☆ ᠪᠠ᠊·ᠢᠯᠠᠯᠳᠠ
ᠠᠪᠣ ᠶᠢᠨ ᠮᠢᠨᠢ ᠳᠦᠷᠢ
ᠵᠠᠪᠢᠯᠠᠵᠤ ᠰᠠᠭᠤᠳᠠᠭ ᠠᠪᠣ ᠶᠢᠨ ᠮᠢᠨᠢ ᠳᠦᠷᠢ
ᠵᠢᠪᠬᠤᠯᠠᠩᠳᠤ ᠠᠭᠤᠯᠠᠰ ᠮᠢᠨᠢ ᠳᠦᠷᠢ ᠪᠠᠷ ᠶᠢᠡᠨ ᠶᠤᠮ
ᠵᠢᠷᠠᠨ ᠵᠢᠯ ᠤᠨ ᠵᠢᠷᠭᠠᠯ ᠵᠤᠪᠠᠯᠠᠩ ᠨᠢ
ᠵᠢᠰᠤ ᠴᠢᠷᠠᠢ ᠳ᠋ᠤᠨᠢ ᠬᠠᠷᠠᠭᠳᠠᠳᠠᠭ ᠶᠤᠮ
ᠳᠠᠪᠠᠷᠢᠵᠤ ᠥᠰᠭᠡᠭ᠍ᠰᠡᠨ ᠠᠪᠣ ᠶᠢᠨ ᠮᠢᠨᠢ ᠳᠦᠷᠢ
ᠳᠠᠷᠠ ᠯᠠ ᠴᠢᠭ᠌ ᠶᠢᠡᠷ ᠶᠢᠡᠨ ᠠᠭᠤᠯᠠᠰ ᠮᠢᠨᠢ ᠶᠤᠮ
ᠳᠡᠭ᠍ᠷᠢᠯᠢᠭ᠌ ᠡᠵᠡᠨ ᠴᠢᠩᠭᠢᠰ ᠤᠨ ᠴᠢᠰᠤ
ᠳᠡᠭᠦᠨ ᠤ ᠪᠠᠶ᠎ᠠ ᠳ᠋ᠤᠨᠢ ᠰᠢᠩᠭᠡᠭᠡᠰᠦᠳᠡᠢ ᠶᠤᠮ
ᠪᠣᠶᠠᠠᠳᠤ ᠠᠪᠣ ᠶᠢᠨ ᠮᠢᠨᠢ ᠡᠩᠭᠡ ᠶᠢᠨ ᠳᠦᠷᠢ
ᠪᠣᠭᠤᠷᠤᠯ ᠠᠭᠤᠯᠠᠰ ᠮᠢᠨᠢ ᠣᠷᠭᠤᠭ᠎ᠠ ᠪᠠᠷ ᠶᠢᠡᠨ ᠶᠤᠮ
ᠪᠣᠮᠠᠨ ᠣᠨ ᠤ ᠪᠣᠰᠤᠭ᠎ᠠ ᠥᠰᠦᠭ᠌ ᠶᠢᠠᠷ ᠶᠢᠠᠨ
ᠮᠤᠩᠭ᠋ᠤᠯ ᠨᠠᠷᠠ ᠨᠢ ᠮᠥᠩᠭᠡ ᠪᠠᠷ ᠶᠢᠡᠨ ᠶᠤᠮ᠃
(ᠲ᠋ᠤᠰ ᠰᠢᠯᠦᠭ᠌ ᠲᠤ ᠠᠶ᠎ᠠ ᠭᠦᠰᠡᠵᠤ ᠪᠠᠢ᠌ᠨ᠎ᠠ ︕)
ᠵᠤᠬᠢᠶᠠᠭᠴᠢ ᠶᠢᠨ ᠬᠠᠶᠢᠭ ᠄ ᠪᠠᠷᠠᠭᠤᠨ ᠦᠵᠦᠮᠤᠴᠢᠨ ᠬᠤᠰᠢᠭᠤᠨ ᠤ ᠪᠠᠶᠠᠠᠬᠤᠧᠨ ᠪᠠᠯᠭᠠᠰᠤᠨ ᠤ ᠪᠠᠶᠠᠨ ᠭᠦᠪᠠᠭᠡ ᠭᠠᠴᠠᠭ᠎ᠠ
ᠵᠤᠬᠢᠶᠠᠭᠴᠢ᠄ ᠪᠠ᠊·ᠢᠯᠠᠯᠳᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2718
ᠴᠠᠭ᠄ 2010 ᠤᠨ ᠤ 03 ᠰᠠᠷ᠎ᠠ ᠶᠢᠨ 22
ᠨᠠᠢ᠌ᠷᠠᠭᠤᠯᠤᠭᠴᠢ᠄ ᠪᠦᠬᠡᠡᠷᠳᠡᠨᠢ