☆ ᠵᠦᠩ
ᠨᠤᠳᠤᠭ ᠤᠨ ᠮᠢᠨᠢ ᠪᠠᠢ᠌ᠭᠠᠯᠢ ᠣᠴᠢᠷᠳᠠᠢ ᠪᠠᠢ᠌ᠵᠠᠢ
ᠮᠥᠯᠭᠦᠵᠤ ᠪᠠᠢ᠌ᠵᠤ ᠪᠣᠰᠤᠭᠠᠤᠨ ᠪᠢ
ᠮᠦᠴᠢᠳᠤ ᠳᠦᠷᠪᠠᠨ ᠭᠦᠯᠳᠡᠨ ᠡᠴᠠ ᠰᠠᠯᠬᠤ ᠳ᠋ᠤ
ᠮᠥᠩᠭᠡ ᠶᠢᠨ ᠢᠪᠠᠭᠡᠯ ᠲᠡᠶ ᠳᠠᠷᠠ ᠯᠠ ᠭᠦᠷᠦᠰᠤ
ᠮᠦᠷ ᠶᠢᠡᠷ ᠮᠢᠨᠢ ᠳᠠᠮᠠᠭᠠᠯᠠᠭᠰᠠᠨ ᠶᠤᠮ
ᠣᠷᠭᠤᠬᠤ ᠨᠠᠷᠠᠨ ᠤ ᠳᠡᠪᠢᠰᠭᠡᠷ ᠪᠣᠯᠤᠭᠰᠠᠨ ᠳᠠᠷᠠ ᠯᠠ ᠳᠠᠯ᠎ᠠ ᠳ᠋ᠤ
ᠣᠬᠠᠭᠠᠨ ᠪᠠᠶ᠎ᠠ ᠬᠤᠶᠠᠷ ᠮᠢᠨᠢ ᠪᠣᠢ᠌ᠵᠢᠭᠰᠠᠨ
ᠦᠯᠵᠠᠢ ᠬᠡ ᠰᠢᠭ᠌ ᠴᠤᠪᠣᠭ᠎ᠠ ᠶᠢ ᠨᠢ ᠳᠠᠭᠠᠵᠤ ᠭᠦᠶᠦᠵᠤ
ᠦᠨᠡᠨ ᠤ ᠬᠤᠷᠸ᠎ᠠ ᠲᠡᠶ ᠭᠦᠯ ᠨᠡᠢ᠌ᠯᠡᠭ᠍ᠰᠡᠨ ᠶᠤᠮ ᠪᠢ
ᠮᠠᠩᠬᠠᠨ ᠳᠠᠯᠠᠢ ᠳ᠋ᠤᠨᠢ ᠠᠶᠠᠯᠠᠵᠤ
ᠮᠠᠴᠤᠵᠤ ᠪᠠᠭᠤᠵᠤ ᠪᠠᠢ᠌ᠵᠤ ᠪᠢ ᠵᠠᠮ ᠶᠢᠡᠨ ᠣᠯᠤᠭᠰᠠᠨ
ᠮᠠᠨᠠᠨ ᠪᠣᠳᠠᠩ ᠤᠨ ᠳᠤᠮᠳᠠᠭᠤᠷ ᠨᠢ
ᠳᠦᠭᠡᠷᠢᠵᠤ ᠭᠦᠶᠦᠵᠤ ᠪᠠᠢ᠌ᠵᠤ ᠵᠥᠭ᠌ ᠶᠢᠡᠨ ᠣᠯᠤᠭᠰᠠᠨ ᠶᠤᠮ ᠪᠢ
ᠪᠣᠳᠠᠨ ᠤ ᠳᠤᠮᠳᠠᠭᠤᠷ ᠭᠦᠮᠤᠨ ᠤ ᠬᠣᠢ᠌ᠨ᠎ᠠ ᠶᠠᠪᠣᠬᠤ ᠳ᠋ᠤ
ᠪᠣᠰᠢᠭᠤ ᠶᠠᠪᠣ ᠪᠣᠰᠢᠭᠤ ᠶᠠᠪᠣ ᠭᠡᠵᠤ
ᠪᠣᠷᠭᠠᠰᠤ ᠨᠢ ᠭᠦᠷᠳᠡᠯ᠎ᠡ ᠨᠠᠮ᠎ᠠ ᠶᠢ ᠰᠢᠪᠠᠳᠠᠵᠤ
ᠪᠣᠰᠤᠳ ᠡᠴᠠ ᠪᠣᠤ ᠬᠤᠴᠤᠷ ᠭᠡᠵᠤ ᠰᠤᠷᠭᠠᠳᠠᠭ ᠪᠠᠢ᠌ᠵᠠᠢ
ᠨᠢᠴᠦᠭᠦᠨ ᠭᠦᠯ ᠶᠢᠡᠷ ᠠᠶᠠᠯᠠᠬᠤ ᠳ᠋ᠤ
