☆ ᠰ·ᠪᠦᠭᠡᠴᠢᠯᠡᠭᠤ
ᠮᠤᠩᠭ᠋ᠤᠯ ᠤᠨ ᠥᠡᠳᠦᠷᠯᠢᠭ᠌ ᠮᠢᠨᠢ ᠴᠢᠨ᠋ᠸ᠎ᠠ ᠪᠠᠨ ᠬᠠᠢ᠌ᠷᠠᠯᠠ
ᠣᠷᠳᠤ ᠶᠢᠨ ᠳᠠᠭᠤᠤ ᠲᠡᠶ
ᠥᠡᠳᠦᠷᠯᠢᠭ᠌ ᠮᠢᠨᠢ ᠴᠢᠨ᠋ᠸ᠎ᠠ ᠪᠠᠨ ᠬᠠᠢ᠌ᠢᠷᠠᠯᠠ ︕
ᠡᠪᠦᠯ ᠤᠨ ᠣᠷᠳᠤ ᠰᠦᠨᠢ
ᠡᠪᠦᠷ ᠰᠡᠢ᠌ᠭᠡᠭᠦᠯᠵᠤ ᠢᠷᠡᠳᠡᠭ᠌
ᠡᠯᠢᠭᠡ ᠵᠢᠷᠦᠭᠡ ᠲᠡᠶ ᠠᠮᠢᠳᠠᠨ
ᠴᠢᠨ᠋ᠸ᠎ᠠ ᠶᠢ ᠬᠠᠢ᠌ᠷᠠᠯᠠ ︕
ᠪᠣᠰᠤᠭ᠎ᠠ ᠬᠠᠳᠠᠨ ᠤ ᠳᠡᠭᠡᠷ᠎ᠡ
ᠳᠡᠭ᠍ᠷᠢ ᠬᠠᠷᠠᠵᠤ ᠣᠯᠢᠬᠤ ᠳᠤ
ᠪᠣᠳᠢᠷ ᠤᠨ ᠴᠢᠯᠠᠭᠤᠳ ᠤᠨ ᠰᠦᠨᠠᠰᠤ
ᠲᠥᠪ ᠲᠡᠭᠡᠨ ᠢᠵᠢᠯᠰᠢᠵᠤ ᠨᠡᠢ᠌ᠯᠡᠳᠡᠭ᠌
ᠴᠢᠨ᠋ᠸ᠎ᠠ ᠪᠠᠨ ᠬᠠᠢ᠌ᠷᠠᠯᠠ ︕
ᠳᠠᠷᠬᠠᠵᠤ ᠪᠣᠳᠠᠷᠠᠭᠰᠠᠨ ᠬᠤᠨᠢ
ᠳᠤᠭᠰᠢᠨ ᠰᠦᠷ ᠲᠤ ᠪᠦᠭᠡᠮᠨᠡᠷᠡᠵᠤ
ᠳᠠᠰ ᠬᠠᠷ᠎ᠠ ᠠᠵᠢᠷᠭ᠎ᠠ ᠶᠢᠨ
ᠳᠠᠯ ᠨᠢ ᠱᠤᠤᠭᠢᠵᠤ ᠪᠣᠰᠳᠠᠭ
ᠴᠢᠨ᠋ᠸ᠎ᠠ ᠪᠠᠨ ᠬᠠᠢ᠌ᠷᠠᠯᠠ ︕
ᠰᠠᠯᠭᠢ ᠰᠢᠭᠤᠷᠭᠠᠨ ᠮᠠᠳᠤ
ᠰᠦᠷ ᠢᠷᠮᠡᠭᠦᠨ ᠳᠠᠭᠠᠷᠢᠯᠳᠠ ᠳ᠋ᠤᠨᠢ
ᠰᠥᠨᠦᠭ᠍ᠰᠡᠨ ᠬᠠᠢ᠌ᠷᠬᠠᠨ ᠤ ᠴᠢᠯᠠᠭᠤ
ᠰᠢᠷᠬ᠎ᠠ ᠪᠠᠨ ᠳᠤᠯᠢᠶᠠᠵᠤ ᠡᠳᠡᠭᠡᠷᠡᠳᠡᠭ᠌
ᠴᠢᠨ᠋ᠸ᠎ᠠ ᠪᠠᠨ ᠬᠠᠢ᠌ᠷᠠᠯᠠ ︕
