ᠨᠡᠪᠲᠡᠷᠡᠨ ᠤᠷᠤᠬᠤ
ᠰᠢᠷᠬ᠎ᠠ

ᠮᠢᠨᠤ ᠵᠢᠷᠦᠭᠡᠨ ᠤ ᠰᠢᠷᠬ᠎ᠠ ᠵᠢ

ᠮᠢᠬᠠᠨ ᠨᠢᠳᠤᠨ ᠴᠢᠨᠢ ᠥᠵᠡᠭᠦ ᠦᠭᠡᠶ᠂

ᠮᠤᠨᠢᠭ ᠴᠦᠯᠢᠰ ᠣᠴᠢᠷ ᠡᠴᠠ

ᠮᠠᠷᠴᠢᠭᠢᠨᠠᠨ ᠵᠤᠪᠠᠭᠠᠬᠤ ᠶᠢ ᠰᠡᠷᠡᠭᠦ ᠦᠭᠡᠶ᠃

ᠴᠠᠭᠠᠰᠤ ᠰᠢᠭ ᠴᠠᠭᠠᠨ ᠰᠡᠳᠬᠢᠯ ᠳᠤ ᠮᠢᠨᠢ

ᠴᠠᠪᠠ ᠊ᠭ᠍‍ᠬᠢᠷ ᠰᠠᠭᠤᠯᠭᠠᠵᠤ᠂

ᠴᠠᠢ ᠰᠢᠭ ᠠᠷᠢᠭᠤᠨ ᠰᠠᠨᠠᠭᠠᠨ ᠳᠤ ᠮᠢᠨᠢ

ᠴᠢᠠᠳᠠᠷᠤᠤ ᠪᠣᠷᠳᠠᠭ ᠣᠨᠠᠭᠠᠵᠤ ᠁

ᠡᠳᠡᠭᠡᠳᠡᠭ᠌ ᠦᠭᠡᠶ ᠰᠢᠷᠬ᠎ᠠ ᠶᠢᠨ ᠭᠤᠯᠤᠮᠳᠠ ᠵᠢ

ᠮᠢᠨᠤ ᠵᠢᠷᠦᠭᠡᠨ ᠳᠤ ᠳᠠᠷᠢᠯ᠎ᠠ ᠴᠢ᠂

ᠡᠪᠡᠳᠴᠢᠨ ᠲᠡᠶ ᠮᠢᠨᠤ ᠵᠢᠷᠦᠭᠡᠨ

ᠮᠢᠩᠭ᠋ᠠᠨ ᠬᠤᠨᠤᠭ ᠵᠤᠪᠠᠳᠠᠭ᠃

ᠴᠢᠰᠤ ᠪᠠᠷ ᠣᠭᠢᠯᠠᠳᠠᠭ ᠮᠢᠨᠤ

ᠴᠡᠭ᠍ᠴᠡᠦᠭᠡᠢ ᠶᠢᠨ ᠴᠢᠨᠡᠭᠡ ᠵᠢᠷᠦᠭᠡ ᠶᠢ᠂

ᠴᠢᠨᠤ ᠨᠢᠳᠤ ᠥᠵᠡᠳᠡᠭ᠌ ᠥᠭᠡᠢ

ᠴᠢᠮᠴᠢᠭᠢᠨᠠᠨ ᠡᠪᠠᠦᠡᠳᠡᠭ᠌ ᠢ ᠰᠡᠷᠡᠳᠡᠭ᠌ ᠴᠤ ᠦᠭᠡᠶ᠃

ᠰᠢᠯᠦᠭ᠌ ᠤᠨ ᠶᠢᠡᠨ ᠥᠶ‍ᠦᠭ᠌ ᠥᠭᠡ ᠪᠠᠷ

ᠰᠢᠷᠬ᠎ᠠ ᠶᠢᠨ ᠶᠢᠡᠨ ᠠᠩ ᠢ ᠠᠨᠠᠳᠠᠭ ᠪᠢ᠂

ᠰᠦᠨᠢ ᠰᠢᠭ᠌ ᠪᠠᠷᠠᠭᠠᠨ ᠣᠢ᠌ᠤᠠᠬᠠᠷ

ᠰᠢᠷᠬ᠎ᠠ ᠶᠢ ᠮᠢᠨᠢ ᠳᠠᠭᠢᠭᠠᠤᠨ ᠭᠡᠭ᠍ᠵᠡᠯᠡᠳᠡᠭ᠌ ᠁

ᠮᠢᠨᠤ ᠵᠢᠷᠦᠭᠡᠨ ᠤ ᠰᠢᠷᠬ᠎ᠠ ᠵᠢ

ᠮᠢᠬᠠᠨ ᠨᠢᠳᠤᠨ ᠴᠢᠨᠢ ᠥᠵᠡᠭᠦ ᠦᠭᠡᠶ᠂

ᠮᠦᠩᠭᠦᠨ ᠰᠠᠷᠠᠨ ᠤ ᠳᠤᠶᠠᠭ᠎ᠠ

ᠮᠢᠨᠤ ᠰᠤᠷᠪᠢ ᠶᠢ ᠬᠤᠴᠢᠳᠠᠭ ᠁


ᠵᠤᠬᠢᠶᠠᠭᠴᠢ ᠶᠢᠨ ᠬᠠᠶ‍ᠢᠭ᠄ ᠰᠢᠠᠵᠢᠶᠠᠩ ᠢᠯᠢ ᠵᠸᠤ ᠶᠢᠨ ᠳᠤᠷᠰᠢᠯᠳᠠ ᠶᠢᠨ ᠳᠤᠮᠳᠠᠳᠤ ᠰᠤᠷᠭᠠᠭᠤᠯᠢ

ᠵᠤᠬᠢᠶᠠᠭᠴᠢ᠄ ᠭᠠᠩᠭ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2620
ᠴᠠᠭ᠄ 2010 ᠤᠨ ᠤ 05 ᠰᠠᠷ᠎ᠠ ᠶᠢᠨ 22
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