ᠨᠢᠭᠦᠯᠳᠡᠢ ᠳᠠᠮᠤᠷ ᠵᠠᠩᠭ᠋ᠤᠤ ᠣᠯᠠ ᠶᠢ ᠮᠢᠨᠢ ᠬᠠᠳᠬᠤᠪᠠ
ᠳᠠᠪᠠ ᠪᠠᠷ ᠪᠢᠳᠡᠭᠡᠢ ᠶᠠᠪᠣ ᠳᠠᠪᠠ ᠪᠠᠷ ᠪᠢᠳᠡᠭᠡᠢ ᠶᠠᠪᠣ
ᠳᠠᠮᠤ ᠭᠡᠵᠤ ᠪᠠᠢ᠌ᠬᠤ ᠶᠤᠮ᠂ ᠳᠠᠨᠢ ᠳᠠᠨᠢ ᠭᠡᠵᠤ ᠰᠤᠷᠭᠠᠳᠠᠭ ᠪᠠᠢ᠌ᠵᠠᠢ
ᠨᠢᠭᠡᠯᠡ ᠶᠡᠭᠡ ᠡᠪᠠᠷᠰᠢᠶᠡᠭᠦ ᠳᠤ ᠣᠯᠠ ᠪᠠᠨ ᠪᠢ ᠦᠵᠡᠨ᠎ᠡ
ᠨᠢᠯ ᠨᠢᠯ ᠬᠠᠯᠠᠭᠤᠨ ᠴᠢᠰᠤ ᠳᠤᠰᠤᠯᠠᠵᠤ ᠪᠠᠢ᠌ᠯ᠎ᠠ
ᠨᠡᠭᠡᠯ ᠬᠠᠳᠠᠭᠤ ᠪᠠᠢ ᠭᠡᠵᠤ ᠨᠠᠮ᠎ᠠ ᠶᠢ ᠵᠠᠭᠢᠭᠰᠠᠨ ᠪᠣᠯᠬᠤᠷ
ᠨᠢᠯᠪᠣᠰᠤᠨ ᠳᠤᠰᠤᠯ ᠶᠢᠡᠨ ᠪᠢ ᠴᠢᠰᠤᠨ ᠳᠤᠰᠤᠯ ᠡᠴᠠ ᠢᠯᠡᠭᠦᠤ ᠪᠠᠷ ᠬᠠᠷᠠᠮᠯᠠᠬᠤ ᠪᠣᠯᠤᠭᠰᠠᠨ ᠶᠤᠮ
ᠨᠠᠩᠭᠢ ᠵᠠᠩᠭ᠋ᠤᠤ ᠰᠢᠷᠬᠤᠨᠠᠭ ᠲᠤ ᠰᠢᠭᠢᠤᠠᠴᠤ
ᠨᠣᠢ᠌ᠳᠠᠨ ᠬᠠᠮᠬᠤᠤᠯ ᠰᠢᠯᠪᠢ ᠶᠢ ᠣᠷᠢᠶᠠᠵᠤ
ᠰᠠᠨᠠᠭ᠎ᠠ ᠪᠠᠷ ᠪᠣᠯᠳᠠᠭ ᠦᠭᠡᠶ ᠳᠦᠭᠡᠷᠢᠭᠡ
ᠰᠠᠭᠠᠤᠨ ᠲᠡᠶ ᠰᠠᠭᠠᠷ ᠲᠡᠶ ᠣᠢ᠌ᠯᠠᠷ ᠢ ᠭᠡᠯᠡᠭᠡᠳ ᠪᠠᠢ᠌ᠭᠰᠠᠨ ᠪᠠᠢ᠌ᠵᠠᠢ
ᠥᠭᠡᠳᠡ ᠳᠠᠪᠠᠵᠤ ᠣᠷᠤᠢ ᠳᠤ ᠭᠠᠷᠬᠤ ᠳ᠋ᠤ
ᠣᠷᠤᠭᠤ ᠪᠠᠭᠤᠵᠤ ᠬᠤᠳᠤᠭᠤᠷ ᠲᠤ ᠣᠷᠤᠬᠤ ᠳ᠋ᠤ
ᠥᠭ᠍ᠰᠦᠭᠦ ᠣᠷᠤᠭᠤᠳᠠᠬᠤ ᠠᠮᠢᠳᠤᠷᠠᠯ ᠢ
ᠦᠯᠢᠭᠡᠷ ᠪᠣᠯᠭᠠᠵᠤ ᠭᠡᠯᠡᠭᠡᠳ ᠯᠠ ᠪᠠᠢ᠌ᠵᠠᠢ
ᠬᠠᠢ᠌ᠯ ᠣᠷᠤᠰᠬᠤ ᠳ᠋ᠤ
ᠬᠠᠪᠣᠷ ᠤᠨ ᠨᠤᠭᠤᠭ᠎ᠠ ᠴᠤᠬᠣᠢ᠌ᠳᠠᠭ
