ᠨᠡᠪᠲᠡᠷᠡᠨ ᠤᠷᠤᠬᠤ
ᠴᠢ᠍ᠩᠭᠢᠰ ᠬᠠᠭᠠᠨ

ᠬᠠᠷ᠎ᠠ ᠮᠤᠷᠢ᠍ᠨ ᠵᠢᠯ ᠤᠨᠤᠨ ᠤ ᠥᠶᠡᠷ ᠡᠷᠬᠢ ᠪᠠᠨ ᠳᠡᠯᠢ᠍ᠵᠥ

ᠬᠠᠷᠢ ᠵᠢᠨ ᠨᠡᠭᠥᠳ᠋ᠡᠯᠴᠢ᠍ᠨ ᠰᠢ᠍ᠪᠠᠭᠤᠨ ᠤ ᠡᠭᠥᠷ ᠥᠨᠳ᠋ᠡᠭᠡ ᠶᠢ ᠵᠢᠪᠪᠥᠬᠥᠯᠬᠥ ᠳ᠋ᠥ

ᠬᠠᠨ ᠡᠴᠢ᠍ᠭᠡ ᠶᠢ᠍ᠰᠥᠭᠡᠢ ᠳ᠋ᠥ ᠥᠷ᠎ᠠ ᠵᠢᠨ ᠬᠤᠳ᠋ᠤᠭ ᠵᠠᠶᠠᠭᠠᠵᠤ

ᠬᠠᠯᠠᠭᠤᠨ ᠠᠯᠠᠭᠠᠨ ᠳ᠋ᠥ ᠪᠠᠨ ᠨᠥᠵᠢ ᠠᠳᠬᠤᠭᠰᠠᠨ ᠬᠥᠪᠡᠭᠥᠨ ᠥᠵᠡᠭ᠍ᠳ᠋ᠡᠬᠥ ᠳ᠋ᠥ

ᠬᠠᠮᠤᠭ ᠲᠥᠮᠡᠨ ᠤ ᠤᠷᠠᠢ᠌ᠯᠠᠯ ᠤᠨᠤᠨ ᠬᠠᠯᠭᠢᠰᠳ᠋ᠠᠯ᠎ᠠ ᠴᠤᠤᠷᠢ᠍ᠶᠠᠳ᠋ᠤᠵᠤ

ᠬᠠᠷᠠᠬᠤ ᠨᠢ᠍ᠳ᠋ᠤᠨ ᠤ ᠴᠡᠴᠡᠭᠡᠢ ᠮᠡᠳ᠋ᠥ ᠪᠤᠷᠬᠠᠨ ᠬᠠᠯᠳ᠋ᠤᠨ ᠨᠢ ᠴᠡᠩᠭᠡᠷᠯᠡᠵᠡᠢ


ᠶᠢ᠍ᠰᠥᠭᠡᠢ ᠡᠴᠢ᠍ᠭᠡ ᠡᠩᠭᠥᠷᠡᠢ ᠬᠥᠥ ᠪᠠᠨ ᠥᠬᠥᠭᠡᠷᠳ᠋ᠥᠨ ᠬᠠᠢ᠌ᠷᠠᠯᠠᠬᠤ ᠳ᠋ᠥ ᠪᠠᠨ

ᠶᠡᠷᠥ ᠪᠤᠰᠤ ᠵᠢᠨ ᠬᠠᠷᠠᠴᠠ ᠡᠴᠡ ᠨᠢ ᠶᠠᠭᠤ ᠨᠢ᠍ᠭᠡ ᠶᠢ ᠰᠤᠪᠢᠵᠤ

ᠶᠡᠬᠡ ᠡᠷ᠎ᠠ ᠪᠤᠯᠤᠨ᠎ᠠ ᠳ᠋ᠠ ᠮᠢ᠍ᠨᠥ ᠬᠥᠥ ᠭᠡᠵᠥ

ᠢᠳ᠋ᠡᠭᠡᠯ ᠵᠢᠠᠷ ᠬᠥᠥᠷᠨᠢ᠍ᠵᠥ ᠡᠬᠡ ᠥᠭᠡᠯᠥᠨ ᠳ᠋ᠥ ᠨᠢ ᠬᠡᠯᠡᠯ᠎ᠠ ᠭᠡᠳ᠋ᠡᠭ᠌

