ᠨᠡᠪᠲᠡᠷᠡᠨ ᠤᠷᠤᠬᠤ
ᠮᠠᠠᠳᠤ ᠶᠢᠨ ᠴᠡᠩᠭᠡᠷ ᠭᠦᠳᠡᠭᠡ ᠳᠤ ᠯᠠ ᠵᠤᠨ ᠤ ᠦᠷᠯᠦᠭᠡ ᠰᠠᠢ᠌ᠬᠠᠨ ᠪᠠᠢ᠌ᠳᠠᠭ

ᠮᠠᠠᠳᠤ ᠶᠢᠨ ᠴᠡᠩᠭᠡᠷ ᠭᠦᠳᠡᠭᠡ ᠳᠤ ᠯᠠ ᠵᠤᠨ ᠤ ᠦᠷᠯᠦᠭᠡ ᠰᠠᠢ᠌ᠬᠠᠨ ᠪᠠᠢ᠌ᠳᠠᠭ

ᠮᠡᠡᠳᠦᠭᠡᠨ ᠠᠮᠠᠷᠠᠭᠰᠠᠨ ᠠᠮᠢᠳᠠᠤᠨ ᠵᠥᠭᠡᠯᠡᠭᠡᠨ ᠢᠷᠠᠭᠯᠠᠵᠤ ᠰᠡᠷᠢᠳᠡᠭ᠌ ᠰᠠᠨ᠃


ᠳᠠᠭᠤ ᠪᠠᠨ ᠠᠪᠣᠯᠴᠠᠬᠤ ᠭᠤᠯᠢᠶᠠᠤᠨ ᠤᠨ ᠬᠤᠭᠤᠯᠠᠢ ᠶᠢᠨ ᠡᠭᠡᠰᠢᠭ᠌ ᠨᠢ ᠴᠡᠭᠡᠯᠭᠡᠨ

ᠳᠤᠷᠠᠰᠤᠯ ᠶᠢᠡᠨ ᠢᠯᠡᠭᠡᠯᠴᠡᠭᠦ ᠭᠠᠯᠠᠭᠤᠳ ᠤᠨ ᠦᠳᠦᠨ ᠤ ᠥᠩᠭᠡ ᠨᠢ ᠳᠤᠰᠤᠷᠬᠠᠭ

ᠪᠣᠰᠤᠭᠠᠤᠨ ᠳᠡᠪᠳᠡᠷᠢᠭ᠍ᠰᠡᠨ ᠰᠢᠪᠠᠭᠤᠳ ᠤᠨ ᠵᠢᠭᠦᠷ ᠨᠢ ᠬᠤᠷᠴᠠ ᠶᠠᠩᠵᠤ ᠪᠠᠷ ᠵᠢᠠᠨ

ᠪᠣᠳᠤᠭᠠᠤᠨ ᠬᠤᠨᠤᠭᠰᠠᠨ ᠬᠤᠩᠭ᠋ᠤᠷ ᠤᠨ ᠮᠢᠨᠢ ᠵᠢᠷᠦᠭᠡ ᠨᠢ ᠬᠠᠯᠠᠭᠤᠨ ᠭᠡᠪ ᠶᠢᠡᠷ ᠵᠢᠠᠨ


ᠵᠥᠭᠡᠯᠡᠭᠡᠨ ᠭᠡᠪᠢᠯᠡᠭᠦ ᠦᠨᠢᠶᠠᠤᠨ ᠤᠨ ᠰᠥ᠋ ᠨᠢ ᠠᠰᠬᠠᠷᠠᠮ᠎ᠠ ᠰᠡᠷᠢᠭᠦᠭᠡᠨ

ᠵᠥᠭ᠌ ᠵᠥᠭ᠌ ᠡᠴᠡ ᠤᠢ᠌ᠷᠠᠳᠤᠯᠴᠠᠬᠤ ᠰᠠᠭᠠᠯᠢᠴᠢᠨ ᠭᠡᠦᠭᠡᠡᠴᠦᠳ ᠳᠤᠭᠳᠤᠯᠤᠩᠭ᠋ᠤᠢ᠃

ᠰᠡᠮᠭᠡᠨ ᠴᠢᠩᠨᠠᠬᠤ ᠳᠤᠭᠤᠯ ᠤᠳ ᠰᠦ᠋ ᠪᠠᠨ ᠰᠠᠨᠠᠮ᠎ᠠ ᠨᠠᠮᠤᠬᠠᠨ

ᠰᠠᠩ ᠰᠠᠩ ᠪᠠᠷ ᠰᠢᠪᠳᠤᠷᠠᠬᠤ ᠳᠤ ᠰᠠᠭᠠᠮᠠᠭᠠᠢ ᠶᠢᠨ ᠳᠠᠯᠠᠩ ᠪᠦᠯᠢᠶᠡᠭᠡᠨ᠃


ᠳᠦᠷᠦᠭᠦᠴᠢ ᠶᠢᠨ ᠰᠦᠷᠦᠭ᠌ ᠭᠦᠳᠡᠯᠭᠦ ᠳᠤ ᠰᠠᠯᠭᠢ ᠨᠢ ᠣᠭᠳᠤᠭᠠᠤᠨ ᠳᠠᠭᠠᠳᠠᠢ᠌ᠬᠠᠨ

ᠳᠦᠷᠭᠡᠨ ᠭᠦᠶ‍ᠦᠳᠡᠯᠳᠤ ᠮᠤᠷᠢ ᠪᠠᠷ ᠶᠢᠡᠨ ᠬᠣᠢ᠌ᠨ᠎ᠠ ᠡᠴᠡ ᠨᠢ ᠮᠤᠷᠳᠠᠬᠤ ᠳᠤ ᠪᠠᠬᠠᠳᠠᠢ᠌ᠬᠠᠨ᠃