ᠰᠠᠷ᠎ᠠ ᠦᠭᠡᠶ ᠬᠠᠷᠠᠩᠭ᠋ᠤᠢ ᠳᠤ
ᠰᠤᠠᠵᠤ ᠭᠦᠶᠦᠭᠦ ᠳᠡᠭᠡᠨ ᠴᠤ
ᠰᠤᠷᠭᠤᠭ ᠴᠡᠴᠡᠭ᠌ ᠤᠨ ᠳᠡᠭᠡᠷ᠎ᠡ
ᠭᠦᠯ ᠭᠢᠰᠭᠢᠳᠡᠭ᠌ ᠦᠭᠡᠶ
ᠴᠢᠨ᠋ᠸ᠎ᠠ ᠪᠠᠨ ᠬᠠᠢ᠌ᠷᠠᠯᠠ ︕
ᠭᠦᠭ᠍ᠰᠢᠷᠡᠵᠤ ᠡᠴᠦᠰᠯᠡᠭᠦ ᠦᠶ᠎ᠡ ᠳᠡᠭᠡᠨ
ᠭᠦᠯ ᠣᠯᠠ ᠶᠢᠨ ᠳᠤᠭᠤᠰᠤ ᠪᠠᠷ
ᠭᠡᠭᠦᠷ ᠶᠠᠰᠤ ᠪᠠᠨ ᠳᠠᠷᠤᠬᠤ ᠦᠭᠡᠶ
ᠬᠠᠨ ᠳᠡᠭ᠍ᠷᠢ ᠳᠡᠭᠡᠨ ᠬᠠᠯᠢᠳᠠᠭ
ᠴᠢᠨ᠋ᠸ᠎ᠠ ᠪᠠᠨ ᠬᠠᠢ᠌ᠷᠠᠯᠠ ︕
ᠪᠦᠰᠡᠯᠡᠵᠤ ᠬᠠᠮᠤᠷᠬᠤ ᠰᠤᠷᠢᠭᠠᠨ ᠤ
ᠪᠡᠯᠡᠳᠭᠡᠯ ᠳᠠᠢ᠌ᠨ ᠢ ᠨᠢ ᠬᠠᠷᠠᠵᠤ
ᠪᠠᠷᠰ ᠡᠴᠡ ᠠᠶᠤᠭᠰᠠᠨ ᠪᠣᠬ᠎ᠠ
ᠰᠦᠨᠠᠰᠤ ᠨᠢ ᠪᠠᠶ᠎ᠠ ᠳᠡᠭᠡᠨ ᠡᠷᠭᠢᠳᠡᠭ᠌
ᠴᠢᠨ᠋ᠸ᠎ᠠ ᠪᠠᠨ ᠬᠠᠢ᠌ᠷᠠᠯᠠ ︕
ᠬᠤᠤᠰ ᠨᠢᠳᠤᠨ ᠡᠴᠡ ᠨᠢ ᠰᠠᠴᠤᠷᠠᠬᠤ
ᠬᠤᠷᠴᠠ ᠰᠢᠷ᠎ᠠ ᠭᠡᠷᠡᠯ ᠶᠢᠡᠷ ᠨᠢ
ᠭᠡᠭᠡᠷ᠎ᠡ ᠬᠤᠨᠤᠭᠰᠠᠨ ᠠᠳᠤᠭᠤ
ᠭᠦᠯ ᠪᠣᠰᠤᠭ᠎ᠠ ᠣᠠᠳᠠᠳᠠᠭ
ᠴᠢᠨ᠋ᠸ᠎ᠠ ᠪᠠᠨ ᠬᠠᠢ᠌ᠷᠠᠯᠠ ︕
ᠪᠣᠷᠤ ᠳᠠᠯ᠎ᠠ ᠶᠢᠨ ᠳᠠᠠᠵᠢᠨ ᠳᠤ
ᠴᠤᠩᠨᠣᠢ᠌ᠵᠤ ᠬᠤᠯᠠ ᠶᠢ ᠰᠢᠷᠳᠡᠭᠦ ᠳᠤ
ᠪᠦᠷᠭᠦᠤᠨ ᠤᠨ ᠣᠩᠭ᠋ᠤᠨ ᠳᠠᠯᠠᠪᠴᠢ
ᠳᠡᠭ᠍ᠷᠢ ᠶᠢᠨ ᠳᠤᠭᠤᠰᠤ ᠶᠢ ᠠᠯᠠᠭᠠᠳᠠᠳᠠᠭ
ᠴᠢᠨ᠋ᠸ᠎ᠠ ᠪᠠᠨ ᠬᠠᠢ᠌ᠷᠠᠯᠠ ︕
ᠰᠦᠷᠦᠭᠯᠡᠵᠤ ᠴᠤᠪᠣᠷᠠᠯᠳᠤᠭᠰᠠᠨ ᠮᠦᠷ ᠳᠤᠨᠢ
ᠰᠠᠯᠭᠢ ᠪᠦᠳᠦᠷᠢᠵᠤ ᠣᠨᠠᠬᠤ ᠳᠤ
ᠰᠠᠢ᠌ᠬᠠᠨ ᠮᠤᠩᠭ᠋ᠤᠯ ᠨᠤᠳᠤᠭ
ᠰᠡᠵᠢᠭ᠌ ᠶᠢᠡᠨ ᠠᠯᠳᠠᠷᠠᠳᠠᠯᠠ ᠰᠤᠨᠢᠶᠠᠳᠠᠭ
ᠴᠢᠨ᠋ᠸ᠎ᠠ ᠪᠠᠨ ᠬᠠᠢ᠌ᠷᠠᠯᠠ ︕
ᠪᠣᠤᠬᠠᠢ ᠶᠢᠨ ᠰᠡᠭᠦᠳᠡᠷ ᠳᠠᠰᠤᠷᠠᠭᠰᠠᠨ
ᠰᠠᠬᠠᠷᠠ ᠶᠢᠨ ᠡᠯᠡᠰᠤᠨ ᠴᠦᠯ
ᠰᠦᠨᠢ ᠪᠠᠷ ᠬᠠᠷ᠎ᠠ ᠳᠠᠷᠤᠵᠤ
ᠰᠥᠭᠡᠩᠭᠢ ᠬᠤᠭᠤᠯᠠᠢ ᠨᠢ ᠬᠠᠳᠠᠳᠠᠭ
ᠴᠢᠨ᠋ᠸ᠎ᠠ ᠪᠠᠨ ᠬᠠᠢ᠌ᠷᠠᠯᠠ ︕
ᠣᠶᠠᠭᠠᠨ ᠭᠦᠭᠡᠮᠡᠢ ᠲᠡᠶ
ᠥᠡᠳᠦᠷᠯᠢᠭ᠌ ᠮᠢᠨᠢ ᠴᠢᠨ᠋ᠸ᠎ᠠ ᠪᠠᠨ ᠬᠠᠢ᠌ᠷᠠᠯᠠ ︕
ᠡᠪᠦᠯ ᠤᠨ ᠣᠷᠳᠤ ᠰᠦᠨᠢ
ᠡᠪᠦᠷ ᠰᠡᠢ᠌ᠭᠡᠭᠦᠯᠵᠤ ᠢᠷᠡᠳᠡᠭ᠌
ᠡᠴᠢᠨ᠎ᠡ ᠳᠠᠯᠳᠠ ᠶᠢᠨ ᠰᠠᠭᠢᠭᠤᠰᠤ
ᠴᠢᠨ᠋ᠸ᠎ᠠ ᠪᠠᠨ ᠬᠠᠢ᠌ᠷᠠᠯᠠ ᠁
ᠵᠤᠬᠢᠶᠠᠭᠴᠢ᠄ ᠰ·ᠪᠦᠭᠡᠴᠢᠯᠡᠭᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2735
ᠴᠠᠭ᠄ 2014 ᠤᠨ ᠤ 01 ᠰᠠᠷ᠎ᠠ ᠶᠢᠨ 24
ᠨᠠᠢ᠌ᠷᠠᠭᠤᠯᠤᠭᠴᠢ᠄ ᠪᠦᠬᠡᠡᠷᠳᠡᠨᠢ