☆ ᠰᠠᠷᠠᠭᠤᠯ
ᠲᠧᠯᠸᠢᠰ ᠤᠨ ᠧᠨᠧᠷᠭᠢ ᠠᠷᠪᠢᠯᠠᠬᠤ ᠠᠷᠭ᠎ᠠ
ᠭᠡᠷᠡᠯᠳᠦᠴᠡ ᠶᠢ ᠳᠤᠭᠢᠷᠠᠭᠤᠯᠬᠤ ᠪᠣᠳᠤᠭᠳᠤ ᠳᠸᠯᠸᠢᠰ ᠤᠨ ᠬᠠᠮᠤᠭ ᠭᠡᠷᠡᠯ ᠲᠡᠶ ᠪᠠ ᠬᠠᠮᠤᠭ ᠬᠠᠷᠠᠩᠭ᠋ᠤᠢ ᠦᠶ᠎ᠡ ᠳ᠋ᠠᠭᠢ ᠰᠥᠢᠦᠡᠭᠡᠭᠦ ᠡᠨᠧᠷᠭᠢ ᠶᠢᠨ ᠵᠦᠷᠢᠶ᠎ᠠ ᠨᠢ 30 ᠊᠊᠊᠊᠊᠊᠊᠊᠊᠊᠊᠊᠊᠊᠊ 50 ᠸᠠᠲ᠋ ᠪᠠᠢ᠌ᠳᠠᠭ᠃ ᠥᠷᠦᠭᠡᠨ ᠳᠤ ᠪᠠᠨ ᠳᠤᠤᠷ᠎ᠠ ᠸᠠᠲ᠋ᠳᠤ ᠳ᠋ᠸᠩ ᠨᠤᠴᠤᠭᠠᠵᠤ ᠳᠸᠯᠸᠢᠰ ᠤᠨ ᠭᠡᠷᠡᠯᠳᠦᠴᠡ ᠶᠢ ᠪᠠᠭ᠎ᠠ ᠬᠠᠷᠠᠩᠭ᠋ᠣᠢ᠌ᠪᠳᠤᠷ ᠪᠣᠯᠭᠠᠭᠠᠤᠨ ᠦᠵᠡᠪᠠᠯ ᠳᠤᠳᠤ ᠥᠵᠡᠭ᠍ᠳᠡᠭᠦ ᠪᠦᠭᠡᠤᠨ ᠨᠢᠳᠤ ᠶᠠᠳᠠᠷᠠᠬᠤ ᠦᠭᠡᠶ ᠶᠤᠮ᠃
ᠳᠠᠭᠤᠨ ᠢ ᠨᠢ ᠳᠤᠭᠢᠷᠠᠭᠤᠯᠬᠤ
ᠳᠠᠭᠤ ᠨᠢ ᠦᠨᠳᠦᠷ ᠪᠣᠯ ᠰᠥᠢᠦᠡᠭᠡᠭᠦ ᠡᠨᠧᠷᠭᠢ ᠨᠢ ᠴᠤ ᠠᠷᠪᠢᠨ ᠃ 1 ᠸᠠᠲ᠋ ᠳᠠᠭᠤᠨ ᠡᠨᠧᠷᠭᠢ ᠨᠡᠮᠡᠭ᠍ᠳᠡᠭᠦ ᠪᠦᠷᠢ 3 ᠊᠊᠊᠊᠊᠊᠊᠊᠊᠊᠊᠊᠊᠊᠊ 4 ᠸᠠᠲ᠋ ᠴᠠᠭᠢᠯᠭᠠᠨ ᠢ ᠰᠥᠢᠦᠡᠭᠡᠳᠡᠭ᠌᠃
ᠳᠤᠭᠤᠰᠤ ᠰᠡᠷᠭᠡᠢ᠌ᠯᠡᠭᠦ ᠪᠦᠷᠭᠦᠭᠦᠯ ᠢ ᠭᠡᠷᠡᠭᠯᠡᠭᠦ
ᠳᠤᠭᠤᠰᠤ ᠰᠡᠷᠭᠡᠢ᠌ᠯᠡᠭᠦ ᠪᠦᠷᠭᠦᠭᠦᠯ ᠨᠢ ᠳᠸᠯᠸᠢᠰ ᠤᠨ ᠬᠤᠭ ᠳᠤᠭᠤᠰᠤ ᠰᠤᠷᠤᠬᠤ ᠶᠢ ᠰᠡᠷᠭᠡᠢ᠌ᠯᠡᠳᠡᠭ᠌᠃ ᠬᠤᠭ ᠳᠤᠭᠤᠰᠤ ᠠᠷᠪᠢᠨ ᠪᠣᠯ ᠠᠮᠠᠷᠬᠠᠨ ᠴᠠᠭᠢᠯᠭᠠᠨ ᠵᠢᠭᠤᠳᠠᠳᠠᠭ᠃
ᠦᠵᠡᠵᠤ ᠪᠠᠷᠠᠮᠠᠭᠴᠠ ᠳᠠᠷᠤᠢ ᠨᠡᠭᠡᠭᠡᠯᠭᠡ ᠶᠢ ᠨᠢ ᠬᠠᠭᠠᠬᠤ ᠪᠣᠶᠤ ᠴᠠᠭᠢᠯᠭᠠᠨ ᠭᠦᠴᠦᠳᠡᠯ ᠢ ᠰᠠᠯᠭᠠᠬᠤ
ᠳᠸᠯᠸᠢᠰ ᠢ ᠠᠯᠤᠰ ᠡᠵᠡᠮᠰᠢᠭᠦᠷ ᠶᠢᠡᠷ ᠬᠠᠭᠠᠪᠠᠯ ᠳᠡᠯᠭᠡᠴᠡ ᠶᠢᠨ ᠬᠤᠭᠤᠯᠠᠢ ᠳᠤ ᠸᠤᠯᠹᠷᠠᠮ ᠣᠳᠠᠰᠤᠨ ᠤ ᠪᠦᠯᠢᠶᠡᠰᠭᠡᠭᠦᠷ ᠪᠠᠢ᠌ᠵᠤ᠂ ᠴᠠᠭᠢᠯᠭᠠᠨ ᠢ ᠰᠥᠢᠦᠡᠭᠡᠵᠤ ᠪᠠᠢ᠌ᠳᠠᠭ᠃
ᠵᠤᠬᠢᠶᠠᠭᠴᠢ᠄ ᠰᠠᠷᠠᠭᠤᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠨᠵᠢᠯᠡᠭᠡ ᠮᠡᠷᠭᠡᠵᠢᠯᠳᠠᠷᠤᠮ᠄ 13578
ᠴᠠᠭ᠄ 2010 ᠤᠨ ᠤ 04 ᠰᠠᠷ᠎ᠠ ᠶᠢᠨ 21
ᠨᠠᠢ᠌ᠷᠠᠭᠤᠯᠤᠭᠴᠢ᠄ ᠪᠦᠬᠡᠡᠷᠳᠡᠨᠢ