ᠨᠡᠪᠲᠡᠷᠡᠨ ᠤᠷᠤᠬᠤ
ᠰᠠᠢ᠌ᠬᠠᠨ ᠭᠦᠮᠤᠨ ᠤ ᠳᠤᠤᠯᠢ
— 《ᠨᠥᠭᠦᠷ ᠮᠢᠨᠢ ᠰᠠᠢ᠌ᠬᠠᠨ ᠭᠦᠮᠤᠨ ᠪᠠᠢ᠌ᠭᠰᠠᠨ ᠶᠤᠮ》 ᠭᠡᠵᠤ ᠳᠤᠷᠠᠰᠴᠤ ᠰᠠᠭᠤᠳᠠᠭ ᠨᠢᠭᠡ ᠪᠦᠰᠡᠭᠦᠢ ᠳᠤ ᠪᠢᠴᠢᠯ᠎ᠠ


ᠨᠢᠭᠡ


ᠨᠥᠭᠦᠷ ᠴᠢᠨᠢ ᠰᠠᠢ᠌ᠨ ᠭᠦᠮᠤᠨ ᠪᠠᠢ᠌ᠭᠰᠠᠨ ᠶᠤᠮ

ᠨᠥᠭᠡᠯᠭᠡᠨ ᠰᠠᠯᠭᠢᠨ ᠳᠤ ᠰᠢᠳᠠᠴᠢᠬᠠᠮᠠᠷ ᠵᠠᠯᠠᠭᠤ ᠨᠠᠰᠤᠨ ᠳ᠋ᠠᠭᠠᠨ

ᠨᠥᠮᠦᠭᠡᠨ ᠳᠠᠪᠠᠯ ᠤᠨ ᠴᠢᠨᠢ ᠳᠤᠪᠴᠢ ᠰᠢᠭ ᠭᠢᠯᠠᠯᠵᠠᠵᠤ

ᠨᠥᠭᠦᠷ ᠡᠴᠡ ᠴᠢᠨᠢ ᠥᠭᠡᠷ᠎ᠡ ᠰᠠᠢ᠌ᠨ ᠭᠦᠮᠤᠨ ᠪᠠᠢ᠌ᠭᠰᠠᠨ ᠦᠭᠡᠶ ᠶᠤᠮ


ᠬᠤᠷᠸ᠎ᠠ ᠶᠢᠨ ᠵᠤᠪᠠᠯ ᠢ ᠪᠠᠶ᠎ᠠ ᠪᠠᠷ ᠶᠢᠡᠨ ᠨᠥᠭᠦᠭᠦ ᠭᠡᠵᠤ

ᠬᠠᠠᠴᠤᠢ ᠰᠢᠭ ᠡᠯᠡᠭ᠍ᠳᠡᠭ᠍ᠰᠡᠨ ᠣᠬᠤᠷᠬᠠᠨ ᠨᠠᠰᠤᠨ ᠳ᠋ᠠᠭᠠᠨ

ᠬᠤᠨᠢᠨ ᠪᠣᠷᠤ ᠨᠢᠳᠤᠨ ᠦᠬᠢᠳ ᠢ ᠨᠢᠯᠪᠣᠰᠤ ᠪᠠᠷ ᠨᠢ ᠣᠭᠢᠶᠠᠵᠤ

ᠬᠠᠢ᠌ᠴᠢ ᠰᠢᠭ ᠢᠷᠠᠳᠠᠢ ᠠᠮᠢᠳᠤᠷᠠᠯ ᠡᠴᠡ ᠣᠷᠪᠠᠭᠠᠤᠨ ᠶᠠᠪᠣᠭᠰᠠᠨ ᠶᠤᠮ


ᠰᠠᠢ᠌ᠬᠠᠨ ᠴᠤ ᠭᠦᠮᠤᠨ ᠶᠠᠪᠣᠵᠠᠢ ᠨᠥᠭᠦᠷ ᠴᠢᠨᠢ

ᠰᠠᠨᠠᠵᠤ ᠣᠭᠢᠯᠠᠵᠤ ᠠᠷᠤ ᠳ᠋ᠤᠨᠢ ᠦᠯᠠᠳᠠᠵᠠᠢ ᠣᠯᠠᠨ ᠴᠤ ᠭᠦᠮᠤᠨ

ᠵᠤᠪᠠᠭᠰᠠᠨ ᠶᠠᠷᠳᠢᠠᠴᠤ ᠶᠢᠨ ᠵᠤ᠋ ᠨᠢᠷᠤᠭᠤ ᠭᠦᠩᠭᠡᠷᠡᠭᠡ ᠥᠭᠡᠢ