ᠰᠡᠭᠦᠯᠴᠢ ᠶᠢᠨ ᠰᠦᠷᠦᠭ᠌ ᠭᠦᠳᠡᠯᠭᠦ ᠳᠤ ᠴᠤᠪᠣᠭ᠎ᠠ ᠳᠠᠳᠠᠭᠠᠤᠨ ᠰᠠᠷᠠᠭᠤᠯᠬᠠᠨ

ᠰᠢᠭᠦᠳᠡᠷᠢ ᠶᠢᠨ ᠣᠰᠤ ᠨᠢ ᠪᠣᠳᠠᠷᠠᠭᠠᠤᠨ ᠰᠤᠪᠣᠳᠤᠨ ᠮᠥᠭᠦᠯᠢᠭ᠌ ᠰᠢᠭ᠌ ᠴᠤᠪᠣᠭᠤᠬᠠᠨ᠃


ᠠᠮᠠᠷᠠᠭ ᠨᠤᠳᠤᠭ ᠤᠨ ᠳᠡᠭ᠍ᠷᠢ ᠬᠠᠷᠠᠬᠤ ᠳᠤᠳᠤᠮ ᠳᠤᠯᠠᠭᠠᠬᠠᠨ

ᠠᠷᠭᠠᠯ ᠤᠨ ᠴᠡᠩᠭᠡᠷ ᠣᠳᠤᠭ᠎ᠠ ᠰᠠᠪᠰᠠᠬᠤ ᠳᠤᠳᠤᠮ ᠰᠢᠯᠤᠭᠤᠬᠠᠨ᠃

ᠣᠴᠢᠷᠳᠠᠢ ᠠᠢ᠌ᠯ ᠤᠨ ᠪᠠᠷ᠎ᠠ ᠤᠢ᠌ᠷᠠᠳᠤᠬᠤ ᠳᠤᠳᠤᠮ ᠬᠠᠯᠠᠭᠤᠬᠠᠨ

ᠣᠬᠠᠭ᠎ᠠ ᠲᠡᠶ ᠪᠠᠷᠢ ᠶᠢᠨ ᠴᠠᠢ ᠰᠠᠮᠤᠷᠠᠬᠤ ᠳᠤᠳᠤᠮ ᠰᠢᠷᠭᠠᠯᠬᠠᠨ᠃


ᠣᠶᠠᠭᠠᠨ ᠳᠡᠭᠡᠷ᠎ᠡ ᠨᠢ ᠪᠠᠭᠤᠬᠤ ᠳᠤ ᠨᠤᠬᠠᠢ ᠨᠢ ᠪᠣᠤᠷᠠᠭᠠᠤᠨ ᠳᠠᠨᠢᠯᠬᠠᠨ

ᠣᠭᠳᠤᠭᠠᠤᠨ ᠭᠠᠷᠬᠤ ᠪᠦᠰᠡᠭᠦᠢᠳ ᠤᠨ ᠴᠢᠷᠠᠢ ᠨᠢ ᠴᠠᠭᠠᠨ᠎ᠠ ᠪᠠᠨ ᠮᠥᠰᠢᠶᠡᠩᠭᠦᠢ᠃

ᠣᠴᠠᠷᠠᠵᠤ ᠬᠠᠨᠢᠰᠤᠨ ᠰᠠᠭᠤᠬᠤ ᠳᠤ ᠮᠤᠩᠭ᠋ᠤᠯ ᠰᠡᠳᠬᠢᠯ ᠴᠠᠭᠠᠯᠬᠠᠨ

ᠣᠳᠠᠳᠠᠯ᠎ᠠ ᠰᠠᠭᠤᠭᠠᠤᠨ ᠪᠣᠴᠠᠬᠤ ᠳᠤ ᠡᠷᠭᠢᠵᠤ ᠬᠠᠷᠠᠮᠠᠷ ᠢᠳᠡᠭᠡᠰᠢᠩᠭᠦᠢ ᠡ᠃


ᠡᠭᠢ ᠨᠤᠤᠷᠠᠭ ᠢ 1995 ᠣᠨ ᠤ 8 ᠰᠠᠷ᠎ᠠ


ᠵᠤᠬᠢᠶᠠᠭᠴᠢ ᠶᠢᠨ ᠬᠠᠶ‍ᠢᠭ᠄ ᠰᠢᠯᠤᠭᠤᠨ ᠭᠦᠭᠡ ᠬᠤᠰᠢᠭᠤᠨ ᠤ ᠮᠤᠩᠭ᠋ᠤᠯ ᠳᠤᠮᠳᠠᠳᠤ ᠰᠤᠷᠭᠠᠭᠤᠯᠢ

ᠵᠤᠬᠢᠶᠠᠭᠴᠢ᠄ ᠴᠤᠭᠳᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2638
ᠴᠠᠭ᠄ 2010 ᠤᠨ ᠤ 05 ᠰᠠᠷ᠎ᠠ ᠶᠢᠨ 28
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