☆ ᠭᠦᠷᠵᠡᠪ
ᠰᠢᠨ᠎ᠠ ᠵᠢᠯ ᠪᠣᠶᠤ ᠴᠠᠰᠤ
ᠡᠨᠡ ᠡᠳᠦᠷ ᠪᠣᠯ 2011 ᠣᠨ ᠤ ᠬᠠᠮᠤᠭ ᠰᠡᠭᠦᠯᠴᠢ ᠶᠢᠨ ᠨᠢᠭᠡᠨ ᠡᠳᠦᠷ᠃ ᠣᠳᠤ ᠦᠳᠡᠰᠢ ᠶᠢᠨ ᠳᠤᠯᠤᠭᠠᠨ ᠴᠠᠭ ᠪᠣᠯᠵᠤ ᠪᠠᠢ᠌ᠨ᠎ᠠ᠃
ᠰᠠᠶᠢᠬᠠᠨ ᠪᠢ ᠨᠤᠳᠤᠭ ᠣᠷᠤᠭᠤ ᠪᠠᠨ ᠣᠳᠠᠰᠤᠳᠠᠵᠤ᠂ ᠴᠠᠭ ᠠᠭᠠᠷ᠂ ᠠᠭᠤᠷ ᠠᠮᠢᠰᠬᠤᠯ ᠤᠨ ᠪᠠᠢ᠌ᠳᠠᠯ ᠢ ᠠᠰᠠᠭᠤᠭᠰᠠᠨ ᠳᠤ᠂ ᠮᠠᠨ ᠤ ᠭᠢᠨ ᠄ 《ᠡ᠊ᠨᠳᠡ (ᠵᠡᠭᠦᠨ ᠦᠵᠦᠮᠤᠴᠢᠨ ᠳᠤ) ᠴᠠᠰᠤ ᠣᠷᠤᠵᠤ ᠪᠠᠢ᠌ᠨ᠎ᠠ》 ᠭᠡᠵᠤ ᠶᠠᠷᠢᠵᠤ ᠪᠠᠢ᠌ᠯ᠎ᠠ᠃
ᠴᠠᠰᠤ ᠣᠷᠤᠵᠤ ᠪᠠᠢ᠌ᠨ᠎ᠠ ︕ ᠁ ᠶᠠᠭᠠᠭᠢᠭᠰᠠᠨ ᠰᠠᠢ᠌ᠬᠠᠨ ᠪᠣᠢ ⁈ ᠬᠦᠬᠡᠬᠤᠲᠠ ᠳᠤ ᠴᠠᠰᠤ ᠣᠷᠤᠭ ᠭᠡᠵᠤ ᠪᠢᠳᠠ ᠨᠢᠭᠡ ᠡᠪᠦᠯ ᠶᠢᠡᠷ ᠶᠢᠡᠨ ᠭᠦᠰᠡᠭᠡᠳ ᠨᠢᠭᠡ ᠴᠤ ᠴᠠᠰᠤ ᠣᠷᠤᠭᠰᠠᠨ ᠦᠭᠡᠶ᠂ ᠳᠤᠳᠤᠷ᠎ᠠ ᠳᠠᠩᠳᠠ ᠤᠢ᠌ᠳᠬᠠᠷᠯᠠᠭᠠᠤᠨ ᠯᠠ ᠪᠠᠢ᠌ᠬᠤ ᠶᠤᠮ ︕ ᠳᠤᠯᠤᠭᠠᠢ ᠳᠦᠷᠦᠭᠦᠤ ᠳᠡᠩᠳᠡᠭᠦᠤ ᠳᠦᠨᠡᠷᠡᠭᠡᠳ ᠯᠠ ᠪᠠᠢ᠌ᠬᠤ ᠶᠤᠮ ︕
ᠮᠤᠩᠭ᠋ᠤᠯ ᠨᠤᠳᠤᠭ ᠲᠤ ᠮᠢᠨᠢ ᠰᠢᠨ᠎ᠠ ᠵᠢᠯ᠂ ᠴᠠᠭᠠᠨ ᠰᠠᠷ᠎ᠠ ᠪᠣᠯᠬᠤ ᠪᠦᠷᠢ ᠵᠠᠪᠠᠯ ᠨᠢᠭᠡ ᠴᠠᠰᠤ ᠣᠷᠤᠵᠤ ᠠᠪᠳᠠᠭ ᠨᠢ ᠮᠤᠩᠭ᠋ᠤᠯ ᠨᠤᠳᠤᠭ ᠤᠨ ᠮᠢᠨᠢ ᠭᠦᠮᠤᠨ ᠠᠷᠠᠤᠨ ᠤᠨ ᠴᠠᠢ᠌ᠯᠭᠠᠨ ᠴᠠᠭᠠᠠᠬᠠᠨ᠂ ᠦᠨᠡᠠᠴᠢ ᠰᠥᠰᠦᠭᠯᠢᠭ᠌ ᠡᠴᠡ ᠪᠣᠯᠤᠯ᠎ᠠ ᠭᠡᠵᠤ ᠪᠢ ᠭᠡᠵᠢᠶᠡᠳᠡ ᠪᠣᠳᠤᠳᠠᠭ᠃
ᠴᠠᠰᠤ ᠣᠷᠤᠬᠤ ᠭᠡᠵᠤ ᠰᠠᠢ᠌ᠬᠠᠨ ᠶᠤᠮ ᠳ᠋ᠠ ︕
ᠴᠠᠰᠤ ᠣᠷᠤᠬᠤᠯᠠᠷ ᠭᠦᠮᠤᠨ ᠠᠷᠠᠤᠨ ᠪᠠᠶᠠᠰᠤᠨ᠎ᠠ᠂ ᠬᠡᠦᠬᠡᠳ ᠪᠠᠭᠠᠴᠤᠳ ᠭᠦᠭᠡᠷᠤᠨ᠎ᠡ᠂ ᠡᠭᠡ ᠳᠡᠯᠡᠭᠡᠢ ᠪᠠᠶᠠᠰᠤᠨ᠎ᠠ᠂ ᠡᠯᠳᠡᠪ ᠠᠮᠢᠳᠠᠤᠨ ᠳᠡᠪᠭᠡᠷᠦᠯᠴᠡᠨᠡ ︕ ᠁
ᠴᠠᠰᠤ ᠣᠷᠤᠬᠤ ᠭᠡᠵᠤ ᠰᠠᠢ᠌ᠬᠠᠨ ᠶᠤᠮ ᠳ᠋ᠠ ︕
ᠴᠠᠰᠤ ᠣᠷᠤᠬᠤᠯᠠᠷ ᠬᠠᠷ᠎ᠠ ᠭᠠᠵᠠᠷ ᠴᠠᠭᠠᠨ ᠪᠣᠯᠤᠨ᠎ᠠ᠂ ᠬᠠᠭᠠᠯᠭ᠎ᠠ ᠡᠭᠦᠳᠡ ᠳᠤᠭᠤᠰᠤ ᠪᠠᠨ ᠭᠡᠭᠡᠨ᠎ᠡ᠂ ᠬᠠᠮᠤᠭ ᠭᠤᠤᠯᠳᠠᠤᠨ ᠤᠨ ᠵᠤ᠋ ᠳᠠᠨᠢ᠌ᠨᠡ᠂ ᠬᠠᠯᠠᠭᠤᠨ ᠰᠢᠷᠤᠢ ᠶᠢᠨ ᠮᠢᠨᠢ ᠭᠦᠷᠦᠰᠤ ᠰᠢᠮᠠᠵᠢᠨᠡ ︕
ᠴᠠᠰᠤ ᠣᠷᠤᠬᠤ ᠭᠡᠵᠤ ᠰᠠᠢ᠌ᠬᠠᠨ ᠶᠤᠮ ᠳ᠋ᠠ ︕
ᠴᠠᠰᠤ ᠣᠷᠤᠬᠤᠯᠠᠷ ᠰᠢᠪᠠᠭᠤᠳ ᠤᠨ ᠦᠳᠦ ᠰᠡᠷᠭᠦᠨ᠎ᠡ᠂ ᠰᠢᠭᠤᠢ ᠶᠢᠨ ᠴᠢᠭᠢ ᠰᠤᠨᠤᠷᠵᠢᠨᠠ ︕ ᠮᠤᠳᠤᠳ ᠤᠨ ᠰᠠᠯᠠᠭ᠎ᠠ ᠠᠮᠢᠵᠢᠨᠡ᠂ ᠮᠤᠷᠢᠳ ᠤᠨ ᠳᠤᠭᠤᠷᠠᠢ ᠴᠠᠪᠠᠷᠵᠢᠨᠠ ︕
