ᠨᠡᠪᠲᠡᠷᠡᠨ ᠤᠷᠤᠬᠤ
ᠡᠪᠦᠯ ᠤᠨ ᠴᠠᠰᠤ ᠣᠷᠤᠯ᠎ᠠ

ᠥᠨᠡᠭᠡᠨ ᠤ ᠮᠦᠷ ᠮᠦᠷᠳᠡᠳᠡᠭ᠌ ᠡᠪᠦᠭᠡᠳ ᠶᠠᠭᠠᠭᠢᠯ᠎ᠠ

ᠣᠢ᠌ᠯᠠ ᠣᠳᠠᠰᠤ ᠪᠠᠨ ᠪᠠᠷᠢᠳᠠᠭ ᠡᠮᠡᠭᠡᠳ ᠶᠠᠭᠠᠭᠢᠯ᠎ᠠ

ᠣᠢ᠌ᠮᠤᠰᠤ ᠣᠯᠠᠯᠳᠠᠭ ᠭᠠᠷ ᠨᠢᠭᠡ ᠥᠭᠡᠢ᠌ᠯᠡᠭ᠍ᠳᠡᠨ᠎ᠡ

ᠣᠢ᠌ᠯᠠᠵᠤ ᠰᠤᠷ ᠵᠥᠰᠦᠳᠡᠭ᠌ ᠭᠢᠳᠤᠭ᠎ᠠ ᠨᠢᠭᠡ ᠥᠭᠡᠢ᠌ᠯᠡᠭ᠍ᠳᠡᠨ᠎ᠡ᠃

     ᠡᠪᠦᠯ ᠣᠷᠤᠯ᠎ᠠ᠂ ᠴᠠᠰᠤ ᠣᠷᠤᠯ᠎ᠠ︕

ᠬᠣᠢ᠌ᠬ᠎ᠠ ᠶᠢᠨ ᠦᠰᠦᠨ ᠳᠤ ᠭᠢᠷᠠᠭᠤ ᠪᠠᠭᠤᠬᠤᠯ᠎ᠠ

ᠬᠣᠢ᠌ᠮᠤᠷ ᠰᠠᠭᠤᠳᠠᠭ ᠠᠪᠣ ᠮᠢᠨᠢ ᠳᠤᠷᠠᠰᠤᠭᠳᠠᠨ᠎ᠠ᠂

ᠬᠤᠯᠠ ᠶᠢᠨ ᠳᠡᠷᠭᠡᠯ ᠭᠦᠳᠡᠭᠡ ᠪᠠᠨ ᠪᠣᠳᠤᠬᠤᠯ᠎ᠠ

ᠬᠣᠢ᠌ᠷᠮᠠᠭ ᠵᠠᠭᠤᠷᠠᠳᠠᠭ ᠡᠵᠢ ᠮᠢᠨᠢ ᠰᠠᠨᠠᠭᠳᠠᠨ᠎ᠠ᠃

    ᠡᠪᠦᠯ ᠣᠷᠤᠯ᠎ᠠ᠂ ᠴᠠᠰᠤ ᠣᠷᠤᠯ᠎ᠠ᠃

ᠠᠰᠠᠷ ᠤᠨ ᠳᠤᠯᠠᠭᠠᠨ ᠳᠤ ᠠᠮᠤᠷ ᠭᠡᠪᠳᠡᠭᠦᠯ᠎ᠡ

ᠠᠯᠤᠰ ᠲᠤ ᠪᠠᠢ᠌ᠭ᠎ᠠ ᠮᠠᠯᠴᠢᠳ ᠵᠡᠭᠦᠳᠦᠯᠡᠭ᠍ᠳᠡᠨ᠎ᠡ᠃

ᠠᠰᠠᠭᠠᠭᠰᠠᠨ ᠭᠤᠯᠤᠮᠳᠠ ᠪᠠᠨ ᠮᠠᠨᠠᠶ᠎ᠠ ᠭᠡᠭᠦᠯ᠎ᠡ

ᠠᠷᠠᠭᠠᠯᠵᠢᠨ ᠤ ᠳᠤᠤᠷ ᠰᠢᠭ ᠪᠦᠭᠡᠮᠳᠦᠷ ① ᠵᠡᠭᠦᠭ᠍ᠳᠡᠨ᠎ᠡ᠃

    ᠡᠪᠦᠯ ᠣᠷᠤᠯ᠎ᠠ᠂ ᠴᠠᠰᠤ ᠣᠷᠤᠯ᠎ᠠ᠃


ᠪᠦᠭᠡᠮᠳᠦᠷ ᠊᠊᠊᠊᠊᠊᠊᠊᠊᠊᠊᠊᠊᠊᠊ ᠳᠤᠭᠤᠯ ᠤᠨ ᠪᠦᠴᠠ


      2010.12.5


ᠵᠤᠬᠢᠶᠠᠭᠴᠢ ᠶᠢᠨ ᠬᠠ‍‌ᠶᠢᠭ ᠄ ᠬᠤᠪᠣᠭᠰᠠᠢ᠌ᠷᠢ

ᠵᠤᠬᠢᠶᠠᠭᠴᠢ᠄ ᠴᠥ᠊·ᠪᠣᠯᠤᠤᠠᠪᠠᠳᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2645
ᠴᠠᠭ᠄ 2010 ᠤᠨ ᠤ 12 ᠰᠠᠷ᠎ᠠ ᠶᠢᠨ 22
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