ᠵᠤᠤᠪᠠᠡᠭ᠌ ᠳᠠᠳᠠᠨ ᠥᠩᠭᠡᠷᠡᠳᠡᠭ᠌ ᠨᠠᠷᠠ ᠨᠢ ᠭᠦᠷᠳᠡᠯ᠎ᠡ ᠨᠢᠯᠪᠣᠰᠤ ᠳᠠᠢ


ᠠᠮᠠᠷᠠᠭᠯᠠᠬᠤ ᠶᠢᠨ ᠵᠢᠷᠭᠠᠯ ᠳᠤ ᠴᠠᠳᠤᠭ᠎ᠠ ᠥᠭᠡᠢ

ᠠᠷᠤ ᠭᠠᠵᠠᠷ ᠡᠴᠡ ᠰᠡᠭᠦᠳᠡᠷ ᠶᠢᠡᠨ ᠳᠠᠰᠤᠯᠠᠭᠰᠠᠨ ᠨᠢᠭᠡ ᠰᠢᠪᠠᠭᠤ

ᠬᠠᠢ᠌ᠷᠠᠯᠠᠬᠤ ᠶᠢᠨ ᠢᠷᠦᠭᠡᠯ ᠳᠤ ᠪᠠᠭᠳᠠᠭ᠎ᠠ ᠥᠭᠡᠢ

ᠬᠠᠨ ᠠᠭᠤᠯᠠᠨ ᠳᠤ ᠬᠤᠷᠭᠤᠳᠠᠵᠤ ᠦᠯᠡᠳᠡᠭ᠍ᠰᠡᠨ ᠨᠢᠭᠡᠨ ᠳᠠᠭᠤᠤ


ᠨᠥᠭᠦᠷ ᠴᠢᠨᠢ ᠰᠠᠢ᠌ᠨ ᠭᠦᠮᠤᠨ ᠪᠠᠢ᠌ᠭᠰᠠᠨ ᠶᠤᠮ

ᠥᠭᠡᠴᠢᠯᠡᠭ᠍ᠰᠡᠨ ᠵᠢᠷᠤᠭ ᠨᠢ ᠰᠢᠨᠡᠭᠡᠨ ᠦᠯᠠᠳᠠᠪᠠ

ᠳᠤᠭᠤᠰᠤᠨ ᠳᠤᠮᠳᠠ ᠳᠠᠪᠰᠠᠵᠤ ᠶᠠᠪᠣᠭᠰᠠᠨ ᠮᠦᠷ ᠨᠢ

ᠳᠤᠷᠤᠨᠠᠳᠤ ᠶᠢᠨ ᠴᠠᠭᠠᠨ ᠳᠠᠯ᠎ᠠ ᠳᠤ ᠦᠯᠢᠭᠡᠷ ᠪᠣᠯᠤᠨ ᠦᠳᠡᠯᠪᠠ


《ᠡᠢ᠌ᠮᠤ ᠰᠠᠢ᠌ᠨ ᠭᠦᠮᠤᠨ ᠢ ᠴᠠᠭ ᠰᠡᠭᠦᠳᠡᠷ ᠳᠠᠭᠠᠷᠢᠵᠤ ᠁》 ᠭᠡᠵᠤ

ᠡᠩᠬᠦᠷᠡᠢ ᠬᠤᠩᠭ᠋ᠤᠷ ᠭᠦᠮᠦᠰ ᠮᠢᠨᠢ ᠪᠣᠤ ᠪᠣᠳᠤᠭᠠᠷᠠᠢ

ᠡᠮᠵᠡᠭᠯᠡᠭ᠍ᠰᠡᠨ ᠨᠢᠯᠪᠣᠰᠤ ᠪᠠᠨ ᠠᠯᠠᠭᠠᠨ ᠤ ᠪᠠᠨ ᠠᠷᠤ ᠪᠠᠷ ᠠᠷᠴᠢᠵᠤ

ᠡᠪᠦᠷ ᠬᠠᠳᠠᠭᠤ ᠠᠮᠢᠳᠤᠷᠠᠯ ᠲᠡᠶ ᠡᠶᠡᠳᠡᠵᠤ ᠳᠠᠰᠤᠭᠠᠷᠠᠢ


ᠦᠬᠢᠨ ᠴᠢᠨᠢ ᠣᠭᠢᠯᠠᠵᠤ ᠳᠠᠭᠤᠯᠠᠵᠤ ᠢᠨᠢᠶᠠᠵᠤ

