☆ ᠰ·ᠮᠥᠩᠭᠡᠨᠡᠷᠡᠰᠤ
ᠮᠦᠰᠤᠨ ᠳᠠᠭᠢᠨᠢ
ᠴᠢ ᠡᠮᠦᠨᠡᠳᠤ ᠲᠤᠢ᠌ᠯ ᠳᠤ ᠰᠠᠭᠤᠳᠠᠭ
ᠴᠢᠪ ᠭᠦᠢ᠌ᠳᠡᠨ ᠳᠤ ᠠᠯᠵᠠᠳᠠᠭ ᠦᠭᠡᠶ ᠮᠦᠰᠤᠨ ᠳᠠᠭᠢᠨᠢ
ᠪᠢ ᠭᠡᠢ ᠭᠦᠰᠡᠯ ᠪᠣᠶᠤ ᠳᠤᠮᠤᠭ ᠤᠨ ᠳᠠᠷᠬᠠᠨ
ᠴᠢᠮ᠎ᠠ ᠶᠢ ᠳᠠᠠᠳᠠ ᠱᠤᠭᠤᠵᠤ ᠳᠠᠯᠪᠢᠭᠰᠠᠨ ᠬᠠᠢ᠌ᠷ᠎ᠠ ᠶᠢᠨ ᠡᠯᠴᠢ
ᠭᠡᠨ ᠴᠤ ᠭᠦᠡᠳᠡᠭᠡ ᠦᠭᠡᠶ ᠴᠠᠪᠠᠷ ᠮᠦᠰᠤ ᠪᠠᠷ ᠪᠦᠳᠦᠭ᠍ᠰᠡᠨ ᠪᠣᠯᠬᠤᠷ
ᠭᠡᠢ ᠬᠤᠭᠤᠰᠤᠨ ᠭᠦᠳᠭᠡᠯ ᠮᠠᠭᠤᠴᠢᠯᠠᠯ ᠳᠤ ᠰᠦᠷᠳᠡᠭᠦ ᠥᠭᠡᠢ
ᠭᠡᠭᠡᠮᠰᠦᠭ᠌ ᠬᠠᠭᠤᠷᠮᠠᠭ ᠮᠠᠭᠳᠠᠭᠠᠯ ᠰᠠᠢ᠌ᠮᠰᠤᠷᠬᠠᠯ ᠳᠤ ᠰᠥᠭᠦᠷᠡᠭᠦ ᠥᠭᠡᠢ
ᠭᠡᠨᠡᠭ᠌ ᠦᠭᠡᠶ ᠰᠡᠳᠭᠢᠯ ᠠᠯᠳᠠᠨ ᠰᠡᠭᠦᠷᠡᠰᠦᠯᠡᠭᠦ ᠴᠤ ᠥᠭᠡᠢ
ᠭᠡᠵᠢᠶ᠎ᠡ ᠴᠤ ᠬᠠᠢ᠌ᠯᠬᠤ ᠦᠭᠡᠶ ᠴᠠᠰᠤᠨ ᠴᠡᠴᠡᠭ᠌ ᠶᠢᠠᠷ ᠵᠢᠷᠤᠭᠰᠠᠨ ᠪᠣᠯᠬᠤᠷ
ᠭᠡᠯᠳᠡᠰ ᠪᠦᠷᠢ ᠳᠤ ᠨᠢ ᠴᠢᠨᠤ ᠢᠨᠢᠶᠡᠮᠰᠦᠭ᠍ᠯᠡᠯ ᠵᠤᠯᠭᠠᠷᠠᠰᠢ ᠥᠭᠡᠢ
ᠭᠠᠯ ᠭᠦᠷᠳᠡᠯ᠎ᠡ ᠴᠢᠮ᠎ᠠ ᠶᠢ ᠬᠠᠢ᠌ᠯᠤᠭᠤᠯᠵᠤ ᠴᠢᠳᠠᠳᠠᠭ ᠥᠭᠡᠢ
ᠭᠠᠷ ᠢ ᠴᠢᠨᠢ ᠬᠠᠭᠠᠨ ᠭᠦᠪᠠᠭᠦᠨ ᠴᠤ ᠠᠳᠬᠤᠵᠤ ᠵᠢᠷᠦᠭᠡᠯᠡᠭᠦ ᠦᠭᠡᠶ
ᠭᠠᠩᠳᠠᠭᠰᠠᠨ ᠮᠦᠷᠦᠭᠡᠳᠦᠯ ᠴᠢᠨᠢ ᠬᠠᠢ᠌ᠷᠠᠨ ᠳᠠᠭᠠᠨ ᠰᠢᠳᠠᠬᠤ ᠶᠢ ᠭᠦᠰᠡᠭᠦ ᠳᠤ ᠯᠠ
ᠭᠠᠭᠴᠠᠬᠠᠨ ᠮᠢᠨᠤ ᠵᠢᠷᠦᠭᠡ ᠯᠠ ᠴᠢᠮ᠎ᠠ ᠶᠢ ᠣᠶᠠᠷᠠᠭᠤᠯᠬᠤ ᠨᠠᠷᠠ ᠡ
2011.4.19
ᠵᠤᠬᠢᠶᠠᠭᠴᠢ ᠶᠢᠨ ᠬᠠᠶᠢᠭ ᠄ ᠣᠯᠠᠭᠠᠠᠬᠠᠳᠠ ᠬᠤᠳᠠ ᠶᠢᠨ ᠪᠠᠭᠠᠷᠢᠨ ᠪᠠᠷᠠᠭᠤᠨ ᠬᠤᠰᠢᠭᠤᠨ ᠤ ᠰᠢᠪᠠᠷᠳᠠᠢ ᠭᠤᠤᠯ ᠪᠠᠭ᠎ᠠ ᠰᠤᠷᠭᠠᠭᠤᠯᠢ
ᠵᠤᠬᠢᠶᠠᠭᠴᠢ᠄ ᠰ·ᠮᠥᠩᠭᠡᠨᠡᠷᠡᠰᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2637
ᠴᠠᠭ᠄ 2011 ᠤᠨ ᠤ 08 ᠰᠠᠷ᠎ᠠ ᠶᠢᠨ 27
ᠨᠠᠢ᠌ᠷᠠᠭᠤᠯᠤᠭᠴᠢ᠄ ᠪᠦᠬᠡᠡᠷᠳᠡᠨᠢ