☆ ᠱᠠ᠊·ᠬᠠᠳᠠᠪᠴᠢ
ᠮᠢᠨᠤ ᠲᠦᠰᠢᠶᠠᠳᠤ
ᠠᠭᠤᠯᠠᠰ ᠨᠢ ᠦᠷᠦᠨᠠᠰᠢ ᠳᠡᠪᠭᠢᠯᠳᠦᠭ᠍ᠰᠡᠨ
ᠣᠰᠤ ᠨᠢ ᠳᠤᠷᠤᠨᠠᠰᠢ ᠳᠠᠭᠢᠷᠠᠯᠳᠤᠭᠰᠠᠨ
ᠠᠭᠤᠳᠠᠮ ᠮᠤᠩᠭ᠋ᠤᠯ ᠤᠨ ᠳᠡᠯᠭᠡᠷ ᠬᠤᠷᠸ᠎ᠠ
ᠣᠷᠴᠢᠨ ᠣᠯᠠᠷᠢᠬᠤ ᠪᠠᠢ᠌ᠭᠠᠯᠢᠭ ᠶᠤᠰᠤᠨ ᠳᠤ
ᠣᠳᠤᠮ ᠤᠨ ᠭᠦᠢ ᠵᠠᠯᠭᠠᠵᠤ ᠢᠷᠡᠭ᠍ᠰᠡᠨ
ᠣᠤᠭᠠᠯ ᠨᠤᠳᠤᠭ ᠊᠊᠊᠊᠊᠊᠊᠊᠊᠊᠊᠊᠊᠊᠊ ᠲᠦᠰᠢᠶᠠᠳᠤ ᠮᠢᠨᠢ
ᠠᠭᠠᠷ ᠨᠢ ᠠᠷᠠᠤᠨ ᠤᠨ ᠳᠠᠭᠤᠤ ᠶᠢᠨ ᠭᠦᠭ᠌ ᠲᠡᠶ
ᠠᠷᠠᠠᠰᠢᠨ ᠨᠢ ᠳᠡᠭᠡᠳᠦᠰ ᠤᠨ ᠰᠠᠢ᠌ᠬᠠᠨ ᠦᠪ ᠲᠡᠶ
ᠠᠰᠢᠳᠠ ᠶᠢᠨ ᠵᠠᠶᠠᠭ᠎ᠠ ᠲᠡᠶ ᠰᠠᠢ᠌ᠬᠠᠨ ᠳᠠᠯᠠᠭᠡᠢ
ᠠᠮᠢ ᠨᠢᠭᠡᠳᠦᠯ ᠤᠨ ᠰᠢᠨ᠎ᠠ ᠶᠤᠰᠤᠨ ᠳᠤ
ᠠᠶᠠᠨ ᠤ ᠭᠤᠯᠤᠮᠳᠠ ᠪᠠᠳᠠᠷᠭᠠᠵᠤ ᠢᠷᠡᠭ᠍ᠰᠡᠨ
ᠠᠮᠠᠷᠠᠭ ᠨᠤᠳᠤᠭ ᠊᠊᠊᠊᠊᠊᠊᠊᠊᠊᠊᠊᠊᠊᠊ ᠲᠦᠰᠢᠶᠠᠳᠤ ᠮᠢᠨᠢ
ᠳᠡᠭ᠍ᠷᠢ ᠨᠢ ᠮᠥᠩᠭᠡ ᠭᠦᠭᠡ ᠥᠩᠭᠡ ᠲᠡᠶ
ᠳᠠᠯ᠎ᠠ ᠨᠢ ᠣᠭ᠍ᠶᠤᠨ ᠨᠤᠭᠤᠭᠠᠨ ᠭᠡᠪᠢᠰ ᠲᠡᠶ
ᠳᠡᠨᠢᠭᠡᠷ ᠭᠤᠪᠢ ᠶᠢᠨ ᠦᠨᠢᠷ ᠣᠭᠰᠠᠭ᠎ᠠ
ᠳᠡᠷᠯᠢᠭ᠌ ᠤᠨ ᠬᠤᠷᠮᠤᠢ ᠰᠤᠯᠢᠬᠤ ᠠᠮᠢᠳᠤ ᠶᠤᠰᠤᠨ ᠳᠤ
ᠳᠤᠯᠭ᠎ᠠ ᠶᠢᠨ ᠭᠠᠯ ᠨᠠᠮᠠᠵᠤ ᠢᠷᠡᠭ᠍ᠰᠡᠨ
ᠳᠤᠮᠤᠭ ᠤᠨ ᠨᠤᠳᠤᠭ ᠊᠊᠊᠊᠊᠊᠊᠊᠊᠊᠊᠊᠊᠊᠊ ᠲᠦᠰᠢᠶᠠᠳᠤ ᠮᠢᠨᠢ
ᠪᠠᠭᠡᠵᠢᠩ ᠬᠤᠳᠠᠨ᠎ᠠ ᠊᠊᠊᠊᠊᠊᠊᠊᠊᠊᠊᠊᠊᠊᠊ ᠮᠤᠩᠭ᠋ᠤᠯ ᠠᠢ᠌ᠯ ᠳᠤ
ᠵᠤᠬᠢᠶᠠᠭᠴᠢ᠄ ᠱᠠ᠊·ᠬᠠᠳᠠᠪᠴᠢ
ᠢᠷᠡᠯᠲᠡ᠄ ᠱᠠ᠊·ᠬᠠᠳᠠᠪᠴᠢ
ᠬᠠᠷᠢᠶ᠎ᠠ᠄
ᠰᠢᠯᠦᠭᠳᠠᠷᠤᠮ᠄ 2814
ᠴᠠᠭ᠄ 2008 ᠤᠨ ᠤ 12 ᠰᠠᠷ᠎ᠠ ᠶᠢᠨ 04
ᠨᠠᠢ᠌ᠷᠠᠭᠤᠯᠤᠭᠴᠢ᠄ ᠪᠦᠬᠡᠡᠷᠳᠡᠨᠢ