☆ ᠤᠶᠤᠨᠭᠡᠷᠡᠯ
ᠭᠠᠷ ᠴᠠᠭ ᠶᠢᠠᠷ ᠵᠦᠭ ᠲᠠᠨᠢᠬᠤ
ᠭᠠᠷ ᠴᠠᠭ ᠶᠢᠡᠷ ᠵᠥᠭ᠌ ᠢ ᠳᠤᠭᠳᠠᠭᠠᠵᠤ ᠳᠡᠢ᠌ᠯᠭᠦ ᠦᠦ ︖ ᠳᠠᠢ᠌ᠯᠤᠨ᠎ᠠ᠃ ᠠᠷᠭ᠎ᠠ ᠨᠢ ᠳᠣᠢ᠌ᠯ ᠤᠨ ᠭᠢᠯᠪᠠᠷ᠄ ᠳᠤᠬᠠᠢ ᠶᠢᠨ ᠴᠠᠭ ᠢ ᠬᠤᠶᠠᠷ ᠶᠢᠡᠷ ᠬᠤᠪᠢᠶᠠᠵᠤ ᠂ ᠣᠯᠤᠭᠰᠠᠨ ᠨᠤᠭᠳᠠᠪᠣᠷᠢ ᠶᠢᠨ ᠭᠡᠮᠵᠢᠭ᠍ᠳᠡᠯ ᠢ ᠴᠠᠭ ᠤᠨ ᠳᠡᠭᠡᠷᠡᠭᠢ ᠳᠤᠭ᠎ᠠ ᠲᠡᠶ ᠬᠠᠷᠭᠤᠭᠤᠯᠵᠤ᠂ ᠳᠠᠷᠠᠭ᠎ᠠ ᠨᠢ ᠡᠨᠡ ᠳᠤᠭ᠎ᠠ ᠶᠢᠨ ᠵᠢᠭᠠᠭᠰᠠᠨ ᠴᠢᠭ᠍ᠯᠡᠯ ᠢ ᠨᠠᠷᠠ ᠡᠰᠡᠷᠭᠦ ᠬᠠᠠᠳᠤᠭᠤᠯᠪᠠᠯ᠂ ᠴᠠᠭ ᠤᠨ ᠳᠡᠭᠡᠷᠡᠭᠢ 12 ᠤᠨ ᠵᠢᠭᠠᠭᠰᠠᠨ ᠴᠢᠭᠯᠡᠯ ᠨᠢ ᠳᠠᠷᠤᠢ ᠣᠮᠠᠷ᠎ᠠ᠃
ᠵᠢᠱᠢᠶᠠᠯᠠᠪᠠᠯ᠂ ᠳᠤᠬᠠᠢ ᠶᠢᠨ ᠴᠠᠭ ᠨᠢ ᠦᠳᠡ ᠶᠢᠨ ᠡᠮᠦᠨᠡᠭᠢ 10 ᠴᠠᠭ ᠪᠣᠯ᠂ 10 ᠶᠢ 2 ᠶᠢᠡᠷ ᠬᠤᠪᠢᠶᠠᠪᠠᠯ ᠨᠤᠭᠳᠠᠪᠣᠷᠢ ᠨᠢ 5 ᠪᠣᠯᠤᠨ᠎ᠠ᠃ ᠴᠠᠭ ᠤᠨ ᠳᠡᠭᠡᠷᠡᠭᠢ 5 ᠶᠢ ᠨᠠᠷᠠ ᠡᠰᠡᠷᠭᠦ ᠬᠠᠠᠳᠤᠭᠤᠯᠪᠠᠯ᠂ ᠴᠠᠭ ᠤᠨ ᠳᠡᠭᠡᠷᠡᠭᠢ 12 ᠤᠨ ᠵᠢᠭᠠᠭᠰᠠᠨ ᠴᠢᠭᠯᠡᠯ ᠨᠢ ᠳᠠᠷᠤᠢ ᠣᠮᠠᠷ᠎ᠠ ᠵᠥᠭ᠌᠃
ᠠᠩᠬᠠᠷᠬᠤ ᠨᠢ᠄ ᠭᠡᠷᠪᠡ ᠦᠳᠡ ᠶᠢᠨ ᠬᠣᠢ᠌ᠨ᠎ᠠ ᠪᠣᠯ᠂ ᠡᠷᠭᠡᠪᠰᠢ 24 ᠴᠠᠭ ᠶᠢᠡᠷ ᠳᠡᠮᠳᠡᠭᠯᠡᠭᠦ ᠠᠷᠭ᠎ᠠ ᠪᠠᠷ ᠴᠠᠭ ᠢ ᠪᠣᠳᠤᠨ᠎ᠠ᠃ ᠵᠢᠱᠢᠶᠠᠯᠠᠪᠠᠯ᠂ ᠦᠳᠡ ᠶᠢᠨ ᠬᠣᠢ᠌ᠨ᠎ᠠ 4 ᠴᠠᠭ ᠢ 16 ᠴᠠᠭ ᠶᠢᠡᠷ ᠪᠣᠳᠤᠨ᠎ᠠ᠃
ᠵᠤᠬᠢᠶᠠᠭᠴᠢ᠄ ᠤᠶᠤᠨᠭᠡᠷᠡᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠨᠵᠢᠯᠡᠭᠡ ᠮᠡᠷᠭᠡᠵᠢᠯᠳᠠᠷᠤᠮ᠄ 6064
ᠴᠠᠭ᠄ 2010 ᠤᠨ ᠤ 06 ᠰᠠᠷ᠎ᠠ ᠶᠢᠨ 02
ᠨᠠᠢ᠌ᠷᠠᠭᠤᠯᠤᠭᠴᠢ᠄ ᠪᠦᠬᠡᠡᠷᠳᠡᠨᠢ