ᠭᠢᠷᠠᠭᠤ ᠪᠠᠭᠤᠬᠤ ᠳ᠋ᠤ
ᠡᠪᠠᠰᠤᠨ ᠳᠤᠯᠤᠭᠠᠢ ᠰᠢᠷᠭᠠᠯᠳᠤᠳᠠᠭ
ᠬᠠᠨ ᠬᠤᠷᠸ᠎ᠠ ᠶᠢᠨ ᠥᠩᠭᠡ ᠳᠠᠢ᠌ᠮᠤ ᠪᠠᠢ᠌ᠳᠠᠭ ᠢ
ᠬᠠᠷ᠎ᠠ ᠪᠠᠭ᠎ᠠ ᠨᠠᠰᠤᠨ ᠡᠴᠠ ᠮᠢᠨᠢ ᠭᠡᠯᠡᠭᠡᠳ ᠯᠠ ᠪᠠᠢ᠌ᠵᠠᠢ
ᠳᠠᠯ᠎ᠠ ᠨᠢ ᠠᠭᠤᠳᠠᠮ ᠪᠣᠯᠬᠤᠷ
ᠣᠬᠠᠭᠠᠨ ᠶᠢᠡᠨ ᠠᠭᠤᠵᠢᠮ ᠪᠣᠯᠭ᠎ᠠ ᠭᠡᠵᠤ ᠵᠠᠭᠢᠳᠠᠭ ᠪᠠᠢ᠌ᠵᠠᠢ
ᠳᠡᠭ᠍ᠷᠢ ᠨᠢ ᠴᠡᠩᠭᠡᠷ ᠪᠣᠯᠬᠤᠷ
ᠪᠣᠳᠤᠯ ᠶᠢᠡᠨ ᠰᠠᠷᠠᠭᠤᠯ ᠪᠣᠯᠭ᠎ᠠ ᠭᠡᠵᠤ ᠵᠠᠭᠢᠳᠠᠭ ᠪᠠᠢ᠌ᠵᠠᠢ
ᠠᠷᠭᠠᠯ ᠤᠨ ᠴᠡᠩᠭᠡᠷ ᠣᠳᠤᠭ᠎ᠠ ᠪᠠᠨ
ᠳᠤᠯᠭᠠᠨ ᠡᠴᠠ ᠪᠠᠨ ᠥᠨᠦᠷᠳᠡᠭᠦ ᠳᠤᠷᠠᠳᠠᠢ
ᠠᠷᠴᠠᠨ ᠤ ᠠᠷᠢᠭᠤᠨ ᠦᠨᠦᠷ ᠵᠢᠠᠨ
ᠭᠤᠪᠢ ᠡᠴᠠ ᠪᠠᠨ ᠠᠮᠢᠰᠬᠤᠬᠤ ᠳᠤᠷᠠᠳᠠᠢ ᠪᠣᠯᠭᠠᠵᠤ
ᠨᠤᠳᠤᠭ ᠤᠨ ᠮᠢᠨᠢ ᠪᠠᠢ᠌ᠭᠠᠯᠢ ᠵᠠᠭᠢᠳᠠᠭ ᠪᠣᠯᠬᠤᠷ
ᠨᠤᠳᠤᠭ ᠤᠨ ᠮᠢᠨᠢ ᠪᠠᠢ᠌ᠭᠠᠯᠢ ᠣᠴᠢᠷᠳᠠᠢ ᠪᠠᠢ᠌ᠵᠠᠢ
ᠵᠤᠬᠢᠶᠠᠭᠴᠢ ᠶᠢᠨ ᠬᠠᠶᠢᠭ᠄ ᠣᠩᠨᠢᠭᠤᠳ ᠬᠤᠰᠢᠭᠤᠨ ᠤ ᠬᠠᠢ᠌ᠯᠠᠰᠤ ᠳᠤᠮᠳᠠᠳᠤ ᠰᠤᠷᠭᠠᠭᠤᠯᠢ
ᠵᠤᠬᠢᠶᠠᠭᠴᠢ᠄ ᠵᠦᠩ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2637
ᠴᠠᠭ᠄ 2010 ᠤᠨ ᠤ 08 ᠰᠠᠷ᠎ᠠ ᠶᠢᠨ 06
ᠨᠠᠢ᠌ᠷᠠᠭᠤᠯᠤᠭᠴᠢ᠄ ᠪᠦᠬᠡᠡᠷᠳᠡᠨᠢ