢ ᠵᠢᠷᠤᠶ᠎ᠠ
ᠴᠤᠭᠢᠯᠭᠠᠳᠤ ᠳᠠᠭᠤᠤ ᠭᠦᠭ᠍ᠵᠢᠮᠳᠡᠭ᠍ᠰᠡᠨ
ᠭᠤᠤᠯ ᠭᠤᠷᠤᠬ᠎ᠠ ᠪᠠᠨ ᠵᠢᠷᠤᠶ᠎ᠠ
ᠴᠡᠭᠡᠵᠢ ᠳᠦᠷᠢᠨ ᠰᠥᠡᠳᠡᠷᠯᠡᠭ᠍ᠰᠡᠨ
ᠠᠭᠤᠯᠠ ᠬᠠᠢ᠌ᠷᠬᠠᠨ ᠶᠢᠡᠨ ᠵᠢᠷᠤᠶ᠎ᠠ︕
ᠵᠢᠷᠤᠭ ᠵᠢᠷᠤᠶ᠎ᠠ
ᠵᠢᠷᠤᠭ ᠵᠢᠷᠤᠶ᠎ᠠ᠂
ᠵᠢᠷᠤᠭ ᠤᠨ ᠰᠠᠢ᠌ᠬᠠᠨ
ᠵᠤᠰᠠᠯᠠᠩ ᠶᠢᠡᠨ ᠵᠢᠷᠤᠶ᠎ᠠ︕
ᠵᠤᠬᠢᠶᠠᠭᠴᠢ ᠶᠢᠨ ᠬᠠᠶᠢᠭ ᠄ ᠭᠡᠰᠢᠭ᠍ᠳᠡᠨ ᠬᠤᠰᠢᠭᠤᠨ ᠤ ᠮᠤᠩᠭ᠋ᠤᠯ ᠳᠤᠮᠳᠠᠳᠤ ᠰᠤᠷᠭᠠᠭᠤᠯᠢ
ᠵᠤᠬᠢᠶᠠᠭᠴᠢ᠄ ᠪᠦᠬᠡᠵᠢᠷᠭᠠᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2636
ᠴᠠᠭ᠄ 2010 ᠤᠨ ᠤ 04 ᠰᠠᠷ᠎ᠠ ᠶᠢᠨ 27
ᠨᠠᠢ᠌ᠷᠠᠭᠤᠯᠤᠭᠴᠢ᠄ ᠪᠦᠬᠡᠡᠷᠳᠡᠨᠢ