ᠴᠠᠰᠤ ᠣᠷᠤᠬᠤ ᠭᠡᠵᠤ ᠰᠠᠢ᠌ᠬᠠᠨ ᠶᠤᠮ ᠳ᠋ᠠ ︕ ᠰᠢᠨ᠎ᠡ ᠵᠢᠯ ᠤᠨ ᠰᠢᠨ᠎ᠡ ᠶᠢᠨ ᠨᠢᠭᠡᠨ ᠳᠤ ᠴᠠᠰᠤ ᠣᠷᠤᠬᠤ ᠭᠡᠵᠤ ᠨᠠᠩ ᠴᠤ ᠰᠠᠢ᠌ᠬᠠᠨ᠂ ᠁ ᠰᠠᠢ᠌ᠬᠠᠨ ᠡᠴᠡ ᠰᠠᠢ᠌ᠬᠠᠨ ᠶᠤᠮ ᠳ᠋ᠠ ︕ ᠰᠠᠢ᠌ᠨ ᠰᠠᠢ᠌ᠬᠠᠨ ᠤ ᠪᠠᠯᠭᠡᠳᠡᠯ᠂ ᠰᠠᠢ᠌ᠵᠠᠷᠠᠨ ᠥᠭᠡᠳᠡᠯᠡᠭᠦ ᠶᠢᠨ ᠳᠠᠮᠠᠤᠯᠠᠯ ᠊᠊᠊᠊᠊᠊᠊᠊᠊᠊᠊᠊᠊᠊᠊ ᠳᠠᠷᠠ ᠶᠤᠮ ᠳ᠋ᠠ ︕ ᠁
2012 ᠣᠨ ᠭᠡᠵᠤ ᠪᠠᠰᠠ ᠨᠢᠭᠡᠨ ᠥᠩᠭᠡ ᠲᠡᠶ ᠥᠭᠡᠳᠡ ᠲᠡᠶ᠂ ᠦᠯᠵᠡᠢ ᠲᠡᠶ ᠳᠠᠮᠪᠠᠷᠠᠯ ᠲᠡᠶ᠂ ᠪᠠᠶᠠᠨ ᠳᠠᠷᠭᠤᠨ᠂ ᠪᠠᠶᠠᠰᠤᠯ ᠳᠡᠪᠭᠡᠷᠦᠯ ᠲᠡᠶ ᠵᠢᠯ ᠪᠣᠯᠬᠤ ᠨᠢ ᠳ᠋ᠠ ︕ ᠁
2012 ᠣᠨ ᠤ ᠰᠢᠨ᠎ᠡ ᠵᠢᠯ ᠤᠨ ᠰᠢᠨ᠎ᠡ ᠶᠢᠨ ᠨᠢᠭᠡᠨ ᠤ ᠳᠦᠷᠦᠭᠦᠤ ᠦᠳᠡᠰᠢ᠂ ᠬᠦᠬᠡᠬᠤᠲᠠᠨ᠎ᠡ
ᠵᠤᠬᠢᠶᠠᠭᠴᠢ ᠶᠢᠨ ᠬᠠᠶᠢᠭ ᠄ ᠬᠦᠬᠡᠬᠤᠲᠠ ᠶᠢᠨ ᠦᠨᠳᠦᠰᠦᠳᠠᠨ ᠤ ᠳᠤᠷᠰᠢᠯᠳᠠ ᠶᠢᠨ ᠰᠤᠷᠭᠠᠭᠤᠯᠢ
ᠵᠤᠬᠢᠶᠠᠭᠴᠢ᠄ ᠭᠦᠷᠵᠡᠪ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠨᠠᠢᠷᠠᠭᠤᠯᠤᠯᠳᠠᠷᠤᠮ᠄ 6180
ᠴᠠᠭ᠄ 2012 ᠤᠨ ᠤ 01 ᠰᠠᠷ᠎ᠠ ᠶᠢᠨ 10
ᠨᠠᠢ᠌ᠷᠠᠭᠤᠯᠤᠭᠴᠢ᠄ ᠪᠦᠬᠡᠡᠷᠳᠡᠨᠢ