ᠣᠯᠠᠨ ᠴᠤ ᠬᠡᠦᠬᠡᠳ ᠤᠨ ᠳᠤᠮᠳᠠ ᠥᠰᠭᠦ ᠪᠣᠢ

ᠣᠷᠤᠵᠤ ᠢᠷᠡᠭᠡᠳ ᠮᠠᠩᠨᠠᠢ ᠶᠢ ᠮᠢᠨᠢ ᠥᠨᠦᠰᠳᠡᠭ᠌ ᠶᠤᠮ ᠳ᠋ᠠ ᠭᠡᠵᠤ

ᠦᠷᠦᠭᠡᠨ ᠤ ᠪᠠᠨ ᠡᠭᠦᠳᠡᠨ ᠳᠤ ᠭᠦᠯᠢᠶᠡᠵᠤ ᠳᠤᠮᠤ ᠪᠣᠯᠬᠤ ᠪᠣᠢ


《ᠠᠪᠣ ᠴᠢᠨᠢ ᠬᠤᠯᠠ ᠶᠢᠨ ᠬᠤᠯᠠ ᠳᠤ ᠶᠠᠪᠣᠭᠰᠠᠨ ᠶᠤᠮ》 ᠭᠡᠵᠤ

ᠡᠵᠢ ᠴᠢᠨᠢ ᠬᠠᠢ᠌ᠷ᠎ᠠ ᠶᠢᠨ ᠳᠡᠩᠭᠡᠭᠡ ᠪᠠᠷ ᠠᠷᠭᠠᠳᠠᠵᠤ

ᠠᠯᠤᠰ ᠤᠨ ᠴᠡᠮᠴᠡᠭᠡᠷ ᠠᠭᠤᠯᠠᠰ ᠢ ᠪᠣᠭᠤᠷᠤᠯᠳᠤᠳᠠᠯ᠎ᠠ ᠰᠡᠭᠦᠷᠡᠰᠦᠯᠡᠵᠤ

ᠡᠷᠢᠭᠡ ᠰᠢᠭ᠌ ᠰᠤᠪᠣᠷᠠᠬᠤ ᠡᠳᠦᠷ ᠲᠡᠶ ᠨᠠᠮᠤᠷ ᠢᠷᠠᠨ᠎ᠠ ᠪᠣᠢ


ᠬᠠᠳᠠᠭᠤ ᠳᠠᠷᠠᠰᠤ ᠰᠢᠭ ᠵᠢᠷᠭᠠᠯ ᠳ᠋ᠤ

ᠠᠮᠠᠷᠠᠭ ᠨᠢ ᠠᠷᠭ᠎ᠠ ᠦᠭᠡᠶ ᠳᠠᠰᠴᠤ

ᠭᠠᠭᠴᠠᠬᠠᠨ ᠬᠠᠨᠢ ᠶᠢᠨ ᠵᠠᠶᠠᠭ᠎ᠠ ᠪᠠᠷ ᠳᠤᠳᠠᠵᠤ

ᠠᠷᠠᠤᠨ ᠤᠨ ᠶᠢᠡᠨ ᠳᠤᠮᠳᠠ ᠶᠠᠪᠣᠨ᠎ᠠ ᠪᠣᠢ


ᠨᠥᠭᠦᠷ ᠴᠢᠨᠢ ᠰᠠᠢ᠌ᠨ ᠭᠦᠮᠤᠨ ᠪᠠᠢ᠌ᠭᠰᠠᠨ ᠶᠤᠮ

ᠨᠥᠭᠡᠯᠭᠡᠨ ᠰᠠᠯᠭᠢᠨ ᠳᠤ ᠰᠢᠳᠠᠴᠢᠬᠠᠮᠠᠷ ᠵᠠᠯᠠᠭᠤ ᠨᠠᠰᠤᠨ ᠳ᠋ᠠᠭᠠᠨ

ᠨᠥᠮᠦᠭᠡᠨ ᠳᠠᠪᠠᠯ ᠤᠨ ᠴᠢᠨᠢ ᠳᠤᠪᠴᠢ ᠰᠢᠭ ᠭᠢᠯᠠᠯᠵᠠᠵᠤ

ᠨᠥᠭᠦᠷ ᠡᠴᠡ ᠴᠢᠨᠢ ᠥᠭᠡᠷ᠎ᠡ ᠰᠠᠢ᠌ᠨ ᠭᠦᠮᠤᠨ ᠪᠠᠢ᠌ᠭᠰᠠᠨ ᠦᠭᠡᠶ ᠶᠤᠮ


ᠬᠤᠶᠠᠷ


ᠨᠥᠭᠦᠷ ᠮᠢᠨᠢ ᠪᠠᠢ᠌ᠬᠤ ᠳ᠋ᠤ

