☆ ᠪᠠᠶᠠᠭᠤᠳ ᠳᠡᠭᠦᠦᠵᠢᠶᠠᠭᠠ
ᠵᠡᠭᠦᠳᠤ ᠭᠡᠳᠡᠭ᠌ ᠰᠤᠨᠢᠨ ᠶᠠᠭᠤᠮ᠎ᠠ
ᠶᠠᠭᠤᠨ ᠤ ᠭᠦᠮᠤᠨ ᠶᠠᠭᠤᠨ ᠳᠤ ᠪᠠᠨ ᠭᠡᠵᠤ
ᠶᠠᠭᠤᠨ ᠳᠤ ᠵᠠᠪᠠᠯ ᠭᠢᠴᠢᠶᠠᠯ ᠣᠷᠤᠵᠤ ᠪᠠᠢ᠌ᠨ᠎ᠠ ᠭᠡᠵᠤ ᠵᠡᠭᠦᠳᠦᠯᠡᠳᠡᠭ᠌ ᠶᠤᠮ︖
ᠨᠢᠭᠡᠯᠭᠡᠨ ᠣᠳᠠᠭᠠᠨ ᠤ ᠵᠡᠭᠦᠳᠤ ᠶᠤᠮ ᠪᠣᠯ
ᠨᠢᠭᠡᠴᠤ ᠨᠢᠭᠤᠭᠠᠤᠨ ᠪᠢ ᠭᠦᠮᠤᠨ ᠳᠤ ᠭᠡᠯᠡᠭᠦ ᠦᠭᠡᠶ᠂
ᠨᠠᠢ᠌ᠳᠠ ᠳᠤ ᠪᠠᠨ ᠢᠩᠭᠢᠵᠤ ᠵᠡᠭᠦᠳᠦᠯᠡᠭᠡᠳ ᠪᠠᠢ᠌ᠬᠤᠯᠠᠷ
ᠨᠢᠭᠡ ᠦᠯᠡᠳᠡᠭᠡᠯ ᠦᠭᠡᠶ ᠪᠢ ᠭᠦᠮᠤᠨ ᠳᠤ ᠭᠡᠯᠡᠨ᠎ᠡ᠃
ᠵᠦᠪ ᠵᠥᠭᠡᠷ ᠰᠠᠢ᠌ᠬᠠᠨ ᠰᠤᠨᠤᠰᠳᠠᠭ ᠬᠡᠦᠬᠡᠳ ᠢ
ᠵᠦᠷᠢᠭᠦᠤ ᠪᠣᠷᠤᠭᠤ ᠠᠭᠠᠰᠢᠯᠠᠯᠠ ᠭᠡᠵᠤ ᠵᠡᠭᠦᠳᠦᠯᠡᠭᠦ ᠶᠤᠮ᠂
ᠵᠥᠩᠳᠡᠭᠡᠨ ᠠᠰᠠᠭᠤᠯᠳᠠ ᠬᠠᠷᠢᠭᠤᠯᠳᠠᠭ ᠨᠥᠭᠦᠤᠨ ᠢ
ᠵᠦᠯᠴᠢ᠌ᠵᠤ ᠰᠠᠭᠤᠭᠠᠤᠨ ᠭᠦᠳᠡᠯᠭᠦ ᠦᠭᠡᠶ ᠭᠡᠵᠤ ᠵᠡᠭᠦᠳᠦᠯᠡᠭᠦ ᠶᠤᠮ᠃
ᠠᠯᠴᠢᠭᠤᠷ ᠮᠠᠯᠠᠭᠠᠢ ᠵᠡᠭᠦᠴᠢᠭᠡᠭᠡᠳ
ᠣᠪᠠᠢ᠌ᠯᠠᠬᠤ ᠴᠤ ᠦᠭᠡᠶ ᠭᠡᠵᠤ ᠵᠡᠭᠦᠳᠦᠯᠡᠭᠦ ᠶᠤᠮ᠂
ᠠᠯᠢ ᠡᠴᠠ ᠨᠢ ᠴᠤ ᠠᠰᠠᠭᠤᠪᠠᠴᠤ ᠮᠡᠳᠡᠭᠦ ᠥᠭᠡᠢ
