☆ ᠭᠦᠢ ᠶᠢᠩ
ᠡᠬᠡ ᠨᠤᠲᠤᠭ ᠤᠨ ᠮᠢᠨᠢ ᠪᠤᠷᠤᠭᠠᠨ
(ᠭᠠᠳᠠᠨ᠎ᠠ ᠨᠢᠭᠡ)
ᠰᠢᠪᠠᠷ ᠰᠢᠪᠠᠷ᠂ ᠰᠢᠪᠠᠷ ᠰᠢᠪᠠᠷ᠂
ᠡᠭᠡ ᠨᠤᠳᠤᠭ ᠤᠨ ᠮᠢᠨᠢ ᠪᠣᠷᠤᠭᠠᠨ
ᠰᠢᠯᠢ ᠶᠢ ᠨᠤᠷᠭᠠᠵᠤ᠂ ᠳᠠᠯ᠎ᠠ ᠶᠢ ᠨᠤᠷᠭᠠᠵᠤ
ᠰᠠᠤᠠᠭᠢᠯ ᠢ ᠨᠤᠷᠭᠠᠨᠠ᠃
ᠵᠦᠰᠠᠷ ᠵᠦᠰᠠᠷ᠂ ᠵᠦᠰᠠᠷ ᠵᠦᠰᠠᠷ
ᠡᠭᠡ ᠨᠤᠳᠤᠭ ᠤᠨ ᠮᠢᠨᠢ ᠪᠣᠷᠤᠭᠠᠨ
ᠵᠥᠯᠭᠡ ᠶᠢ ᠣᠮᠳᠠᠯᠠᠵᠤ᠂ ᠴᠡᠴᠡᠭ᠌ ᠢ ᠣᠮᠳᠠᠯᠠᠵᠤ
ᠵᠡᠭᠦᠳᠤ ᠶᠢ ᠣᠮᠳᠠᠯᠠᠨ᠎ᠠ᠃
ᠨᠠᠮᠢᠷᠠᠰ ᠨᠠᠮᠢᠷᠠᠰ᠂ ᠨᠠᠮᠢᠷᠠᠰ ᠨᠠᠮᠢᠷᠠᠰ
ᠡᠭᠡ ᠨᠤᠳᠤᠭ ᠤᠨ ᠮᠢᠨᠢ ᠪᠣᠷᠤᠭᠠᠨ
ᠨᠠᠮᠠᠶ᠋ᠢ ᠪᠠᠶᠠᠰᠬᠠᠵᠤ᠂ ᠴᠢᠮᠢ᠋ᠢ ᠪᠠᠶᠠᠰᠬᠠᠵᠤ
ᠳᠡᠯᠡᠭᠡᠢ ᠶᠢ ᠪᠠᠶᠠᠰᠬᠠᠨ᠎ᠠ᠃
ᠪᠣᠷᠤᠭᠠᠨ ᠳᠤ ᠨᠤᠷᠬᠤ ᠰᠠᠢ᠌ᠬᠠᠨ
ᠪᠣᠷᠤᠭᠠᠨ ᠳᠤ ᠨᠤᠷᠬᠤ ᠰᠠᠢ᠌ᠬᠠᠨ
ᠪᠣᠷᠤᠭᠠᠨ ᠤ ᠳᠤᠮᠳᠠ ᠰᠢᠭᠦᠷ ᠥᠭᠡᠢ
ᠱᠠᠯ ᠨᠤᠷᠬᠤ ᠰᠠᠢ᠌ᠬᠠᠨ᠃
ᠪᠣᠭᠢᠨᠢᠳᠤᠯ ᠣᠢ᠌ᠤᠠᠬᠠᠷ ᠵᠢᠠᠨ
ᠪᠣᠷᠤᠭᠠᠨ ᠤᠨ ᠣᠰᠤ ᠪᠠᠷ ᠣᠭᠠᠬᠤ ᠰᠠᠢ᠌ᠬᠠᠨ
ᠪᠣᠭᠢᠷᠳᠠᠯ ᠠᠭᠠᠷ ᠵᠢᠠᠨ
ᠪᠣᠷᠤᠭᠠᠨ ᠤ ᠳᠤᠰᠤᠯ ᠶᠢᠡᠷ ᠴᠡᠪᠠᠷᠰᠢᠭᠦᠯᠭᠦ ᠰᠠᠢ᠌ᠬᠠᠨ᠃
ᠪᠣᠷᠤᠭᠠᠨ ᠳᠤ ᠨᠤᠷᠬᠤ ᠰᠠᠢ᠌ᠬᠠᠨ
ᠪᠣᠳᠤᠯ ᠰᠠᠤᠠᠭᠢᠯ ᠵᠢᠠᠨ
ᠪᠣᠷᠬᠠᠨ ᠤ ᠷᠠᠰᠢᠶᠠᠨ ᠶᠢᠡᠷ ᠠᠷᠢᠭᠤᠤᠠᠬᠠᠬᠤ ᠰᠠᠢ᠌ᠬᠠᠨ᠂
ᠪᠣᠯᠵᠤᠭ᠎ᠠ ᠳᠠᠩᠭ᠋ᠠᠷᠢᠭ ᠵᠢᠠᠨ
ᠳᠡᠭ᠍ᠷᠢ ᠶᠢᠨ ᠴᠠᠭ ᠶᠢᠡᠷ ᠭᠦᠯᠢᠶᠡᠯᠭᠡᠭᠦ ᠰᠠᠢ᠌ᠬᠠᠨ᠃
ᠪᠣᠷᠤᠭᠠᠨ ᠳᠤ ᠨᠤᠷᠬᠤ ᠰᠠᠢ᠌ᠬᠠᠨ
ᠪᠣᠷᠤᠭᠠᠨ ᠤ ᠳᠤᠮᠳᠠ ᠶᠠᠭᠤ ᠴᠤ ᠪᠣᠳᠤᠬᠤ ᠥᠭᠡᠢ
ᠱᠤᠭᠰᠢᠵᠤ ᠭᠦᠶᠦᠭᠦ ᠰᠠᠢ᠌ᠬᠠᠨ᠂
ᠠᠮᠢᠳᠤᠷᠠᠯ ᠤᠨ ᠬᠤᠭᠤᠷᠤᠠᠳᠤᠭᠢ ᠶᠠᠳᠠᠷᠠᠭ᠎ᠠ
ᠠᠵᠢᠯ ᠤᠨ ᠳᠤᠮᠳᠠᠭᠢ ᠵᠥᠳᠡᠷᠡᠭᠡ
ᠠᠯᠢᠪᠠ ᠪᠦᠭᠦᠨ ᠊ᠢ
ᠠᠩᠬᠠᠨ ᠤ ᠪᠣᠷᠤᠭᠠᠨ ᠵᠢᠠᠷ
ᠨᠢᠭᠡᠯᠡ ᠣᠭᠠᠬᠤ ᠰᠠᠢ᠌ᠬᠠᠨ ᠡ
ᠵᠤᠬᠢᠶᠠᠭᠴᠢ᠄ ᠭᠦᠢ ᠶᠢᠩ
ᠢᠷᠡᠯᠲᠡ᠄ ᠵᠠᠷᠤᠳ ᠬᠤᠰᠢᠭᠤᠨ ᠤ ᠤᠳᠬ᠎ᠠ ᠤᠷᠠᠯᠢᠭ ᠤᠨ ᠬᠢᠨ ᠤ ᠬᠤᠯᠪᠤᠭᠠᠲᠤ ᠬᠤᠷᠠᠯ ᠬᠠᠩᠭᠠᠪᠠ
ᠬᠠᠷᠢᠶ᠎ᠠ᠄
ᠰᠢᠯᠦᠭᠳᠠᠷᠤᠮ᠄ 2783
ᠴᠠᠭ᠄ 2006 ᠤᠨ ᠤ 09 ᠰᠠᠷ᠎ᠠ ᠶᠢᠨ 18
ᠨᠠᠢ᠌ᠷᠠᠭᠤᠯᠤᠭᠴᠢ᠄ ᠪᠦᠬᠡᠡᠷᠳᠡᠨᠢ