ᠨᠦᠮᠦᠷᠢ ᠨᠢ ᠨᠤᠳᠤᠭ ᠤᠨ ᠠᠭᠤᠯᠠ ᠰᠢᠭ ᠭᠦᠳᠡᠷ ᠪᠠᠢ᠌ᠪᠠ

ᠣᠷᠤᠭᠤ ᠭᠠᠵᠠᠷ ᠣᠷᠤᠰᠤᠭᠰᠠᠨ ᠣᠰᠤ ᠰᠢᠭ ᠭᠦᠴᠦᠳᠡᠢ ᠪᠠᠢ᠌ᠪᠠ

ᠣᠠᠳᠠᠬᠤ ᠳᠤ ᠵᠡᠭᠦᠳᠤ ᠮᠢᠨᠢ ᠭᠦᠷᠳᠡᠯ᠎ᠡ ᠢᠳᠠᠳᠠᠢ ᠪᠠᠢ᠌ᠪᠠ


ᠣᠷᠤᠭᠤᠯ ᠤᠨ ᠪᠣᠳᠤᠭ ᠰᠢᠭ ᠰᠤᠷᠭᠤᠭ ᠨᠠᠰᠤᠨ ᠳᠤ ᠮᠢᠨᠢ

ᠳᠠᠪᠠᠯ ᠤᠨ ᠥᠩᠭᠡ ᠰᠢᠭ᠌ ᠳᠤᠳᠤᠬᠠᠨ ᠥᠭᠡ ᠪᠠᠷ ᠨᠠᠮᠢ᠋ᠢ ᠪᠠᠨ ᠭᠤᠶᠤᠵᠤ

ᠳᠡᠯᠡᠭᠡᠢ ᠳᠤ ᠬᠤᠪᠣᠷᠬᠠᠨ ᠳᠤᠷᠠᠯᠠᠯ ᠶᠢᠡᠷ ᠰᠡᠳᠭᠢᠯ ᠢ ᠮᠢᠨᠢ ᠴᠢᠮᠠᠵᠤ

ᠣᠰᠤᠨ ᠳᠠᠭᠠᠨ ᠠᠩᠭᠢᠷ ᠨᠢ ᠶᠤᠮ ᠰᠢᠭ ᠠᠮᠠᠷᠠᠭ ᠵᠢᠷᠭᠠᠭᠤᠯᠵᠤ


ᠬᠠᠨᠢ ᠲᠡᠶ ᠪᠣᠯ ᠵᠤᠪᠠᠬᠤ ᠳᠠᠭᠠᠨ ᠭᠦᠷᠳᠡᠯ᠎ᠡ ᠥᠩᠭᠡ ᠲᠡᠶ ᠪᠠᠢ᠌ᠵᠤ

ᠬᠠᠠᠵᠠᠷᠠᠬᠠᠢ ᠭᠤᠳᠤᠯ ᠲᠡᠶ ᠴᠤ ᠰᠡᠳᠭᠢᠯ ᠪᠦᠳᠤᠨ ᠪᠠᠢ᠌ᠵᠤ

ᠬᠠᠢ᠌ᠷᠠᠳᠠᠢ ᠪᠣᠯ ᠬᠠᠷᠠᠳᠠᠬᠤ ᠳᠠᠭᠠᠨ ᠭᠦᠷᠳᠡᠯ᠎ᠡ ᠡᠷᠴᠢᠳᠡᠢ ᠪᠠᠢ᠌ᠵᠤ

ᠬᠠᠷᠠᠩᠭ᠋ᠤᠢ ᠳᠤ ᠰᠢᠪᠠᠨᠡᠭ᠍ᠰᠡᠨ ᠥᠭᠡ ᠨᠢ ᠴᠤ ᠭᠡᠭᠡ ᠲᠡᠶ ᠪᠠᠢ᠌ᠵᠤ


ᠥᠨᠦᠰᠭᠦ ᠶᠢ ᠴᠢᠳᠠᠬᠤ ᠦᠭᠡᠶ ᠦᠬᠢᠨ ᠨᠠᠮᠢ᠋ᠢ ᠢᠴᠢᠭᠡᠵᠤ

ᠬᠠᠷᠠᠬᠠᠨ ᠭᠡᠵᠢᠭᠡ ᠶᠢ ᠮᠢᠨᠢ ᠳᠡᠭ᠍ᠷᠢ ᠶᠢᠨ ᠵᠠᠭᠠᠳᠠᠯ ᠡᠴᠡ ᠡᠪᠯᠢᠭ᠌ ᠬᠠᠭᠠᠯᠵᠤ