ᠮᠠᠯᠠᠷᠠᠵᠤ ᠪᠠᠢ᠌ᠨ᠎ᠠ ᠭᠡᠵᠤ ᠵᠡᠭᠦᠳᠦᠯᠡᠭᠦ ᠶᠤᠮ᠃
ᠳᠠᠪᠳᠠᠵᠤ ᠰᠠᠭᠤᠭᠰᠠᠨ ᠨᠥᠭᠦᠤᠨ ᠢ
ᠳᠠᠪᠠᠭᠤᠷᠠᠵᠤ ᠪᠠᠢ᠌ᠨ᠎ᠠ ᠭᠡᠵᠤ ᠵᠡᠭᠦᠳᠦᠯᠡᠭᠦ ᠶᠤᠮ
ᠳᠠᠯᠤ ᠮᠦᠷᠤ ᠡᠴᠠ ᠨᠢ ᠳᠠᠳᠠᠭᠰᠠᠨ ᠴᠤ
ᠣᠯᠢ᠌ᠬᠤ ᠴᠤ ᠦᠭᠡᠶ ᠭᠡᠵᠤ ᠵᠡᠭᠦᠳᠦᠯᠡᠭᠦ ᠶᠤᠮ᠃
ᠴᠠᠪᠠᠷ ᠳᠡᠭ᠍ᠰᠢ ᠪᠢᠴᠢᠳᠡᠭ᠌ ᠨᠥᠭᠦᠤᠨ ᠢ
ᠰᠢᠳᠤ ᠠᠴᠤᠭ ᠦᠭᠡᠶ ᠪᠢᠴᠢᠯ᠎ᠠ ᠭᠡᠵᠤ ᠵᠡᠭᠦᠳᠦᠯᠡᠭᠦ ᠶᠤᠮ᠂
ᠰᠢᠠᠵᠢᠵᠤ ᠠᠵᠢᠭᠯᠠᠭᠠᠤᠨ ᠵᠤᠬᠢᠶᠠᠯ ᠪᠢᠴᠢᠳᠡᠭ᠌ ᠰᠤᠷᠤᠭᠴᠢ ᠵᠢ
ᠰᠠᠨᠠᠭᠠᠨ ᠳᠠᠪᠠ ᠪᠠᠷ ᠶᠢᠡᠨ ᠡᠷᠦᠢ ᠬᠤᠷᠤᠢ ᠦᠭᠡᠶ ᠪᠢᠴᠢᠯ᠎ᠠ ᠭᠡᠵᠤ ᠵᠡᠭᠦᠳᠦᠯᠡᠳᠡᠭ᠌ ᠶᠤᠮ᠃
ᠶᠠᠷᠢᠭᠠᠤᠨ ᠪᠠᠷᠠᠬᠤ ᠦᠭᠡᠶ ᠶᠠᠩᠰᠢᠶ᠎ᠠ ᠥᠭᠡᠰ ᠵᠢᠠᠨ
ᠶᠠᠭ ᠣᠯᠳᠠᠬᠤ ᠦᠭᠡᠶ ᠯᠠᠢ ᠭᠡᠵᠤ ᠵᠡᠭᠦᠳᠦᠯᠡᠭᠦ ᠶᠤᠮ᠂
ᠭᠡᠯᠡᠭᠡᠳ ᠪᠠᠷᠠᠬᠤ ᠦᠭᠡᠶ ᠭᠡᠳᠦᠷᠭᠡᠢ ᠥᠭᠡᠰ ᠵᠢᠠᠨ
ᠭᠡᠮᠵᠢᠶ᠎ᠡ ᠲᠡᠶ ᠪᠣᠯᠤᠯ᠎ᠠ ᠭᠡᠵᠤ ᠵᠡᠭᠦᠳᠦᠯᠡᠭᠦ ᠶᠤᠮ᠂
ᠶᠠᠭᠠᠭᠢᠵᠤ ᠭᠡᠯᠡᠪᠠᠴᠤ ᠳᠦᠭᠦᠭᠡᠷᠡᠭᠦᠯᠵᠤ ᠳᠡᠢ᠌ᠯᠭᠦ ᠥᠭᠡᠢ
ᠶᠠᠭᠠᠷᠠᠵᠤ ᠪᠠᠴᠢᠮᠳᠠᠭᠠᠤᠨ ᠰᠡᠷᠢᠳᠡᠭ᠌ ᠶᠤᠮ᠂
ᠭᠡᠷᠭᠢᠵᠤ ᠭᠡᠯᠡᠪᠠᠴᠤ ᠭᠡᠯᠡᠵᠤ ᠳᠡᠢ᠌ᠯᠭᠦ ᠥᠭᠡᠢ
ᠭᠡᠳᠡᠷ ᠭᠦᠷᠦᠭᠡᠳ ᠰᠡᠷᠢᠳᠡᠭ᠌ ᠶᠤᠮ᠃
ᠵᠡᠭᠦᠳᠤᠨ ᠡᠴᠠ ᠪᠠᠨ ᠰᠡᠷᠢᠭᠡᠳ ᠬᠤᠳᠠᠯ ᠪᠣᠯᠬᠤᠯᠠᠷ
ᠵᠥᠭᠡᠷ ᠳᠤᠳᠤᠷ᠎ᠠ ᠳᠠᠯᠪᠢᠭᠤᠷᠳᠠᠭ ᠴᠤ
ᠵᠢᠷᠦᠭᠡ ᠭᠤᠤᠯ ᠠᠮᠠ ᠪᠠᠷ ᠭᠠᠷᠤᠮᠠᠷ
ᠰᠠᠪᠠᠯᠠᠵᠤ ᠪᠠᠢ᠌ᠬᠤ ᠨᠢ ᠦᠨᠡᠨ ᠪᠠᠢ᠌ᠭᠰᠠᠨ᠃
ᠵᠡᠭᠦᠳᠤ ᠭᠡᠳᠡᠭ᠌ ᠬᠤᠳᠠᠯ ᠶᠠᠭᠤᠮ᠎ᠠ
ᠵᠥᠩᠳᠡᠭᠡᠨ ᠡᠰᠡᠷᠭᠦ ᠪᠠᠷ ᠵᠡᠭᠦᠳᠦᠯᠡᠳᠡᠭ᠌ ᠶᠤᠮ᠂
ᠵᠡᠭᠦᠳᠤ ᠭᠡᠳᠡᠭ᠌ ᠰᠤᠨᠢᠨ ᠶᠠᠭᠤᠮ᠎ᠠ
ᠵᠢᠷᠦᠭᠡᠨ ᠳᠤ ᠪᠠᠨ ᠪᠣᠳᠤᠭᠰᠠᠨ ᠶᠢᠡᠨ ᠯᠠ ᠵᠡᠭᠦᠳᠦᠯᠡᠳᠡᠭ᠌ ᠶᠤᠮ᠃
ᠵᠤᠬᠢᠶᠠᠭᠴᠢ ᠶᠢᠨ ᠬᠠᠶᠢᠭ᠄ ᠬᠤᠷᠴᠢᠨ ᠵᠡᠭᠦᠨ ᠭᠠᠷᠤᠨ ᠬᠣᠢ᠌ᠳᠤ ᠬᠤᠰᠢᠭᠤᠨ ᠤ ᠠᠳᠤᠭᠤᠴᠢᠨ ᠰᠤᠮᠤ ᠶᠢᠨ ᠡᠮᠡᠭᠡᠯ ᠳᠤᠮᠳᠠᠳᠤ ᠰᠤᠷᠭᠠᠭᠤᠯᠢ
ᠵᠤᠬᠢᠶᠠᠭᠴᠢ᠄ ᠪᠠᠶᠠᠭᠤᠳ ᠳᠡᠭᠦᠦᠵᠢᠶᠠᠭᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2639
ᠴᠠᠭ᠄ 2010 ᠤᠨ ᠤ 07 ᠰᠠᠷ᠎ᠠ ᠶᠢᠨ 08
ᠨᠠᠢ᠌ᠷᠠᠭᠤᠯᠤᠭᠴᠢ᠄ ᠪᠦᠬᠡᠡᠷᠳᠡᠨᠢ