ᠨᠡᠪᠲᠡᠷᠡᠨ ᠤᠷᠤᠬᠤ
180 ᠊ᠭ᠍‍ᠷᠠᠳᠦ᠋ᠰ ᠤᠨ ᠡᠷᠭᠢᠯᠳᠡ

ᠦᠨᠡᠨ ᠤ ᠮᠦᠷ ᠥᠭᠡᠷ ᠴᠢᠯᠠᠭᠤᠨ ᠳᠤ ᠳᠠᠷᠤᠭᠳᠠᠵᠤ

ᠦᠨᠡᠠᠴᠢ ᠰᠡᠳᠬᠢᠯᠭᠡ ᠥᠨᠡᠭᠡᠨ ᠰᠡᠭᠦᠯ ᠳᠤ ᠣᠷᠢᠶᠠᠭᠳᠠᠵᠤ

ᠥᠴᠦᠭᠡᠳᠦᠷ ᠤᠨ ᠥᠭᠡ ᠦᠨᠦᠳᠤᠷ ᠪᠣᠯᠠᠬᠠᠢ᠌ᠯᠠᠭᠳᠠᠵᠤ

ᠦᠵᠡᠮᠵᠢ ᠶᠢᠨ ᠴᠡᠴᠡᠭ᠌ ᠥᠮᠡᠭᠡᠢ ᠰᠠᠩᠭᠢᠨᠠᠵᠤ

ᠠᠪᠣ ᠨᠢ ᠭᠦᠤ ᠳᠡᠭᠡᠨ ᠪᠣᠭᠤᠯ ᠪᠣᠯᠵᠤ

ᠠᠪᠣᠭᠠᠴᠢ ᠨᠢ ᠦᠭ‍ᠭᠦᠭᠡᠴᠢ ᠳᠡᠭᠡᠨ ᠡᠪᠦᠭᠡ ᠰᠠᠭᠤᠵᠤ

ᠠᠮᠠ ᠨᠢ ᠭᠦᠯ ᠳᠡᠭᠡᠨ ᠳᠤᠱᠠ ᠭᠢᠵᠤ

ᠠᠮᠢᠳᠤᠷᠠᠯ ᠨᠢ ᠠᠮᠢᠨ ᠳᠠᠭᠠᠨ ᠬᠤᠤᠷ᠎ᠠ ᠬᠠᠶᠠᠵᠤ

ᠳᠡᠭ᠍ᠷᠢ ᠳᠤᠤᠭᠠᠷᠴᠤ ᠪᠣᠷᠤᠭᠠᠨ ᠨᠢ ᠬᠤᠯᠠᠳᠠᠵᠤ

ᠳᠠᠯᠠᠢ ᠴᠢᠩᠭ᠋ᠠᠯᠠᠵᠤ ᠢᠳᠡᠭᠦ ᠨᠢ ᠠᠬᠠᠳᠠᠵᠤ

ᠳᠡᠷᠭᠡ ᠵᠡᠭᠦᠳᠡᠯᠡᠵᠤ ᠰᠠᠭᠤᠬᠤ ᠨᠢ ᠯᠠᠪᠰᠢᠷᠠᠵᠤ

ᠳᠡᠭ᠍ᠰᠢ ᠴᠢᠷᠠᠢ᠌ᠯᠠᠵᠤ ᠬᠠᠪᠢᠷᠠᠯᠳᠤᠬᠤ ᠨᠢ ᠣᠯᠠᠰᠢᠷᠠᠵᠤ

ᠠᠵᠢᠯ ᠨᠢ ᠠᠯᠳᠠᠭᠳᠠᠵᠤ  ᠠᠷᠢᠭᠢ ᠣᠤᠭᠤᠨ

ᠠᠮᠢᠳᠤᠷᠠᠯ ᠨᠢ ᠲ᠋ᠠᠯᠪᠢᠭᠳᠠᠵᠤ ᠵᠤᠭᠤᠰ ᠨᠠᠭᠠᠳᠤᠨ

ᠠᠳᠤᠭᠤ ᠨᠢ ᠴᠥᠭᠡᠷᠡᠵᠤ ᠠᠯᠠᠰᠢ ᠠᠷᠪᠢᠳᠤᠨ

ᠠᠮᠠᠷᠠᠭ ᠨᠢ ᠰᠠᠯᠵᠤ ᠠᠢ᠌ᠯ ᠭᠡᠰᠤᠨ

ᠪᠣᠷᠤᠭᠤ ᠵᠠᠮ ᠶᠢᠡᠷ ᠨᠠᠷ᠎ᠠ ᠵᠡᠭᠦᠵᠤ

ᠪᠣᠰᠤᠭ᠎ᠠ ᠳᠦᠷᠢ ᠪᠠᠷ ᠰᠠᠮᠵᠠ ᠳᠠᠭᠤᠷᠢᠶᠠᠨ

ᠵᠦᠪ ᠡᠷᠭᠢᠭᠡᠤᠨ ᠨᠠᠷᠠ ᠳᠠᠰᠢᠭᠤᠯᠵᠤ

ᠵᠥᠭ᠌ ᠢᠯᠭᠠᠭᠠᠤᠨ ᠬᠠᠷᠠᠩᠭ᠋ᠤᠢ ᠳᠡᠮᠳᠡᠷᠢᠭ᠍ᠰᠡᠨ

ᠪᠣᠳᠤᠯ  ᠴᠢᠯᠠᠭᠤᠵᠢᠵᠤ ᠶᠠᠰᠤ ᠨᠢ ᠵᠥᠭᠡᠯᠡᠷᠡᠭ᠍ᠰᠡᠨ

ᠪᠦᠳᠦᠯ ᠥᠭᠡᠢ᠌ᠳᠡᠵᠤ ᠴᠢᠰᠤ ᠨᠢ ᠬᠠᠷᠠᠯᠠᠭᠰᠠᠨ

ᠭᠦᠮᠦᠰ ᠡ︕ ᠭᠦᠭᠡᠷᠦᠭᠦᠢ ᠳ᠋ᠠ

ᠪᠣᠴᠠᠰᠢ ᠦᠭᠡᠶ 180。 ᠊ᠤᠨ ᠡᠷᠭᠢᠯᠳᠡ ᠰᠢᠤ︕

ᠵᠤᠬᠢᠶᠠᠭᠴᠢ᠄ ᠨᠠᠰᠤᠠᠪᠠᠶᠠᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2634
ᠴᠠᠭ᠄ 2008 ᠤᠨ ᠤ 12 ᠰᠠᠷ᠎ᠠ ᠶᠢᠨ 27
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