ᠢᠷᠡᠬᠥ ᠡᠳ᠋ᠥᠷ ᠢᠷᠭᠡᠳ ᠶᠢᠡᠨ ᠬᠤᠷᠢ᠍ᠶᠠᠨ ᠴᠤᠭᠯᠠᠭᠤᠯᠳ᠋ᠤᠭᠠᠢ ᠭᠡᠵᠥ

ᠶᠢ᠍ᠰᠥᠨ ᠬᠥᠬᠥᠯᠳ᠋ᠥ ᠳᠤᠭ ᠤᠨ ᠳᠤᠤᠷ᠎ᠠ ᠳᠠᠭᠠᠳᠬᠠᠭᠰᠠᠨ ᠭᠡᠳ᠋ᠡᠭ᠌


ᠤᠢ᠌ᠷ᠎ᠠ ᠪᠠᠢ᠌ᠭᠰᠠᠨ ᠭᠡᠳ᠋ᠥᠭᠥᠯᠡ ᠡᠴᠡ ᠤᠳ᠋ᠤᠷᠢ᠍ᠳ᠋ᠤᠭᠴᠢ ᠥᠭᠡᠢ ᠴᠠᠭ

ᠤᠤᠯᠭ᠎ᠠ ᠳᠡᠭᠡᠷᠡᠮ ᠤᠨ ᠠᠶᠤᠯ ᠰᠠᠮᠠᠭᠤᠷᠠᠵᠤ ᠪᠠᠢ᠌ᠭᠰᠠᠨ ᠴᠠᠭ

ᠤᠯᠤᠯᠴᠠᠭ᠎ᠠ ᠮᠠᠭᠤᠳ᠋ᠠᠢ ᠲᠠᠲ᠋ᠠᠷ ᠲᠣ ᠡᠴᠢ᠍ᠭᠡ ᠪᠠᠨ ᠠᠯᠠᠭᠤᠯᠤᠭᠰᠠᠨ ᠴᠠᠭ

ᠤᠭ ᠨᠢ᠍ᠭᠡᠳ᠋ᠡᠢ ᠳᠠᠢ᠌ᠴᠢ᠍ᠭᠤᠳ ᠤᠷᠪᠠᠵᠤ ᠪᠠᠢ᠌ᠭᠰᠠᠨ ᠴᠠᠭ

ᠤᠷᠤᠭᠤᠳ᠋ᠠᠯ ᠤᠨ ᠭᠥᠨ ᠭᠥᠪ ᠲᠣ ᠤᠨᠠᠨ ᠭᠡᠯᠳ᠋ᠥᠷᠢ᠍ᠭ᠍ᠰᠡᠨ ᠴᠠᠭ

ᠤᠬᠠᠭ᠎ᠠ ᠪᠠᠷ ᠡᠷᠳ᠋ᠡ ᠴᠤᠭᠤᠷᠤᠨ ᠴᠢ᠍ᠯᠠᠭᠤ ᠳᠤᠯᠢ᠍ᠶᠠᠭᠰᠠᠨ ᠴᠠᠭ


ᠡᠴᠢ᠍ᠭᠡ ᠵᠢᠨ ᠥᠰᠢ᠍ᠶ᠎ᠠ ᠶᠢ ᠠᠪᠤᠨ ᠬᠥᠥ ᠵᠢᠨ ᠰᠢ᠍ᠳ᠋ᠤᠷᠭᠤ ᠶᠢ ᠬᠥᠢ᠍ᠴᠡᠭᠡᠵᠥ

ᠡᠯᠳ᠋ᠡᠪ ᠰᠠᠮᠠᠭᠤᠷᠠᠯ ᠢ ᠳᠥᠪᠰᠢ᠍ᠳᠭᠡᠨ ᠡᠷ᠎ᠠ ᠵᠢᠨ ᠰᠢ᠍ᠨᠳ᠋ᠠᠰᠤ ᠶᠢ ᠥᠵᠡᠬᠥᠯᠵᠥ

ᠡᠮᠡᠭᠡᠯ ᠲᠡᠶ ᠮᠤᠷᠢ᠍ᠨ ᠡᠴᠡ ᠥᠨᠳ᠋ᠡᠢ᠌ᠨ ᠲᠥᠷᠥ ᠵᠢᠨ ᠬᠢᠨᠵᠢ ᠶᠢ ᠬᠡᠯᠬᠢᠵᠥ

ᠶᠡᠬᠡ ᠮᠤᠩᠭ᠋ᠤᠯ ᠬᠠᠭᠠᠨᠳ᠋ᠤ ᠤᠯᠤᠰ ᠤᠨ ᠵᠠᠷᠯᠢ᠍ᠭ ᠢ ᠪᠠᠭᠤᠯᠭᠠᠵᠤ

ᠡᠷᠡᠮᠡᠬᠡᠢ ᠰᠥᠰᠥᠳ᠋ᠥ ᠬᠥᠮᠥᠨ ᠤᠪᠤᠭ ᠤᠨ ᠳᠡᠬᠡᠳ᠋ᠥᠬᠥᠯᠡ ᠪᠠᠨ ᠮᠥᠷᠳ᠋ᠡᠵᠥ

ᠡᠷᠳ᠋ᠡᠨ ᠳ᠋ᠥ ᠪᠠᠢ᠌ᠭ᠎ᠠ ᠦᠭᠡᠶ ᠬᠥᠷᠥᠨ ᠤ ᠬᠢᠵᠠᠭᠠᠷ ᠢ ᠳᠤᠭᠳ᠋ᠠᠭᠠᠯ᠎ᠠ


ᠠᠨᠳ᠋ᠠ ᠵᠢᠨ ᠵᠢᠷᠤᠮ ᠢ ᠬᠥᠢ᠍ᠴᠡᠳᠬᠡᠨ ᠭᠤᠷᠪᠠᠨᠳ᠋ᠠ ᠳᠠᠩᠭ᠋ᠠᠷᠢ᠍ᠭᠯᠠᠬᠤᠢ ᠪᠠᠨ ᠬᠢᠴᠢ᠍ᠶᠡᠵᠥ

ᠠᠭᠤᠤᠴᠤᠤᠯ ᠤᠨ ᠠᠨᠳ᠋ᠠᠭᠠᠢ ᠡᠪᠳ᠋ᠡᠷᠡᠬᠥ ᠳ᠋ᠥ ᠳᠡᠯᠡᠬᠡᠢ ᠵᠢᠨ ᠳᠠᠪᠢᠯᠠᠩ ᠭᠤᠯᠳ᠋ᠤᠷᠢ᠍ᠵᠥ

ᠠᠷᠭᠤᠮᠠᠭ ᠤᠨ ᠥᠳᠬᠡᠨ ᠳᠤᠭᠤᠰᠤᠨ ᠳ᠋ᠥ ᠴᠡᠴᠡᠭᠡᠰ ᠤᠨ ᠥᠩᠬᠡ ᠰᠠᠭᠠᠷᠠᠯᠳ᠋ᠤᠵᠤ

ᠠᠷᠠᠮᠠᠭ ᠳᠠᠷᠠᠮᠠᠭ ᠨᠡᠬᠥᠳ᠋ᠡᠯ ᠤᠨ ᠠᠢ᠌ᠮᠠᠭ ᠤᠳ ᠤᠤᠬᠠᠢ᠌ᠯᠠᠯᠳ᠋ᠤᠨ ᠬᠠᠰᠬᠢᠷᠴᠥ

ᠠᠳᠬᠤᠨ ᠳ᠋ᠥ ᠬᠢ ᠨᠥᠵᠢ ᠰᠢ᠍ᠭ᠌ ᠪᠥᠬᠡᠮᠨᠡᠷᠡᠨ ᠬᠤᠢ᠌ᠯᠠᠷᠠᠯᠳ᠋ᠤᠭᠰᠠᠨ

ᠠᠵᠢ᠍ᠷᠭᠠᠨ ᠴᠢ᠍ᠨ᠋ᠸ᠎ᠠ ᠵᠢᠨ ᠳᠠᠭᠠᠷᠢ᠍ᠯᠳ᠋ᠠ ᠰᠢ᠍ᠭ ᠤᠨ ᠰᠠᠷ᠎ᠠ ᠤᠷᠴᠢ᠍ᠯ᠎ᠠ