ᠦᠷ᠎ᠡ ᠶᠢᠨ ᠶᠢᠡᠨ ᠦᠨᠦᠷ ᠲᠤ ᠦᠯᠦᠰᠭᠦ ᠪᠠᠨ ᠮᠠᠷᠳᠠᠵᠤ ᠳᠠᠭᠤᠯᠠᠳᠠᠭ

ᠬᠠᠢ᠌ᠯ ᠤᠨ ᠣᠰᠤ ᠰᠢᠭ ᠣᠶᠠᠬᠠᠨ ᠪᠣᠯᠭᠠᠭᠰᠠᠨ ᠶᠤᠮ


ᠣᠳᠤ ᠨᠥᠭᠦᠷ ᠮᠢᠨᠢ ᠪᠠᠢ᠌ᠬᠤ ᠥᠭᠡᠢ

ᠦᠣᠷ ᠤᠨ ᠳᠦᠯᠦᠡᠭ᠌ ᠲᠡᠶ ᠬᠠᠮᠳᠤ ᠰᠦᠨ ᠤ ᠭᠠᠵᠠᠷ ᠣᠷᠤᠭᠤ ᠭᠦᠶ‍ᠦᠳᠡᠭ᠌

ᠳᠠᠷᠠ ᠭᠦᠮᠤᠨ ᠳᠡᠭ᠍ᠷᠢ ᠶᠢᠨ ᠳᠤᠤᠷ᠎ᠠ ᠪᠠᠢ᠌ᠬᠤ ᠥᠭᠡᠢ

ᠳᠠᠷ᠎ᠠ ᠪᠠᠨ ᠬᠠᠯᠠᠭᠤᠬᠠᠨ ᠭᠡᠪ ᠲᠡᠭᠡᠨ ᠦᠯᠡᠳᠡᠭᠡᠭᠡᠳ ᠶᠠᠪᠣᠵᠠᠢ


ᠨᠤᠳᠤᠭ ᠤᠨ ᠳᠡᠭ᠍ᠷᠢ ᠨᠠᠮᠤᠷ ᠪᠣᠯᠤᠭ᠎ᠠ ᠦᠭᠡᠶ ᠴᠠᠩᠳᠤᠵᠤ

ᠨᠤᠭᠤᠯᠠᠵᠤ ᠭᠦᠷᠦᠭ᠍ᠰᠡᠨ ᠭᠡᠵᠢᠭᠡ ᠮᠢᠨᠢ ᠰᠠᠠᠴᠢᠭ ᠡᠴᠡ ᠪᠠᠨ ᠪᠣᠭᠤᠷᠤᠯᠳᠤᠵᠤ

ᠪᠠᠯᠭᠤ ᠴᠠᠢ ᠶᠢᠨ ᠰᠥ᠋ ᠰᠢᠭ᠌ ᠠᠮᠳᠠ ᠪᠠᠷ ᠠᠮᠢᠳᠤᠷᠠᠯ ᠳᠤᠳᠠᠵᠤ

ᠪᠠᠢ᠌ᠭᠰᠠᠨ ᠭᠦᠮᠤᠨ ᠣᠷᠢᠳᠤ ᠰᠦᠨᠢ ᠢᠷᠡᠭ᠍ᠰᠡᠨ ᠦᠭᠡᠶ ᠰᠢᠭ᠌ ᠰᠠᠨᠠᠭᠳᠠᠵᠤ


ᠰᠠᠭᠠᠬᠠᠯᠳᠠ ᠶᠢᠨ ᠵᠠᠢ᠌ᠳᠠᠢ ᠭᠠᠵᠠᠷ ᠶᠠᠪᠣᠭ᠎ᠠ ᠯᠠ ᠳ᠋ᠠ ᠭᠡᠵᠤ

ᠵᠡᠭᠦᠳᠤ ᠮᠢᠨᠢ ᠭᠠᠩᠰᠠᠷᠠᠵᠤ ᠭᠠᠳᠠᠭ᠎ᠠ ᠬᠤᠨᠤᠨ᠎ᠠ

ᠰᠠᠨᠠᠭᠰᠠᠨ ᠶᠢᠡᠨ ᠳᠤᠭᠠᠯᠠᠬᠤ ᠭᠦᠮᠤᠨ ᠦᠭᠡᠶ ᠡᠳᠦᠷ ᠣᠳᠠᠵᠤ

ᠵᠡᠭᠦᠪᠴᠢᠨ ᠤ ᠮᠢᠨᠢ ᠥᠩᠭᠡ ᠦᠵᠡᠳᠠᠯ᠎ᠠ ᠭᠠᠵᠢᠷᠠᠨ᠎ᠠ


ᠨᠥᠭᠦᠷ ᠮᠢᠨᠢ ᠪᠠᠢ᠌ᠬᠤ ᠦᠭᠡᠶ ᠴᠤ

ᠰᠡᠭᠦᠳᠡᠷ ᠨᠢ ᠬᠠᠨᠢ ᠪᠣᠯᠵᠤ ᠬᠠᠯᠠᠭᠤᠬᠠᠨ ᠪᠠᠢ᠌ᠨ᠎ᠠ

ᠨᠥᠮᠦᠭᠡᠨ ᠳᠠᠪᠠᠯ ᠤᠨ ᠴᠢᠨᠢ ᠬᠠᠠᠴᠤᠢ ᠶᠢ ᠳᠠᠯᠢᠵᠤ

ᠰᠤᠭᠤ ᠰᠢᠭ ᠦᠬᠢᠨ ᠴᠢᠨᠢ ᠦᠨᠳᠦᠷ ᠦᠰᠴᠦ ᠪᠠᠢ᠌ᠨ᠎ᠠ


ᠨᠥᠭᠦᠷ ᠮᠢᠨᠢ ᠪᠠᠢ᠌ᠬᠤ ᠳ᠋ᠤ

ᠨᠦᠮᠦᠷᠢ ᠨᠢ ᠨᠤᠳᠤᠭ ᠤᠨ ᠠᠭᠤᠯᠠ ᠰᠢᠭ ᠭᠦᠳᠡᠷ ᠪᠠᠢ᠌ᠪᠠ

ᠣᠷᠤᠭᠤ ᠭᠠᠵᠠᠷ ᠣᠷᠤᠰᠤᠭᠰᠠᠨ ᠣᠰᠤ ᠰᠢᠭ ᠭᠦᠴᠦᠳᠡᠢ ᠪᠠᠢ᠌ᠪᠠ

ᠣᠠᠳᠠᠬᠤ ᠳᠤ ᠵᠡᠭᠦᠳᠤ ᠮᠢᠨᠢ ᠭᠦᠷᠳᠡᠯ᠎ᠡ ᠳᠠᠭᠤᠯᠠᠳᠠᠭ ᠪᠠᠢ᠌ᠪᠠ


ᠭᠤᠷᠪᠠ


ᠨᠥᠭᠦᠷ ᠤᠨ ᠶᠢᠡᠨ ᠡᠵᠡᠭᠦᠢ ᠳ᠋ᠤ

ᠨᠢᠭᠤᠨ ᠪᠠᠢ᠌ᠵᠤ ᠨᠠᠭᠤᠷ ᠪᠣᠯᠳᠠᠯ᠎ᠠ ᠣᠭᠢᠯᠠᠶ᠎ᠠ

ᠨᠢᠭᠡᠳᠦᠯ ᠳᠤ ᠣᠴᠢᠭᠠᠤᠨ ᠢᠷᠡᠭ᠍ᠰᠡᠨ ᠦᠭᠡᠶ ᠪᠠᠷ

ᠨᠥᠮᠵᠦᠭᠯᠡᠨ ᠰᠠᠨᠠᠵᠤ ᠭᠦᠯᠢᠶᠡᠶ᠎ᠡ


ᠬᠤᠩᠭ᠋ᠤᠷ ᠬᠠᠯᠢᠭᠤᠨ ᠮᠤᠷᠢ ᠲᠡᠶ ᠪᠠᠨ

ᠳᠠᠭᠤᠯᠠᠭᠠᠤᠨ ᠢᠷᠡᠭᠦ ᠪᠠᠷ ᠪᠣᠳᠤᠵᠤ

ᠬᠤᠨᠢᠨ ᠴᠠᠭᠠᠨ ᠪᠠᠢ᠌ᠰᠢᠩ ᠳ᠋ᠠᠭᠠᠨ

ᠳᠡᠨᠢᠭᠦᠭᠡᠨ ᠵᠢᠷᠭᠠᠬᠤ ᠪᠠᠷ ᠭᠦᠰᠡᠶ᠎ᠡ


ᠥᠭᠦᠯ ᠶᠠᠷᠤ ᠡᠴᠡ ᠬᠤᠳᠠᠯ ᠪᠠᠢ᠌ᠵᠤ

ᠦᠳᠡᠰᠢ ᠶᠢᠨ ᠵᠡᠭᠦᠳᠤ ᠰᠢᠭ᠌ ᠬᠤᠭᠤᠰᠤᠨ ᠪᠠᠢ᠌ᠵᠤ

ᠳᠤᠭᠤᠯ ᠤᠨ ᠪᠠᠯᠴᠢᠭᠡᠷ ᠲᠤ ᠪᠠᠨ ᠳᠦᠭᠡᠷᠢᠭ᠍ᠰᠡᠨ ᠪᠠᠢ᠌ᠵᠤ

ᠳᠤᠨᠤᠷᠠᠭᠰᠠᠨ ᠬᠠᠷᠠᠴᠠ ᠪᠠᠷ ᠰᠢᠪᠠᠭᠦᠯᠦᠭ᠍ᠰᠡᠨ ᠪᠠᠢ᠌ᠵᠤ


ᠬᠠᠪᠣᠷ ᠤᠨ ᠳᠡᠭ᠍ᠷᠢ ᠶᠢᠨ ᠠᠭᠠᠰᠢ ᠪᠠᠷ ᠣᠶᠠᠷᠠᠨ ᠪᠠᠢ᠌ᠵᠤ

ᠬᠠᠢ᠌ᠯ ᠤᠨ ᠣᠰᠤ ᠰᠢᠭ ᠣᠶᠠᠬᠠᠨ ᠮᠠᠯᠮᠠᠷᠠᠨ ᠪᠠᠢ᠌ᠵᠤ

ᠥᠩᠭᠡᠷᠡᠵᠤ ᠥᠭ᠍ᠳᠡᠭ᠌ ᠦᠭᠡᠶ ᠰᠠᠯᠭᠢᠠᠳᠤ ᠣᠯᠠᠷᠢᠯ ᠢ ᠬᠠᠷᠠᠨ ᠪᠠᠢ᠌ᠵᠤ

ᠦᠭᠡᠶ ᠪᠦᠭᠦᠨ ᠢ ᠪᠠᠢ᠌ᠬᠤ ᠪᠠᠷ ᠬᠠᠢ᠌ᠷᠠᠯᠠᠨ ᠪᠠᠢ᠌ᠵᠤ


ᠠᠷᠠᠰᠤᠨ ᠳᠠᠪᠠᠯ ᠳᠤ ᠴᠢᠨᠢ ᠰᠢᠩᠭᠡᠭ᠍ᠰᠡᠨ

ᠦᠷ᠎ᠡ ᠶᠢᠨ ᠶᠢᠡᠨ ᠦᠨᠦᠷ ᠢ ᠮᠠᠷᠳᠠᠭ᠎ᠠ ᠦᠭᠡᠶ ᠪᠠᠢ᠌ᠵᠤ

ᠠᠭᠤᠷ ᠢ ᠮᠢᠨᠢ ᠣᠠᠳᠠᠷᠠᠭᠠᠳᠠᠭ

ᠣᠴᠢᠷᠳᠠᠢ ᠢᠨᠢᠶᠠᠳᠤ ᠪᠠᠨ ᠬᠠᠶᠠᠭ᠎ᠠ ᠦᠭᠡᠶ ᠪᠠᠢ᠌ᠵᠤ


ᠠᠭᠤᠯᠠ ᠰᠢᠭ ᠡᠩᠭᠡᠷ ᠢ ᠴᠢᠨᠢ ᠳᠠᠯᠢᠵᠤ

ᠠᠶᠠᠳᠠᠢ᠌ᠬᠠᠨ ᠡᠷᠭᠡᠯᠡᠳᠡᠭ᠌ ᠶᠢᠡᠨ ᠵᠡᠭᠦᠳᠦᠯᠡᠨ ᠪᠠᠢ᠌ᠵᠤ

ᠠᠮᠠᠷᠠᠭᠬᠠᠨ ᠵᠢᠷᠭᠠᠯ ᠢ ᠴᠢᠨᠢ ᠡᠯᠢᠵᠤ

ᠠᠯᠠᠭᠬᠠᠨ ᠵᠢᠷᠦᠭᠡ ᠪᠠᠨ ᠳᠦᠭ᠍ᠰᠢᠭᠦᠯᠤᠨ ᠪᠠᠢ᠌ᠵᠤ


ᠣᠳᠤᠳ ᠰᠢᠩᠭᠡᠷᠡᠳᠡᠯ᠎ᠡ ᠣᠯᠠᠨ ᠰᠠᠷᠠᠵᠤ

ᠣᠷᠤᠭᠠᠤᠨ ᠢᠷᠡᠭᠦ ᠭᠡᠵᠤ ᠣᠷᠤᠨ ᠡᠴᠡ ᠪᠠᠨ ᠪᠣᠰᠴᠤ

ᠥᠵᠦᠭᠦᠷ ᠦᠭᠡᠶ ᠵᠤᠪᠠᠯ ᠢ ᠳᠠᠰᠤᠯᠵᠤ

