ᠨᠡᠪᠲᠡᠷᠡᠨ ᠤᠷᠤᠬᠤ
ᠮᠢᠨᠤ ᠰᠢᠯᠦᠭ᠌

ᠪᠢᠯᠢᠭᠦᠨ ᠨᠠᠷ᠎ᠠ ᠶᠢ ᠨᠠᠳᠠᠳᠤ ᠵᠡᠭᠦᠯᠭᠡᠯ᠎ᠡ

ᠪᠢ ᠪᠠᠷᠭᠡ ᠭᠡᠴᠡᠭᠦᠳᠡᠯ᠎ᠡ

ᠪᠢᠷ ᠮᠢᠨᠢ ᠣᠨᠢᠭ᠎ᠠ ᠪᠠᠨ ᠣᠯᠬᠤ ᠥᠭᠡᠢ

ᠪᠢᠳᠠᠭᠤ ᠮᠦᠷ ᠡᠷᠢᠶᠡᠴᠡᠯ᠎ᠡ


ᠢᠷᠠᠭᠤ ᠨᠠᠢ᠌ᠷᠠᠭ ᠭᠡᠳᠡᠭ᠌ ᠢ ᠨᠢ

ᠢᠯᠳᠠᠮᠬᠠᠨ ᠶᠢᠡᠷ ᠳᠠᠨᠢᠳᠠᠭ ᠥᠭᠡᠢ

ᠭᠦᠭᠡᠷᠦᠭᠦᠢ ᠨᠢᠭᠡᠨ ᠵᠥᠭᠡᠷ ᠰᠠᠭᠤᠬᠤ ᠳ᠋ᠠᠭᠠᠨ

ᠭᠦᠰᠡᠯ ᠪᠣᠳᠤᠯ ᠶᠢᠡᠨ ᠶᠠᠷᠢᠳᠠᠭ ᠳᠠᠳᠤᠢ


ᠠᠮᠢᠳᠤᠷᠠᠯ ᠤᠨ ᠪᠠᠷᠭᠡ ᠴᠠᠭ ᠳᠤ

ᠠᠯᠢᠪᠠ ᠣᠴᠢᠷ ᠲᠤᠬᠢᠶᠠᠯᠳᠤᠳᠠᠭ ᠶᠤᠮ

ᠠᠷᠠᠵᠠ ᠪᠠᠷ ᠠᠷᠭᠠᠯᠠᠵᠤ ᠳᠡᠢ᠌ᠯᠭᠦ ᠳ᠋ᠡᠭᠡᠨ

ᠠᠭᠤᠰᠭᠢ ᠵᠢᠷᠦᠭᠡ ᠠᠭᠤᠵᠢᠮ ᠶᠤᠮ


ᠬᠠᠰᠢ ᠶᠠᠰᠢ ᠭᠡᠳᠤᠨ ᠪᠠᠳᠠᠭ ᠶᠢᠡᠨ ᠳᠠᠳᠠᠯᠠᠪᠠᠯ

ᠬᠠᠪᠳᠠᠭᠠᠢ ᠴᠡᠭᠡᠵᠢ ᠣᠩᠭ᠋ᠣᠢ᠌ᠵᠤ ᠣᠴᠢᠨ᠎ᠠ

ᠬᠠᠮᠢᠭ᠎ᠠ ᠭᠠᠵᠠᠷ ᠤᠨ ᠬᠤᠯᠠ ᠶᠢᠨ ᠨᠠᠢ᠌ᠵᠠ

ᠬᠠᠨᠢᠯᠠᠨ ᠰᠠᠭᠠᠳᠠᠭᠰᠠᠨ ᠰᠢᠭ ᠪᠣᠳᠤᠭᠳᠠᠨ᠎ᠠ


ᠰᠡᠳᠭᠢᠯ ᠭᠡᠭ᠍ᠴᠢ ᠪᠠᠳᠠᠭ ᠤᠨ ᠳᠤᠭᠠᠨ ᠳᠤ ᠪᠠᠢ᠌ᠭ᠎ᠠ ᠥᠭᠡᠢ

ᠰᠠᠮ ᠰᠠᠮ ᠤᠨ ᠣᠶᠠᠷᠠᠯ ᠳᠤ ᠰᠡᠭᠦᠳᠡᠭᠡᠨᠡᠨ ᠢᠯᠡᠷᠡᠳᠡᠭ᠌

ᠰᠡᠯᠡᠭᠦᠤ ᠴᠠᠭ ᠤᠨ ᠡᠩᠰᠡᠷᠡᠯ ᠤᠨ ᠮᠦᠴᠡ ᠪᠠᠷ

ᠰᠡᠢ᠌ᠮᠡᠭᠡᠢ ᠰᠠᠨᠠᠭ᠎ᠠ ᠪᠠᠨ ᠢᠯᠡᠳᠭᠡᠳᠡᠭ᠌ ᠶᠤᠮ


ᠪᠣᠳᠤᠯ ᠭᠦᠢᠴᠡᠪᠠᠯ ᠪᠣᠷᠬᠠᠨ ᠰᠤᠶᠤᠷᠬᠠᠨ᠎ᠠ

ᠰᠠᠨᠠᠭ᠎ᠠ ᠭᠦᠷᠦᠯᠴᠡᠪᠠᠯ ᠰᠠᠭᠢᠭᠤᠯᠰᠤᠨ ᠢᠪᠠᠭᠡᠨ᠎ᠡ

ᠪᠣᠯᠳᠠᠭ ᠦᠭᠡᠶ ᠪᠣᠯ ᠠᠯᠪᠢᠨ ᠴᠢᠳᠭᠦᠷ ᠴᠤ

ᠰᠠᠢ᠌ᠷ ᠤᠨ ᠳᠠᠯ᠎ᠠ ᠶᠢᠨ ᠨᠥᠭᠡᠨ ᠳᠤ ᠪᠣᠯᠠᠰᠢᠯᠠᠨ᠎ᠠ᠃


ᠵᠤᠬᠢᠶᠠᠭᠴᠢ ᠶᠢᠨ ᠬᠠ‍‌ᠶᠢᠭ ᠄ ᠭᠢᠩᠭ᠋ᠠᠨ ᠤ ᠲᠦᠰᠢᠶᠠᠳᠤ

ᠵᠤᠬᠢᠶᠠᠭᠴᠢ᠄ ᠡᠰᠨᠢᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2639
ᠴᠠᠭ᠄ 2012 ᠤᠨ ᠤ 02 ᠰᠠᠷ᠎ᠠ ᠶᠢᠨ 11
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