ᠥᠬᠡᠯᠥᠨ ᠡᠬᠡ ᠵᠢᠨ ᠬᠥᠪᠡᠬᠥᠳ ᠪᠤᠷᠬᠠᠨ ᠬᠠᠯᠳ᠋ᠤᠨ ᠡᠴᠡ ᠮᠤᠷᠳ᠋ᠠᠵᠤ

ᠤᠨᠤᠨ ᠂ ᠬᠡᠷᠥᠯᠥᠨ ᠂ ᠰᠡᠯᠡᠩᠬᠡ ᠵᠢᠨ ᠵᠠᠢ ᠳ᠋ᠥ ᠰᠥᠯᠳ᠋ᠡ ᠡᠷᠬᠡᠰᠢ᠍ᠬᠥᠯᠵᠤ

ᠤᠤᠯᠢ᠍ᠬᠠᠢ ᠮᠠᠭᠤ ᠰᠠᠨᠠᠭᠠᠳ᠋ᠠᠨ ᠤ ᠡᠰᠡᠷᠬᠥ ᠢᠯᠳ᠋ᠥ ᠡᠷᠬᠥᠨ ᠳᠤᠪᠳ᠋ᠤᠯᠵᠤ

ᠤᠪᠵᠢ᠍ᠨ ᠵᠠᠯᠢ᠍ᠳ᠋ᠤ ᠳᠠᠢ᠌ᠰᠥᠩᠨᠠᠭᠴᠢ᠍ᠳ ᠢ ᠢᠪ ᠳᠠᠭᠠᠷᠢ᠍ᠨ ᠳᠥᠪᠰᠢ᠍ᠳᠬᠡᠵᠥ

ᠤᠭᠤᠷᠴᠠᠭ ᠪᠥᠮᠪᠥᠷᠴᠡᠭ᠌ ᠤᠨ ᠬᠠᠭᠠᠰ ᠢ ᠳᠠᠢ᠌ᠳ᠋ᠤᠨ ᠡᠵᠡᠯᠡᠵᠥ ᠬᠤᠷᠢ᠍ᠶᠠᠭᠰᠠᠨ

ᠤᠯᠪᠠᠭᠠᠳ᠋ᠤ ᠳᠠᠢ᠌ᠴᠢ᠍ᠨ ᠡᠨᠡ ᠬᠥᠮᠥᠨ ᠪᠤᠯ ᠴᠢ᠍ᠩᠭᠢᠰ ᠬᠠᠭᠠᠨ ᠪᠢᠯᠡ ᠡ

ᠵᠤᠬᠢᠶᠠᠭᠴᠢ᠄ ᠥᠬᠥᠰᠢ᠍ᠨ ᠴᠢ᠍᠊·ᠬᠠᠰᠪᠠᠭᠠᠨ᠎ᠠ
ᠢᠷᠡᠯᠲᠡ᠄ ᠵᠤᠬᠢᠶᠠᠭᠴᠢ ᠶᠢᠨ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 51599
ᠴᠠᠭ᠄ 2017 ᠤᠨ ᠤ 03 ᠰᠠᠷ᠎ᠠ ᠶᠢᠨ 24
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