ᠦᠣᠷ ᠶᠢᠡᠷ ᠡᠭᠦᠳᠡᠨ ᠳᠡᠭᠡᠨ ᠵᠤᠭᠰᠤᠵᠤ


ᠠᠮᠢᠳᠤᠷᠠᠯ ᠥᠭᠦᠯ ᠤᠨ ᠬᠤᠯᠠ ᠶᠢᠨ ᠵᠠᠢ ᠳ᠋ᠤ

ᠣᠶᠠᠬᠠᠨ ᠪᠦᠰᠡᠭᠦᠢ ᠡᠡᠭ᠍ᠰᠡᠷᠡᠵᠤ ᠶᠠᠪᠣᠨ᠎ᠠ

ᠠᠢ᠌ᠯ ᠠᠶᠠᠨ ᠤ ᠤᠢ᠌ᠷᠠᠬᠠᠨ ᠬᠠᠶᠠᠭᠠᠨ ᠳ᠋ᠤ

ᠦᠨᠦᠴᠢᠨ ᠰᠢᠪᠠᠭᠤ ᠰᠢᠭ ᠭᠠᠩᠰᠠᠷᠠᠵᠤ ᠢᠷᠠᠨ᠎ᠡ


ᠠᠯᠳᠠᠵᠤ ᠣᠯᠳᠠᠭ ᠬᠤᠷᠸ᠎ᠠ ᠶᠢᠨ ᠵᠢᠮ᠎ᠠ ᠪᠠᠷ

ᠰᠠᠢ᠌ᠬᠠᠨ ᠪᠦᠭᠦᠨ ᠢ ᠪᠣᠳᠤᠵᠤ ᠨᠠᠢ᠌ᠷᠠᠭᠯᠠᠯ ᠪᠢᠴᠢᠯ᠎ᠠ

ᠠᠮᠢᠳᠤᠷᠠᠯ ᠤᠨ ᠣᠤᠠᠬᠤᠨ ᠬᠠᠪᠣᠷ ᠵᠢᠠᠷ

ᠰᠠᠢ᠌ᠬᠠᠨ ᠭᠦᠮᠤᠨ ᠳᠤ ᠳᠤᠤᠯᠢ ᠪᠢᠴᠢᠯ᠎ᠠ


ᠨᠥᠭᠦᠷ ᠤᠨ ᠶᠢᠡᠨ ᠡᠵᠡᠭᠦᠢ ᠳ᠋ᠤ

ᠨᠢᠭᠤᠨ ᠪᠠᠢ᠌ᠵᠤ ᠨᠠᠭᠤᠷ ᠪᠣᠯᠳᠠᠯ᠎ᠠ ᠣᠭᠢᠯᠠᠶ᠎ᠠ

ᠨᠢᠭᠡᠳᠦᠯ ᠳᠤ ᠣᠴᠢᠭᠠᠤᠨ ᠢᠷᠡᠭ᠍ᠰᠡᠨ ᠦᠭᠡᠶ ᠪᠠᠷ

ᠨᠥᠮᠵᠦᠭᠯᠡᠨ ᠰᠠᠨᠠᠵᠤ ᠭᠦᠯᠢᠶᠡᠶ᠎ᠡ


ᠵᠤᠬᠢᠶᠠᠭᠴᠢ ᠶᠢᠨ ᠬᠠᠶ‍ᠢᠭ᠄ ᠣᠷᠳᠤᠰ

ᠵᠤᠬᠢᠶᠠᠭᠴᠢ᠄ ᠴᠡᠩᠭᠡᠯᠳᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2627
ᠴᠠᠭ᠄ 2010 ᠤᠨ ᠤ 07 ᠰᠠᠷ᠎ᠠ ᠶᠢᠨ 09
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