ᠨᠡᠪᠲᠡᠷᠡᠨ ᠤᠷᠤᠬᠤ
ᠰᠢᠯᠦᠭ᠌ ᠁

ᠰᠢᠯᠦᠭ᠌ ᠪᠣᠯ ᠮᠢᠨᠤ ᠵᠠᠭᠠᠨ ᠳᠡᠮᠳᠡᠷᠢᠭᠦ ᠭᠡᠳ

ᠰᠢᠡᠵᠢᠭ᠍ᠰᠡᠨ ᠰᠢᠷᠭᠤᠯᠵᠢ ᠶᠤᠮ


ᠰᠢᠯᠦᠭ᠌ ᠮᠢᠨᠤ ᠠᠳᠤᠭᠤ ᠬᠠᠷᠠᠬᠤ ᠭᠡᠳ

ᠰᠣᠢ᠌ᠭᠰᠠᠨ ᠰᠡᠳᠭᠢᠯ ᠶᠤᠮ


ᠰᠢᠯᠦᠭ᠌ ᠪᠣᠯ ᠮᠢᠨᠤ ᠮᠦᠷᠦᠭᠡᠳᠦᠭᠦ ᠭᠡᠰᠡᠨ

ᠠᠭᠤᠯᠠᠨ ᠤ ᠨᠢᠭᠡ ᠯᠠ ᠠᠳᠬᠤ ᠵᠡᠭᠦᠳᠤ ᠶᠤᠮ


ᠰᠢᠯᠦᠭ᠌ ᠪᠣᠯ ᠮᠢᠨᠤ ᠣᠷᠤᠰᠬᠤ ᠭᠡᠰᠡᠨ

ᠣᠰᠤᠨ ᠤ ᠨᠡᠯᠦᠭᠡᠷ ᠨᠤᠭᠤᠭᠠᠨ ᠳᠠᠯ᠎ᠠ ᠶᠤᠮ


ᠰᠢᠯᠦᠭ᠌ ᠪᠣᠯ ᠮᠢᠨᠤ ᠳᠡᠪᠳᠡᠷᠢᠭᠦ ᠭᠡᠰᠡᠨ

ᠰᠢᠪᠠᠭᠤᠨ ᠤ ᠭᠦᠭᠡ ᠴᠡᠩᠭᠡᠷ ᠳᠡᠭ᠍ᠷᠢ ᠶᠤᠮ ᠁   



ᠵᠤᠬᠢᠶᠠᠭᠴᠢ ᠶᠢᠨ ᠬᠠ‍‌ᠶᠢᠭ ᠄ ᠭᠢᠩᠭ᠋ᠠᠨ ᠤ ᠳᠤᠮᠳᠠᠳᠤ ᠬᠤᠰᠢᠭᠤ

ᠵᠤᠬᠢᠶᠠᠭᠴᠢ᠄ ᠡᠷᠳᠡᠨᠢᠪᠠᠭᠠᠨ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2641
ᠴᠠᠭ᠄ 2012 ᠤᠨ ᠤ 05 ᠰᠠᠷ᠎ᠠ ᠶᠢᠨ 02
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