ᠨᠡᠪᠲᠡᠷᠡᠨ ᠤᠷᠤᠬᠤ
ᠪᠣᠶ‍ᠠᠠᠴᠤᠭᠳᠤ ᠬᠠᠨ ᠸᠠᠩ ᠭᠢᠭᠡᠤᠨ ᠦᠷ᠎ᠠ ᠭᠡᠦᠭᠡᠤᠨ ᠤᠨ ᠭᠢᠨᠢ ᠬᠠᠷᠢᠴᠠᠭ᠎ᠠ ᠶᠢ ᠰᠢᠠᠵᠢᠯᠠᠨ ᠳᠤᠳᠤᠯᠠᠬᠤ ᠨᠢ

ᠠᠭᠤᠯᠭ᠎ᠠ ᠶᠢᠨ ᠳᠤᠪᠴᠢ᠄

ᠳᠤᠰ ᠥᠭᠦᠯᠡᠯ ᠳᠤ ᠴᠢᠩ ᠣᠯᠤᠰ ᠤᠨ ᠦᠶ᠎ᠡ ᠶᠢᠨ ᠳᠠᠩᠰᠠ ᠡᠪᠭᠡᠮᠡᠯ᠂ ᠬᠤᠯᠪᠣᠭᠳᠠᠯ ᠪᠦᠭᠦᠢ ᠨᠤᠮ ᠪᠢᠴᠢᠭ᠌ ᠮᠠᠲ᠋ᠸᠷᠢᠶᠠᠯ ᠪᠣᠯᠤᠨ ᠳᠤᠬᠠᠢ ᠵᠢᠨ ᠦᠶ᠎ᠡ ᠶᠢᠨ ᠳᠡᠦᠭᠡᠳᠤ ᠭᠦᠮᠦᠰ ᠢ ᠰᠤᠷᠪᠣᠯᠵᠢᠯᠠᠭᠰᠠᠨ ᠬᠤᠪᠣᠷ ᠨᠠᠠᠳᠢᠨ ᠮᠠᠲ᠋ᠸᠷᠢᠶᠠᠯ ᠶᠢᠡᠨ ᠦᠨᠳᠦᠰᠦᠯᠠᠨ᠂ ᠨᠠᠷᠢᠨ ᠰᠢᠠᠵᠢᠯᠠᠨ᠂ ᠨᠢᠮᠪᠠᠢ ᠰᠤᠳᠤᠯᠤᠭᠰᠠᠨ ᠤ ᠰᠠᠭᠤᠷᠢ ᠳᠡᠭᠡᠷ᠎ᠡ᠂ ᠪᠣᠶᠠᠠᠴᠤᠭᠳᠤ ᠬᠠᠨ ᠸᠠᠩ ᠤᠨ ᠠᠬᠠᠮᠠᠤᠨ ᠭᠦᠪᠠᠭᠦᠨ ᠪᠤᠶᠡᠡᠮᠥ᠋ᠩᠭᠡ ᠪᠣᠯᠤᠨ ᠬᠤᠶᠠᠳᠤᠭᠠᠷ ᠭᠦᠤ ᠪᠤᠶᠡᠡᠭᠡᠰᠢᠭ᠌ ᠪᠣᠯ ᠬᠠᠨ ᠸᠠᠩ ᠤᠨ ᠵᠢᠩᠭᠢᠨᠢ ᠳᠦᠷᠦᠭ᠍ᠰᠡᠨ ᠭᠦᠪᠠᠭᠦᠨ ᠪᠣᠯᠤᠨ᠎ᠠ᠂ ᠪᠣᠰᠤᠳ ᠭᠡᠦᠭᠡᠤᠨ ᠨᠢ ᠬᠠᠨ ᠸᠠᠩ ᠲᠡᠶ ᠴᠢᠰᠤ ᠮᠢᠬᠠᠨ ᠤ ᠬᠤᠯᠪᠣᠭ᠎ᠠ ᠦᠭᠡᠶ ᠭᠡᠳᠡᠭ᠌ ᠢ ᠭᠡᠷᠡᠴᠢᠯᠡᠭ᠍ᠰᠡᠨ ᠪᠠᠢ᠌ᠨ᠎ᠠ᠃ ᠪᠣᠶᠠᠠᠴᠤᠭᠳᠤ ᠬᠠᠨ ᠤ ᠠᠬᠠᠮᠠᠤᠨ ᠭᠦᠪᠠᠭᠦᠨ ᠪᠤᠶᠡᠡᠮᠦ᠋ᠩᠭᠡ ᠂ ᠬᠤᠶᠠᠳᠤᠭᠠᠷ ᠭᠦᠤ ᠪᠤᠶᠡᠡᠭᠡᠰᠢᠭ᠌ ᠪᠣᠯᠤᠨ ᠰᠸᠠᠴᠢᠨ ᠭᠡᠭᠡᠨ ᠵᠢᠴᠢ ᠳᠡᠭᠦᠤ ᠨᠡᠷ ᠨᠢ ᠪᠣᠯ ᠨᠢᠭᠡ ᠡᠭᠡ ᠣᠠᠳᠤᠤ ᠡᠴᠢᠭᠡ ᠡᠴᠡ ᠳᠦᠷᠦᠭ᠍ᠰᠡᠨ ᠠᠬ᠎ᠠ ᠳᠡᠭᠦᠤ ᠪᠣᠯᠤᠨ᠎ᠠ ᠭᠡᠭᠦ ᠦᠵᠡᠯᠳᠠ ᠶᠢ ᠳᠡᠪᠰᠢᠭᠦᠯᠵᠡᠢ᠃


ᠵᠠᠩᠭᠢᠯᠭ᠎ᠠ ᠵᠢᠨ ᠥᠭᠡ᠄

ᠪᠣᠶᠠᠠᠴᠤᠭᠳᠤ ᠬᠠᠨ᠂ ᠪᠤᠶᠡᠡᠮᠦ᠋ᠩᠭᠡ ᠬᠠᠨ᠂ ᠳᠠᠪᠣᠳᠤᠭᠠᠷ ᠳᠦᠷᠢ ᠶᠢᠨ ᠰᠸᠠᠴᠢᠨ ᠭᠡᠭᠡᠨ ᠂ ᠬᠤᠭᠤᠷᠤᠠᠳᠤᠭᠢ ᠬᠠᠷᠢᠴᠠᠭ᠎ᠠ


ᠰᠢᠠᠵᠢᠶᠠᠩ ᠤᠨ ᠬᠠᠭᠤᠴᠢᠨ ᠳᠤᠷᠭᠤᠳ ᠬᠠᠨ ᠸᠠᠩ ᠵᠠᠰᠠᠭ ᠵᠤᠷᠢᠭᠳᠤ ᠬᠠᠨ ᠪᠣᠶᠠᠠᠴᠤᠭᠳᠤ ᠪᠣᠯᠤᠨ ᠳᠡᠭᠦᠨ ᠤ《ᠦᠷ᠎ᠡ ᠭᠡᠦᠭᠡᠤᠨ》 ᠤᠨ ᠳᠤᠬᠠᠢ᠂ ᠢᠯᠠᠩᠭ᠋ᠤᠶ᠎ᠠ ᠳᠡᠭᠦᠨ ᠤ《ᠭᠤᠷᠪᠠᠳᠤᠭᠠᠷ᠂ ᠳᠦᠷᠪᠠᠳᠦᠭᠡᠷ ᠭᠦᠪᠠᠭᠦᠨ》ᠭᠡᠮᠡᠭ᠍ᠴᠢ ᠶᠢᠨ ᠳᠤᠬᠠᠢ ᠣᠯᠤᠰ ᠤᠨ ᠳᠤᠳᠤᠭᠠᠳᠤ᠂ ᠭᠠᠳᠠᠭᠠᠳᠤ ᠶᠢᠨ ᠡᠷᠳᠡᠮᠳᠡᠳ ᠰᠤᠳᠤᠯᠤᠨ ᠣᠯᠠᠨ ᠵᠣᠢ᠌ᠯ ᠤᠨ ᠠᠳᠠᠯᠢ ᠦᠭᠡᠶ ᠰᠠᠨᠠᠯ ᠶᠢᠡᠨ ᠳᠡᠪᠰᠢᠭᠦᠯᠦᠭ᠍ᠰᠡᠭᠡᠷ ᠢᠷᠠᠵᠠᠢ᠃ ᠡᠳᠡᠭᠡᠷ ᠢ ᠪᠠᠭᠴᠠᠯᠠᠪᠠᠯ ᠡᠢ᠌ᠮᠤ ᠭᠡᠳᠤᠨ ᠵᠣᠢ᠌ᠯ ᠤᠨ ᠭᠡᠯᠡᠯᠭᠡ ᠪᠣᠢ᠄ ᠪᠣᠶᠠᠠᠴᠤᠭᠳᠤ ᠬᠠᠨ ᠬᠤᠶᠠᠷᠬᠠᠨ ᠭᠦᠪᠠᠭᠦᠨ ᠲᠡᠶ ᠭᠡᠭᠦ ; ᠳᠦᠷᠪᠡᠨ ᠭᠦᠪᠠᠭᠦᠨ ᠲᠡᠶ ᠭᠡᠭᠦ ; ᠳᠦᠷᠦᠭ᠍ᠰᠡᠨ ᠭᠦᠪᠠᠭᠦᠨ ᠨᠢ ᠬᠤᠶᠠᠷᠬᠠᠨ ᠪᠣᠢ᠂ ᠭᠤᠷᠪᠠ ᠳᠦᠷᠪᠠᠳᠦᠭᠡᠷ ᠭᠦᠪᠠᠭᠦᠨ ᠨᠢ ᠬᠠᠳᠤᠨ ᠡᠴᠡ ᠭᠠᠷᠤᠭᠰᠠᠨ ᠪᠣᠳᠠᠴᠢ ᠭᠡᠦᠭᠡᠤᠨ ᠪᠣᠯᠤᠨ᠎ᠠ ᠭᠡᠭᠦ᠃ ᠡᠭᠦᠨ ᠡᠴᠡ ᠭᠠᠳᠠᠨ᠎ᠠ ᠂ ᠪᠤᠶᠡᠡᠮᠥ᠋ᠩᠭᠡ ᠬᠠᠨ ᠪᠣᠯᠤᠨ ᠳᠠᠪᠣᠳᠤᠭᠠᠷ ᠳᠦᠷᠢ ᠶᠢᠨ ᠰᠢᠨᠴᠢᠨ ( ᠰᠸᠠᠴᠢᠨ ᠭᠡᠵᠤ ᠪᠠᠰᠠ ᠪᠢᠴᠢᠵᠤ ᠪᠣᠢ )ᠭᠡᠭᠡᠨ ᠳᠦᠪᠳᠤᠠᠴᠠᠷᠠᠠᠴᠤᠢᠮᠪᠣᠢᠯ ᠤᠨ ᠬᠠᠷᠢᠴᠠᠭᠠᠨ ᠤ ᠳᠤᠬᠠᠢ ᠪᠠᠰᠠ ᠠᠳᠠᠯᠢ ᠦᠭᠡᠶ ᠭᠡᠯᠡᠯᠭᠡ ᠪᠣᠢ᠃ ᠳᠤᠬᠠᠢ᠌ᠯᠠᠪᠠᠯ᠂ ᠳᠠᠳᠠᠨ ᠪᠣᠯ ᠡᠴᠢᠭᠡ ᠨᠢᠭᠡ ᠡᠭᠡ ᠣᠠᠳᠤᠤ ᠠᠬ᠎ᠠ ᠳᠡᠭᠦᠤ ᠭᠡᠭᠦ ; ᠡᠴᠢᠭᠡ ᠣᠠᠳᠤᠤ ᠡᠭᠡ ᠨᠢᠭᠡ ᠠᠬ᠎ᠠ ᠳᠡᠭᠦᠤ ᠭᠡᠭᠦ ; ᠡᠴᠢᠭᠡ ᠡᠭᠡ ᠨᠢᠭᠡᠳᠡᠢ ᠠᠬ᠎ᠠ ᠳᠡᠭᠦᠤ ᠭᠡᠭᠦ᠃

ᠪᠣᠶᠠᠠᠴᠤᠭᠳᠤ ᠬᠠᠨ ᠭᠡᠳᠤᠨ ᠭᠦᠪᠠᠭᠦᠨ ᠲᠡᠶ ᠭᠡᠭᠦ ᠳᠤᠬᠠᠢ᠂ ᠬᠤᠶᠠᠳᠤᠭᠠᠷ ᠭᠦᠪᠠᠭᠦᠨ ᠪᠣᠯᠤᠨ ᠳᠠᠪᠣᠳᠤᠭᠠᠷ ᠳᠦᠷᠢ ᠶᠢᠨ ᠰᠢᠠᠴᠢᠨ ᠭᠡᠭᠡᠨ ᠤ ᠳᠦᠷᠦᠭ᠍ᠰᠡᠨ ᠵᠢᠯ ᠤᠨ ᠳᠤᠬᠠᠢ ᠵᠢᠴᠢ ᠪᠣᠶᠠᠠᠴᠤᠭᠳᠤ ᠬᠠᠨ᠂ ᠪᠤᠶᠡᠡᠮᠥ᠋ᠩᠭᠡ ᠬᠠᠨ ᠡᠴᠢᠭᠡ ᠭᠦᠪᠠᠭᠦᠨ ᠪᠣᠯᠤᠨ ᠳᠠᠪᠣᠳᠤᠭᠠᠷ ᠳᠦᠷᠢ ᠶᠢᠨ ᠰᠢᠠᠴᠢᠨ ᠭᠡᠭᠡᠨ ᠤ ᠬᠤᠭᠤᠷᠤᠠᠳᠤᠭᠢ ᠬᠠᠷᠢᠴᠠᠭᠠᠨ ᠤ ᠳᠤᠬᠠᠢ ᠦᠵᠡᠯᠳᠠ ᠳᠤᠡᠭ᠌ ᠵᠦᠷᠢᠶ᠎ᠠ ᠲᠡᠶ ᠪᠠᠢ᠌ᠨ᠎ᠠ᠃ ᠣᠯᠠᠨ ᠵᠢᠯ ᠡᠴᠡ ᠨᠠᠰᠢ ᠂ ᠢᠳᠡᠭᠡᠮᠵᠢ ᠳᠡᠢ ᠭᠡᠷᠡᠴᠢ ᠪᠠᠷᠢᠮᠳᠠ ᠣᠯᠳᠠᠬᠰᠠᠨ ᠦᠭᠡᠶ ᠶᠠᠪᠣᠳᠠᠯ ᠨᠢ ᠡᠨᠡᠭᠦ ᠳᠡᠦᠭᠡ ᠶᠢ ᠰᠤᠳᠤᠯᠬᠤ ᠶᠠᠪᠣᠴᠠ ᠳ᠋ᠠᠭᠢ ᠳᠤᠡᠭ᠌ ᠭᠦᠴᠢᠷ ᠲᠡᠶ ᠮᠥᠷᠳᠡᠭᠡᠨ ᠮᠠᠰᠢ ᠴᠢᠬᠤᠯᠠ ᠵᠠᠩᠭᠢᠯᠭ᠎ᠠ ᠶᠢᠨ ᠠᠰᠠᠭᠤᠳᠠᠯ ᠪᠣᠯᠤᠭᠰᠠᠭᠠᠷ ᠢᠷᠡᠭ᠍ᠰᠡᠨ ᠪᠢᠯᠠ᠃ ᠡᠢ᠌ᠮᠤ ᠡᠴᠡ᠂ ᠡᠭᠦᠨ ᠤ ᠳᠤᠬᠠᠢ ᠡᠷᠳᠡᠮᠳᠡᠳ ᠥᠪᠠᠷ ᠦᠪᠡᠷ ᠤᠨ ᠰᠠᠨᠠᠯ ᠪᠣᠯᠤᠨ ᠦᠵᠡᠯᠳᠠ ᠪᠠᠨ ᠪᠠᠷᠢᠮᠳᠠᠯᠠᠭᠰᠠᠭᠠᠷ ᠢᠷᠠᠵᠠᠢ᠃ ᠳᠤᠰ ᠥᠭᠦᠯᠡᠯ ᠳᠤ ᠪᠢ ᠡᠨᠡ ᠠᠰᠠᠭᠤᠳᠠᠯ ᠢ ᠳᠤᠰᠬᠠᠢ᠌ᠯᠠᠨ ᠰᠢᠠᠵᠢᠯᠠᠨ ᠰᠤᠳᠤᠯᠵᠤ᠂ ᠡᠵᠡᠮᠰᠢᠭ᠍ᠰᠡᠨ ᠭᠡᠷᠡᠴᠢ ᠪᠠᠷᠢᠮᠳᠠ ᠪᠠᠷ ᠶᠢᠡᠨ ᠡᠨᠡᠭᠦ ᠳᠡᠦᠭᠡᠨ ᠨᠠᠷᠢᠨ ᠨᠢᠭᠤᠴᠠ ᠶᠢ ᠵᠡᠳᠡᠯᠵᠤ᠂ ᠳᠡᠦᠭᠡ ᠶᠢᠨ ᠦᠨᠡᠨ ᠢ ᠨᠢ ᠢᠯᠡᠷᠡᠭᠦᠯᠭᠦ ᠪᠠᠷ ᠵᠤᠷᠢᠯ᠎ᠠ ᠃


ᠨᠢᠭᠡ᠂ ᠪᠣᠶᠠᠠᠴᠤᠭᠳᠤ ᠬᠠᠨ ᠤ ᠳᠦᠷᠦᠭ᠍ᠰᠡᠨ ᠭᠦᠪᠠᠭᠦᠨ ᠤ ᠳᠤᠬᠠᠢ


《ᠪᠠᠳᠠᠷᠠᠭᠤᠯᠳᠤ ᠲᠦᠷᠦ ᠶᠢᠨ ᠣᠯᠠᠭᠠᠨ ᠶᠢᠡᠷ ᠴᠤᠬᠤᠭᠰᠠᠨ ᠪᠣᠳᠤᠷᠤᠤᠯ ᠪᠢᠴᠢᠭ᠌ ᠤᠨ ᠳᠤᠪᠭᠢᠮᠠᠯ》 ᠳᠤ᠄ ᠪᠠᠳᠠᠷᠠᠭᠤᠯᠳᠤ ᠲᠦᠷᠦ ᠶᠢᠨ ᠠᠷᠪᠠᠨ ᠭᠤᠷᠪᠠᠳᠤᠭᠠᠷ ᠣᠨ (1887 ᠣᠨ) ᠤ ᠶ‍ᠢᠰᠦᠳᠦᠭᠡᠷ ᠰᠠᠷ᠎ᠠ ᠶᠢᠨ ᠰᠢᠨ᠎ᠠ ᠶᠢᠨ ᠨᠢᠭᠡᠨ ᠤ ᠡᠳᠦᠷ᠂ ᠢᠯᠢ ᠶᠢᠨ ᠣᠷᠤᠯᠠᠭᠴᠢ ᠵᠠᠩᠵᠤᠨ ᠱᠢᠯᠤᠨ ᠠᠢ᠌ᠯᠠᠤᠠᠬᠠᠭᠰᠠᠨ ᠨᠢ᠄ 《ᠪᠣᠭᠤᠯ ᠱᠢᠯᠤᠨ ᠪᠢ ᠳᠤᠷᠭᠤᠳ ᠤᠨ ᠬᠠᠨ᠂ ᠴᠢᠭᠤᠯᠭᠠᠨ ᠳᠠᠷᠤᠭ᠎ᠠ ᠪᠣᠶᠠᠠᠴᠤᠭᠳᠤ ᠵᠤᠤ ᠳᠤ ᠣᠴᠢᠵᠤ ᠮᠥᠷᠭᠦᠯ ᠭᠢᠭᠦ ᠵᠡᠷᠭᠡ ᠣᠴᠢᠷ ᠶᠢᠡᠷ ᠴᠢᠯᠦᠭᠡ ᠭᠤᠶᠤᠭᠰᠠᠨ ᠢ ᠳᠤᠰ ᠪᠢᠴᠢᠭ᠌ ᠲᠤ ᠳᠤᠳᠤᠷᠬᠠᠢ᠌ᠯᠠᠨ ᠪᠢᠴᠢᠵᠤ ᠪᠠᠷᠢᠪᠠᠢ᠂ ᠵᠢᠭᠠᠪᠣᠷᠢ ᠵᠠᠷᠯᠢᠭ ᠠᠢ᠌ᠯᠠᠤᠠᠬᠤ ᠶᠢ ᠭᠦᠯᠢᠶᠡᠵᠤ ᠪᠣᠢ᠃ ᠪᠣᠭᠤᠯ ᠪᠢ ᠳᠤᠰ ᠵᠢᠯ ᠤᠨ ᠳᠤᠯᠤᠭᠠᠨ ᠰᠠᠷ᠎ᠠ ᠶᠢᠨ ᠰᠢᠨ᠎ᠠ ᠶᠢᠨ ᠨᠢᠭᠡᠨ ᠤ ᠡᠳᠦᠷ᠂ ᠦᠨᠡᠨ ᠰᠥᠵᠢᠭ᠍ᠳᠤ ᠬᠠᠭᠤᠴᠢᠨ ᠳᠤᠷᠭᠤᠳ ᠠᠢ᠌ᠮᠠᠭ ᠤᠨ ᠴᠢᠭᠤᠯᠭᠠᠨ ᠳᠠᠷᠤᠭ᠎ᠠ᠂ ᠵᠠᠰᠠᠭ ᠵᠤᠷᠢᠭᠳᠤ ᠬᠠᠨ ᠪᠣᠶᠠᠠᠴᠤᠭᠴᠤ᠄ 《ᠣᠳᠤ ᠬᠤᠶᠠᠷ ᠵᠢᠯ ᠤᠨ ᠴᠢᠯᠦᠭᠡ ᠭᠤᠶᠤᠵᠤ᠂ ᠠᠢ᠌ᠮᠠᠭ ᠤᠨ ᠶᠢᠡᠨ ᠬᠤᠰᠢᠭᠤ ᠶᠢ ᠵᠠᠭᠢᠷᠬᠤ ᠵᠠᠩᠭᠢ ᠮᠠᠭᠤᠭᠡᠦᠭᠡᠨ ᠵᠡᠷᠭᠡ ᠨᠤᠶᠠᠤᠨ ᠭᠦᠳᠦᠴᠢ ᠪᠣᠯᠤᠨ ᠠᠯᠪᠠᠳᠤ ᠳᠠᠯᠠᠨ ᠭᠤᠷᠪᠠᠨ ᠭᠦᠮᠤᠨ ᠢ ᠳᠠᠭᠠᠭᠤᠯᠵᠤ᠂ ᠵᠠᠮ ᠤᠨ ᠭᠤᠳᠤᠰ ᠤᠨ ᠭᠦᠨᠡᠰᠤ ᠵᠠᠷᠤᠳᠠᠯ ᠶᠢᠡᠨ ᠪᠠᠯᠡᠦᠡᠭᠡᠵᠤ᠂ ᠵᠤᠤ ᠳᠤ ᠣᠴᠢᠵᠤ ᠮᠥᠷᠭᠦᠯ ᠭᠢᠵᠤ᠂ ᠨᠠᠰᠤᠨ ᠬᠤᠳᠤᠭ ᠶᠢᠡᠨ ᠣᠷᠳᠤᠤᠠᠬᠠᠬᠤ ᠶᠢ ᠳᠠᠭᠠᠤᠠᠬᠠᠬᠤ ᠪᠠᠷ ᠡᠷᠭᠦᠳᠡᠯ ᠡᠷᠭᠦᠭ᠍ᠰᠡᠨ ᠪᠢᠯᠠ᠂ ᠵᠥᠪᠰᠢᠶᠡᠷᠡᠭᠦ ᠶᠢ ᠭᠤᠶᠤᠴᠢᠯᠠᠵᠤ᠂ ᠳᠤᠰᠬᠠᠢ᠌ᠯᠠᠨ ᠠᠢ᠌ᠯᠠᠤᠠᠬᠠᠯ ᠡᠷᠭᠦᠵᠤ ᠮᠡᠳᠡᠭᠦᠯᠭᠦ ᠶᠢᠨ ᠵᠡᠷᠭᠡᠪᠠᠷ ᠵᠤᠤ ᠳᠤ ᠣᠴᠢᠬᠤ ᠵᠠᠮ ᠤᠨ ᠭᠡᠷᠡᠴᠢ ᠳᠡᠮᠳᠡᠭ᠌ ᠣᠯᠭᠤᠬᠤ ᠶᠢ ᠭᠦᠰᠡᠵᠤ ᠪᠣᠢ᠃ ᠭᠡᠷᠪᠡ ᠭᠦᠰᠡᠭ᠍ᠰᠡᠨ ᠶᠤᠰᠤᠭᠠᠷ ᠵᠥᠪᠰᠢᠶᠡᠷᠡᠭᠦ ᠳᠤ ᠭᠦᠷᠪᠠᠯ᠂ ᠮᠦᠨ ᠵᠢᠯ ᠤᠨ ᠠᠷᠪᠠᠳᠤᠭᠠᠷ ᠰᠠᠷ᠎ᠠ ᠳᠤᠳᠤᠷ᠎ᠠ ᠨᠤᠳᠤᠭ ᠡᠴᠡ ᠪᠠᠨ ᠭᠠᠷᠴᠤ᠂ ᠬᠠᠮᠢᠯ᠂ ᠳ᠋ᠦᠩᠬᠤᠸᠠᠩ᠂ ᠭᠦᠭᠡᠨᠡᠭᠤᠷ ᠤᠨ ᠴᠤᠪᠣᠭ᠎ᠠ ᠵᠠᠮ ᠶᠢᠡᠷ ᠵᠤᠤ ᠳᠤ ᠣᠴᠢᠨ᠎ᠠ᠃ ᠮᠥᠷᠭᠦᠯ ᠭᠢᠵᠤ ᠪᠠᠷᠠᠪᠠᠯ ᠬᠤᠶᠠᠷ ᠵᠢᠯ ᠤᠨ ᠳᠤᠳᠤᠷ᠎ᠠ ᠨᠤᠳᠤᠭ ᠲᠤ ᠪᠠᠨ ᠬᠠᠷᠢᠨ᠎ᠠ᠃ ᠬᠠᠨ ᠤ ᠳᠠᠮᠠᠭ᠎ᠠ ᠶᠢ ᠵᠤᠷᠰᠢᠯ ᠶᠤᠰᠤ ᠪᠠᠷ ᠬᠠᠨ ᠤ ᠳᠦᠷᠦᠭ᠍ᠰᠡᠨ ᠡᠭᠡ ᠡᠩᠭᠡᠪᠠᠳᠤ ᠬᠠᠳᠤᠨ ᠪᠠᠷᠢᠵᠤ᠂ ᠵᠠᠰᠠᠭ ᠤᠨ ᠳᠠᠮᠠᠭ᠎ᠠ ᠶᠢ ᠳᠤᠰᠠᠯᠡᠬᠴᠢ ᠮᠥᠩᠭᠡᠨᠡᠰᠤᠨ ᠣᠷᠤᠯᠠᠨ ᠪᠠᠷᠢᠨ᠎ᠠ》ᠭᠡᠭᠦ ᠮᠠᠳᠤ ᠭᠡᠷᠡᠭ᠌ ᠶᠢᠡᠷ ᠢᠷᠠᠪᠠ᠃ ᠪᠣᠭᠤᠯ ᠪᠢ ᠳᠠᠯᠳᠠ ᠪᠠᠷ ᠪᠠᠢ᠌ᠴᠠᠭᠠᠪᠠᠯ᠂ ᠡᠯ᠎ᠡ ᠠᠢ᠌ᠮᠠᠭ ᠤᠨ ᠮᠤᠩᠭ᠋ᠤᠯᠴᠤᠳ ᠵᠤᠤ ᠳᠤ ᠣᠴᠢᠵᠤ ᠮᠥᠷᠭᠦᠯ ᠭᠢᠭᠦ ᠵᠤᠷᠰᠢᠯ ᠲᠡᠶ ᠪᠠᠢ᠌ᠨ᠎ᠠ᠃ ᠡᠨᠡ ᠪᠣᠶᠠᠠᠴᠤᠭᠳᠤ ᠶᠢᠨ ᠭᠡᠷᠭᠡᠮ ᠳᠤᠰᠢᠶᠠᠯ ᠨᠢ ᠨᠠᠯᠢᠶᠠᠤᠨ ᠶᠡᠭᠡ ᠣᠴᠢᠷ ᠵᠥᠪᠰᠢᠶᠡᠷᠡᠭᠦ ᠡᠰᠡᠭᠦ ᠶᠢ ᠢᠯᠢ ᠶᠢᠨ ᠵᠠᠩᠵᠤᠨ ᠤ ᠭᠠᠵᠠᠷ ᠡᠴᠡ ᠰᠢᠨ᠎ᠠ ᠡᠴᠡ ᠳᠤᠭᠳᠠᠭᠠᠨ᠎ᠠ᠃ ᠳᠤᠯᠭᠠᠨ ᠥᠵᠡᠭᠦ ᠣᠭ ᠳᠠᠩᠰᠠ ᠡᠪᠭᠡᠮᠡᠯ ᠦᠭᠡᠶ ᠣᠴᠢᠷ ᠳᠡᠭᠦᠨ ᠳᠤ ᠵᠠᠮ ᠤᠨ ᠭᠡᠷᠡᠴᠢ ᠳᠡᠮᠳᠡᠭ᠌ ᠣᠯᠭᠤᠭᠰᠠᠨ ᠦᠭᠡᠶ᠂ ᠬᠠᠨ ᠢ ᠭᠦᠯᠢᠶᠡᠯᠭᠡᠵᠤ ᠪᠠᠢ᠌ᠭᠠᠤᠨ ᠵᠥᠪᠰᠢᠶᠡᠷᠡᠭᠦ ᠵᠠᠷᠯᠢᠭ ᠢ ᠣᠯᠤᠮᠠᠭᠴᠠ ᠪᠠᠨ ᠲᠦᠰᠢᠮᠠᠯ ᠪᠢ ᠶᠤᠰᠤᠴᠢᠯᠠᠨ ᠭᠦᠢᠴᠡᠦᠡᠭᠡᠰᠦᠭᠡᠢ》① ᠭᠡᠵᠡᠢ᠃ ᠡᠭᠦᠨ ᠡᠴᠡ ᠥᠵᠡᠭᠦ ᠳᠤ᠂ 1887 ᠣᠨ ᠳᠤ ᠪᠣᠶᠠᠠᠴᠤᠭᠳᠤ ᠬᠠᠨ ᠵᠤᠤ ᠳᠤ ᠣᠴᠢᠵᠤ ᠮᠥᠷᠭᠦᠯ ᠭᠢᠭᠦ ᠪᠠᠷ ᠢᠯᠢ ᠶᠢᠨ ᠵᠠᠩᠵᠤᠨ ᠡᠴᠡ ᠬᠤᠶᠠᠷ ᠵᠢᠯ ᠤᠨ ᠴᠢᠯᠦᠭᠡ ᠭᠤᠶᠤᠭᠰᠠᠨ ᠪᠠᠢ᠌ᠨ᠎ᠠ᠃

1888 ᠣᠨ ᠤ 7 ᠰᠠᠷ᠎ᠠ ᠶᠢᠨ 11 ᠤ ᠡᠳᠦᠷ《ᠦᠷᠦᠮᠴᠢ ᠪᠠᠷᠭᠥ᠋ᠯ ᠤᠨ ᠳ᠋ᠤᠤᠯᠢ ᠶᠠᠮᠤᠨ ᠡᠴᠡ ᠪᠣᠶᠠᠠᠴᠤᠭᠳᠤ ᠵᠤᠤ ᠳᠤ ᠣᠴᠢᠵᠤ ᠮᠥᠷᠭᠦᠯ ᠭᠢᠭᠦ ᠭᠡᠷᠡᠭ᠌ ᠶᠢᠡᠷ ᠳᠤᠷᠮᠠᠨ ᠤ ᠳᠢᠩᠭᠢᠮ ᠳᠤ ᠦᠭ‍ᠭᠦᠭ᠍ᠰᠡᠨ ᠪᠢᠴᠢᠭ᠌》 ᠲᠤ᠄ 《᠁ ᠳᠤᠰ ᠵᠠᠩᠵᠤᠨ ᠥᠨᠡᠨ ᠰᠥᠵᠢᠭ᠍ᠳᠤ ᠬᠠᠭᠤᠴᠢᠨ ᠳᠤᠷᠭᠤᠳ ᠤᠨ ᠡᠮᠦᠨ᠎ᠡ ᠠᠢ᠌ᠮᠠᠭ ᠤᠨ ᠵᠠᠰᠠᠭ ᠵᠤᠷᠢᠭᠳᠤ ᠬᠠᠨ ᠪᠣᠶᠠᠠᠴᠤᠭᠳᠤ ᠶᠢᠨ ᠵᠤᠤ ᠳᠤ ᠣᠴᠢᠵᠤ ᠮᠥᠷᠭᠦᠯ ᠭᠢᠭᠦ ᠶᠢ ᠭᠤᠶᠤᠴᠢᠯᠠᠭᠰᠠᠨ ᠢ ᠪᠠᠢ᠌ᠴᠠᠭᠠᠪᠠᠰᠤ᠂ ᠣᠷᠢᠳᠠ ᠢᠯᠢ ᠶᠢᠨ ᠣᠷᠤᠯᠠᠭᠴᠢ ᠵᠠᠩᠵᠤᠨ ᠱᠢᠯᠤᠨ ᠶᠢᠡᠷ ᠠᠢ᠌ᠯᠠᠤᠠᠬᠠᠨ ᠮᠡᠳᠡᠭᠦᠯᠵᠤ ᠵᠦᠪᠰᠢᠶᠠᠷᠠᠯ ᠠᠪᠣᠭᠰᠠᠨ ᠪᠠᠢ᠌ᠨ᠎ᠠ᠃ ᠣᠳᠤ ᠥᠴᠦᠭᠡᠨ ᠬᠠᠨ ᠳᠤᠰ ᠵᠢᠯ ᠤᠨ ᠳᠤᠯᠤᠳᠤᠭᠠᠷ ᠰᠠᠷ᠎ᠠ ᠳᠤᠳᠤᠷ᠎ᠠ ᠨᠤᠳᠤᠭ ᠡᠴᠡ ᠪᠠᠨ ᠭᠠᠷᠴᠤ᠂ ᠬᠠᠮᠢᠯ᠂ ᠳ᠋ᠦᠩᠬᠤᠸᠠᠩ᠂ ᠭᠦᠭᠡᠨᠡᠭᠤᠷ ᠤᠨ ᠴᠤᠪᠣᠭ᠎ᠠ ᠵᠠᠮ ᠶᠢᠡᠷ ᠵᠤᠤ ᠳᠤ ᠣᠴᠢᠵᠤ ᠮᠥᠷᠭᠦᠯ ᠭᠢᠭᠦ ᠭᠡᠵᠤ ᠪᠣᠢ᠃ ᠳᠠᠷᠠ ᠪᠠᠰᠠ ᠨᠤᠶᠠᠤᠨ ᠭᠦᠳᠦᠴᠢ ᠪᠣᠯᠤᠨ ᠠᠯᠪᠠᠳᠤ ᠵᠢᠴᠢ ᠣᠨᠤᠭ᠎ᠠ ᠭᠦᠯᠭᠡ᠂ ᠪᠠᠶ᠎ᠠ ᠪᠠᠨ ᠬᠠᠮᠭᠠᠯᠠᠬᠤ ᠵᠠᠷ ᠵᠡᠪᠰᠡᠭ᠌ ᠵᠡᠷᠭᠡ ᠶᠢ ᠠᠪᠴᠤ ᠶᠠᠪᠣᠬᠤ ᠶᠤᠮ᠃ ᠵᠠᠮ ᠤᠨ ᠭᠡᠷᠡᠴᠢ ᠳᠡᠮᠳᠡᠭ᠌ ᠣᠯᠭᠤᠵᠤ᠂ ᠠᠶᠠᠨ ᠳᠤ ᠭᠠᠷᠬᠤ ᠳᠤ ᠳᠦᠭᠦᠮ ᠥᠵᠡᠭᠦᠯᠭᠦ ᠶᠢ ᠭᠦᠰᠡᠵᠡᠢ ᠃ ᠁ ᠳᠤᠷᠭᠤᠳ ᠬᠠᠨ ᠪᠣᠶᠠᠠᠴᠤᠭᠳᠤ ᠬᠠᠳᠤᠨ ᠰᠸᠷᠳᠢᠪᠢᠯᠭᠠᠳᠠᠨ ᠁ ᠨᠠᠢ᠌ᠳᠠ ᠵᠠᠭᠤᠨ ᠭᠤᠷᠪᠠᠨ ᠭᠦᠮᠤᠨ ᠢ ᠳᠠᠭᠠᠭᠤᠯᠵᠤ ᠶᠠᠪᠣᠬᠤ ᠶᠢᠨ ᠬᠠᠮᠳᠤ᠂ ᠪᠠᠰᠠ ᠣᠨᠤᠬᠤ ᠮᠤᠷᠢ ᠳᠠᠪᠢᠨ ᠬᠤᠶᠠᠷ᠂ ᠳᠡᠮᠡᠭᠡ ᠵᠠᠭᠤᠨ ᠶᠠᠷᠠ᠂ ᠫᠣᠤ ᠳᠦᠴᠢᠨ ᠨᠢᠭᠡ᠂ ᠵᠢᠳᠠ ᠳᠠᠪᠤᠨ᠂ ᠢᠯᠳᠤ ᠠᠷᠪᠠᠨ ᠭᠤᠷᠪᠠ᠂ ᠮᠤᠩᠭ᠋ᠤᠯ ᠭᠡᠷ ᠠᠷᠪᠠ᠂ ᠮᠠᠢ᠌ᠬᠠᠨ ᠠᠷᠪᠠ ᠶᠢ ᠠᠪᠴᠤ ᠶᠠᠪᠣᠨ᠎ᠠ》 ② ᠭᠡᠵᠡᠢ ᠃ ᠡᠭᠦᠨ ᠡᠴᠡ ᠥᠵᠡᠭᠦ ᠳᠤ ᠂ ᠪᠣᠶᠠᠠᠴᠤᠭᠳᠤ ᠬᠠᠨ 1888 ᠣᠨ ᠤ 8 ᠰᠠᠷ᠎ᠠ ᠳᠤ ᠬᠠᠳᠤᠨ ᠰᠸᠷᠳᠢᠪᠢᠯᠭᠠᠳᠠᠨ ᠪᠣᠯᠤᠨ ᠵᠠᠭᠤᠨ ᠭᠤᠷᠪᠠᠨ ᠲᠠᠭᠠᠭᠤᠯᠢ ᠲᠡᠶ ᠣᠯᠠᠨ ᠭᠦᠮᠤᠨ ᠳᠠᠭᠠᠭᠤᠯᠵᠤ ᠵᠤᠤ ᠣᠷᠤᠭᠰᠠᠨ ᠪᠠᠢ᠌ᠨ᠎ᠠ᠃ ᠳᠤᠷᠭᠤᠤᠠᠴᠤᠳ ᠵᠤᠤ ᠳᠤ ᠮᠥᠷᠭᠦᠯ ᠭᠢᠵᠤ ᠣᠴᠢᠵᠤ ᠢᠷᠡᠭᠦ ᠳᠤ ᠪᠠᠨ ᠪᠠᠷᠤᠭ ᠬᠤᠶᠠᠷ ᠵᠢᠯ ᠤᠨ ᠬᠤᠭᠤᠴᠠᠭ᠎ᠠ ᠭᠡᠷᠡᠭ᠍ᠰᠡᠳᠡᠭ᠌ ᠪᠠᠢ᠌ᠵᠠᠢ᠃ ᠳᠠᠳᠠᠨᠤᠰ ᠤᠨ ᠪᠣᠴᠠᠵᠤ ᠢᠷᠡᠭ᠍ᠰᠡᠨ ᠴᠠᠭ ᠬᠤᠭᠤᠴᠠᠭ᠎ᠠ ᠨᠢ 1890 ᠣᠨ ᠪᠠᠢ᠌ᠬᠤ ᠶᠤᠰᠤᠳᠠᠢ᠃

ᠪᠠᠳᠠᠷᠠᠭᠤᠯᠳᠤ ᠲᠦᠷᠦ ᠶᠢᠨ ᠠᠷᠪᠠᠨ ᠵᠢᠷᠭᠤᠳᠤᠭᠠᠷ ᠣᠨ ᠤ ᠠᠷᠪᠠᠨ ᠰᠠᠷ᠎ᠠ ᠶᠢᠨ ᠠᠷᠪᠠᠨ ᠳᠦᠷᠪᠡᠨ ᠤ ᠡᠳᠦᠷ( 1890 ᠣᠨ ᠤ 11 ᠰᠠᠷ᠎ᠠ ᠶᠢᠨ 25 ᠤ ᠡᠳᠦᠷ )᠂ ᠢᠯᠢ ᠶᠢᠨ ᠣᠷᠤᠯᠠᠭᠴᠢ ᠵᠠᠩᠵᠤᠨ ᠂ ᠢᠯᠢ ᠶᠢᠨ ᠮᠠᠢ᠌ᠷᠠᠨ ᠤ ᠵᠠᠩᠭᠢ ᠹᠦᠷᠮᠢᠡᠭᠭ᠎ᠡ ᠠᠢ᠌ᠯᠠᠤᠠᠬᠠᠭᠰᠠᠨ ᠨᠢ᠄《ᠪᠣᠭᠤᠯ ᠪᠢ ᠪᠠᠳᠠᠷᠠᠭᠤᠯᠳᠤ ᠲᠦᠷᠦ ᠶᠢᠨ ᠠᠷᠪᠠᠨ ᠵᠢᠷᠭᠤᠳᠤᠭᠠᠷ ᠣᠨ ᠤ ᠠᠷᠪᠠᠨ ᠰᠠᠷ᠎ᠠ ᠶᠢᠨ ᠠᠷᠪᠠᠨ ᠳᠤ ᠦᠨᠡᠨ ᠰᠥᠵᠢᠭ᠍ᠳᠤ ᠬᠠᠭᠤᠴᠢᠨ ᠳᠤᠷᠭᠤᠳ ᠤᠨ ᠡᠮᠦᠨ᠎ᠡ ᠠᠢ᠌ᠮᠠᠭ ᠤᠨ ᠴᠢᠭᠤᠯᠭᠠᠨ ᠳᠠᠷᠤᠭ᠎ᠠ᠂ ᠵᠠᠰᠠᠭ ᠵᠤᠷᠢᠭᠳᠤ ᠬᠠᠨ ᠪᠣᠶᠠᠠᠴᠤᠭᠳᠤ ᠶᠢᠨ ᠠᠢ᠌ᠯᠠᠤᠠᠬᠠᠯ ᠢ ᠭᠦᠯᠢᠶᠡᠨ ᠠᠪᠣᠭᠰᠠᠨ ᠳᠤ᠄ 《ᠣᠳᠤ ᠪᠣᠶᠠᠠᠴᠤᠭᠳᠤ ᠶᠢᠨ ᠵᠢᠯ ᠤᠨ ᠵᠢᠰᠢᠶ᠎ᠠ ᠶᠢᠨ ᠡᠭᠡᠯᠵᠢ ᠨᠢ ᠪᠣᠯᠤᠭᠰᠠᠨ ᠳᠤ᠂ ᠵᠤᠷᠰᠢᠯ ᠶᠢᠡᠷ ᠪᠣᠯ ᠭᠡᠷᠡᠭ᠍ᠰᠡᠭᠦ ᠶᠠᠭᠤᠮ᠎ᠠ ᠪᠠᠨ ᠠᠪᠴᠤ ᠪᠠᠭᠡᠵᠢᠩ ᠳᠤ ᠣᠴᠢᠵᠤ ᠵᠢᠰᠢᠶ᠎ᠠ ᠳᠤ ᠰᠠᠭᠤᠬᠤ ᠵᠦᠪᠳᠠᠢ ᠪᠢᠯᠠ᠃ ᠭᠡᠪᠠᠴᠤ᠂ ᠨᠢᠷᠤᠭᠤ ᠨᠢ ᠡᠪᠠᠦᠡᠭᠦ ᠬᠠᠭᠤᠴᠢᠨ ᠭᠡᠮ ᠨᠢ ᠭᠦᠳᠡᠯᠦᠭ᠍ᠰᠡᠨ ᠳᠡᠭᠡᠷ᠎ᠡ ᠨᠢ ᠴᠢᠴᠢᠭ᠎ᠠ ᠠᠯᠳᠠᠵᠤ(ᠳᠤᠭᠤᠯᠵᠤ) ᠵᠤᠭᠰᠤᠬᠤ ᠦᠭᠡᠶ ᠭᠡᠮ ᠳᠠᠪᠬᠤᠴᠠᠭᠰᠠᠨ ᠣᠴᠢᠷ ᠪᠠᠭᠡᠵᠢᠩ ᠳᠤ ᠣᠴᠢᠵᠤ ᠴᠢᠳᠠᠬᠤ ᠦᠭᠡᠶ ᠪᠣᠯᠵᠤ ᠨᠠᠳᠠ ᠪᠠᠷ ᠠᠢ᠌ᠯᠠᠤᠠᠬᠠᠭᠤᠯᠤᠭᠰᠠᠨ ᠪᠢᠯᠠ》ᠭᠡᠵᠡᠢ᠃ ᠪᠠᠰᠠ ᠡᠨᠡ ᠰᠠᠷ᠎ᠠ ᠶᠢᠨ ᠠᠷᠪᠠᠨ ᠬᠤᠶᠠᠷ ᠤᠨ ᠡᠳᠦᠷ᠂ ᠪᠣᠶᠠᠠᠴᠤᠭᠳᠤ ᠬᠠᠨ ᠤ ᠬᠠᠳᠤᠨ ᠰᠸᠷᠳᠢᠪᠢᠯᠭᠠᠳᠠᠨ ᠪᠣᠯᠤᠨ ᠬᠤᠰᠢᠭᠤ ᠶᠢ ᠵᠠᠭᠢᠷᠬᠤ ᠵᠠᠩᠭᠢ ᠶᠢᠨ ᠠᠢ᠌ᠯᠠᠤᠠᠬᠠᠭᠰᠠᠨ ᠡᠴᠡ ᠦᠵᠡᠪᠠᠯ ᠄ 《  ᠳᠤᠰ ᠠᠢ᠌ᠮᠠᠭ ᠤᠨ ᠴᠢᠭᠤᠯᠭᠠᠨ ᠳᠠᠷᠤᠭ᠎ᠠ ᠂ ᠬᠠᠨ ᠪᠣᠶᠠᠠᠴᠤᠭᠳᠤ ᠳᠤᠰ ᠵᠢᠯ ᠤᠨ ᠶ‍ᠢᠰᠤᠨ ᠰᠠᠷ᠎ᠠ ᠶᠢᠨ ᠬᠤᠷᠢᠨ ᠳᠦᠷᠪᠡᠨ ᠤ ᠡᠳᠦᠷ ᠡᠪᠠᠦᠡᠴᠢᠨ ᠶᠢᠡᠷ ᠦᠭᠡᠶ ᠪᠣᠯᠪᠠᠢ᠃ ᠡᠨᠡ ᠬᠠᠨ ᠬᠤᠶᠠᠷ ᠭᠦᠪᠠᠭᠦᠨ ᠲᠡᠶ ᠄ ᠠᠬᠠᠮᠠᠤᠨ ᠭᠦᠪᠠᠭᠦᠨ ᠨᠢ ᠪᠥᠶᠡᠡᠮᠥ᠋ᠩᠭᠡ ᠂ ᠵᠢᠷᠭᠤᠭᠠᠨ ᠨᠠᠰᠤ ᠲᠡᠶ ; ᠬᠤᠶᠠᠳᠤᠭᠠᠷ ᠭᠦᠪᠠᠭᠦᠨ ᠨᠢ ᠪᠤᠶᠡᠡᠭᠡᠰᠢᠭ᠌ ᠂ ᠳᠦᠷᠪᠡᠨ ᠨᠠᠰᠤ ᠲᠡᠶ ᠂ ᠪᠦᠷ ᠵᠠᠯᠭᠠᠮᠵᠢᠯᠠᠬᠤ ᠨᠠᠰᠤᠨ ᠳᠤ ᠭᠦᠷᠦᠭᠡ ᠦᠭᠡᠶ ᠃ ᠣᠷᠢᠳᠠ ᠪᠠᠷ ᠳᠤᠰᠢᠶᠠᠯᠳᠠᠨ ᠳᠤᠮᠢᠯᠠᠨ ᠴᠢᠭᠤᠯᠭᠠᠨ ᠳᠠᠷᠤᠭ᠎ᠠ ᠶᠢ ᠣᠷᠤᠯᠠᠨ ᠭᠦᠢ᠌ᠴᠡᠦᠡᠭᠡᠵᠤ ᠂ ᠵᠠᠰᠠᠭ ᠤᠨ ᠳᠠᠮᠠᠭ᠎ᠠ ᠶᠢ ᠪᠠᠷᠢᠭᠤᠯᠤᠨ ᠂ ᠭᠡᠷ ᠤᠨ ᠴᠡᠳᠢᠬ ᠪᠢᠴᠢᠭᠦᠯᠵᠤ ᠂ ᠳᠠᠩᠰᠠ ᠳᠤ ᠳᠡᠮᠳᠡᠭ᠍ᠯᠡᠭᠦᠯᠤᠨ ᠂ ᠬᠠᠨ ᠰᠠᠭᠤᠷᠢ ᠶᠢ ᠵᠠᠯᠭᠠᠮᠵᠢᠯᠠᠭᠤᠯᠤᠨ ᠂ ᠴᠢᠭᠤᠯᠭᠠᠨ ᠳᠠᠷᠤᠭ᠎ᠠ ᠳᠠᠯᠪᠢᠬᠤ ᠶᠢ ᠭᠤᠶᠤᠴᠢᠯᠠᠨ ᠠᠢ᠌ᠯᠠᠤᠠᠬᠠᠶ᠎ᠠ ︕》  ᠭᠡᠰᠡᠨ ᠪᠠᠢ᠌ᠨ᠎ᠠ ᠃ ᠪᠠᠢ᠌ᠴᠠᠭᠠᠪᠠᠰᠤ᠂ ᠨᠠᠰᠤ ᠨᠥᠭ᠍ᠴᠢᠭ᠍ᠰᠡᠨ ᠬᠠᠨ ᠪᠣᠶᠠᠠᠴᠤᠭᠳᠤ ᠶᠢᠨ ᠡᠭᠡ ᠡᠩᠭᠡᠪᠠᠳᠤ ᠬᠠᠳᠤᠨ ᠣᠳᠤ ᠴᠢᠭᠤᠯᠭᠠᠨ ᠤ ᠭᠡᠷᠡᠭ᠌ ᠢ ᠡᠷᠭᠢᠯᠡᠵᠤ᠂ ᠵᠠᠰᠠᠭ ᠤᠨ ᠳᠠᠮᠠᠭ᠎ᠠ ᠪᠠᠷᠢᠵᠤ ᠪᠠᠢ᠌ᠨ᠎ᠠ 》③ ᠭᠡᠵᠡᠢ ᠃ ᠡᠭᠦᠨ ᠡᠴᠡ ᠥᠵᠡᠭᠦ ᠳᠤ ᠂ ᠨᠢᠭᠡ ᠳᠤ ᠂ ᠪᠣᠶᠠᠠᠴᠤᠭᠳᠤ ᠬᠠᠨ ᠵᠤᠤ ᠡᠴᠡ ᠬᠠᠷᠢᠵᠤ ᠢᠷᠡᠭᠡᠤᠨ ᠪᠠᠳᠠᠷᠠᠭᠤᠯᠳᠤ ᠲᠦᠷᠦ ᠶᠢᠨ ᠠᠷᠪᠠᠨ ᠵᠢᠷᠭᠤᠳᠤᠭᠠᠷ ᠣᠨ ᠤ ᠶ‍ᠢᠰᠤᠨ ᠰᠠᠷ᠎ᠠ ᠶᠢᠨ ᠬᠤᠷᠢᠨ ᠳᠦᠷᠪᠡᠨ ᠤ ᠡᠳᠦᠷ( 1890 ᠣᠨ ᠤ 11 ᠰᠠᠷ᠎ᠠ ᠶᠢᠨ 6 ᠤ ᠡᠳᠦᠷ ) ᠡᠪᠠᠦᠡᠴᠢᠨ ᠶᠢᠡᠷ ᠨᠠᠰᠤ ᠨᠥᠭ᠍ᠴᠢᠵᠡᠢ᠃ ᠬᠤᠶᠠᠷ ᠲᠤ᠂ ᠪᠣᠶᠠᠠᠴᠤᠭᠳᠤ ᠬᠠᠨ ᠤ ᠨᠢᠷᠤᠭᠤ ᠨᠢ ᠡᠪᠠᠦᠡᠭᠦ ᠬᠠᠭᠤᠴᠢᠨ ᠡᠪᠠᠦᠡᠴᠢᠨ ᠨᠢ ᠭᠦᠳᠡᠯᠵᠤ ᠂ ᠪᠠᠰᠠ ᠴᠢᠴᠢᠭ᠎ᠠ ᠠᠯᠳᠠᠵᠤ ( ᠳᠤᠭᠤᠯᠵᠤ ) ᠵᠤᠭᠰᠤᠬᠤ ᠦᠭᠡᠶ ᠭᠡᠮ ᠳᠠᠪᠬᠤᠴᠠᠭᠠᠤᠨ ᠨᠠᠰᠤ ᠨᠥᠭ᠍ᠴᠢᠵᠡᠢ᠃ ᠭᠤᠷᠪᠠ ᠳᠤ᠂ ᠪᠣᠶᠠᠠᠴᠤᠭᠳᠤ ᠬᠠᠨ ᠨᠠᠰᠤ ᠨᠥᠭ᠍ᠴᠢᠭᠦ ᠦᠶ᠎ᠡ ᠳᠤ ᠪᠠᠨ ᠬᠤᠶᠠᠷᠬᠠᠨ ᠭᠦᠪᠠᠭᠦᠨ ᠲᠡᠶ᠄ ᠠᠬᠠᠮᠠᠤᠨ ᠭᠦᠪᠠᠭᠦᠨ ᠪᠤᠶᠡᠡᠮᠥ᠋ᠩᠭᠡ᠂ ᠵᠢᠷᠭᠤᠭᠠᠨ ᠨᠠᠰᠤ ᠲᠡᠶ ; ᠬᠤᠶᠠᠳᠤᠭᠠᠷ ᠭᠦᠪᠠᠭᠦᠨ ᠪᠤᠶᠡᠡᠭᠡᠰᠢᠭ᠌ ᠂ ᠳᠦᠷᠪᠡᠨ ᠨᠠᠰᠤ ᠲᠡᠶ ᠪᠠᠢ᠌ᠪᠠ᠃ ᠳᠦᠷᠪᠡ ᠳᠤ᠂ ᠪᠣᠶᠠᠠᠴᠤᠭᠳᠤ ᠬᠠᠨ ᠤ ᠬᠤᠶᠠᠷ ᠭᠦᠪᠠᠭᠦᠨ ᠨᠢ ᠬᠠᠨ ᠰᠠᠭᠤᠷᠢ ᠵᠠᠯᠭᠠᠮᠵᠢᠯᠠᠬᠤ ᠨᠠᠰᠤᠨ ᠳᠤ ᠭᠦᠷᠦᠭᠡ ᠦᠭᠡᠶ ᠳᠤᠯᠠ ᠳᠤᠰᠢᠶᠠᠯᠳᠠᠨ ᠳᠤᠮᠢᠯᠠᠨ ᠵᠠᠰᠠᠭ ᠤᠨ ᠳᠠᠮᠠᠭ᠎ᠠ ᠶᠢ ᠣᠷᠤᠯᠠᠨ ᠪᠠᠷᠢᠭᠰᠠᠨ ᠪᠠᠢ᠌ᠨ᠎ᠠ᠃ ᠳᠠᠪᠣ ᠳᠤ᠂ ᠪᠣᠶᠠᠠᠴᠤᠭᠳᠤ ᠬᠠᠨ ᠤ ᠡᠭᠡ ᠡᠩᠭᠡᠪᠠᠳᠤ ᠬᠠᠳᠤᠨ ᠴᠢᠭᠤᠯᠭᠠᠨ ᠳᠠᠷᠤᠭ᠎ᠠ ᠶᠢ ᠣᠷᠤᠯᠠᠨ ᠳᠠᠮᠠᠭ᠎ᠠ ᠪᠠᠷᠢᠵᠤ ᠡᠷᠭᠡ ᠮᠠᠳᠠᠵᠤ ᠪᠠᠢ᠌ᠵᠠᠢ᠃

ᠳᠡᠦᠭᠡ ᠶᠢᠨ ᠳᠠᠩᠰᠠ ᠡᠪᠭᠡᠮᠡᠯ ᠪᠣᠯ ᠳᠡᠦᠭᠡ ᠶᠢᠨ ᠴᠢᠬᠤᠯᠠ ᠳᠡᠮᠳᠡᠭᠯᠡᠯ ᠪᠣᠯᠬᠤᠷ ᠡᠭᠢ ᠵᠠᠬ᠎ᠠ ᠦᠭᠡᠶ ᠡᠭᠡᠳᠡᠷᠡᠭᠡᠨ ᠪᠣᠳᠤᠯᠢᠶᠠᠠᠳᠠᠢ ᠨᠡᠢ᠌ᠭᠡᠮ ᠳᠡᠦᠭᠡ ᠶᠢᠨ ᠥᠵᠡᠭ᠍ᠳᠡᠯ ᠪᠣᠯᠤᠨ ᠡᠯᠳᠡᠪ ᠤᠨ ᠬᠠᠤᠯᠢ ᠳᠦᠷᠢᠮ ᠳᠢᠭᠯᠢᠮ ᠵᠢᠴᠢ ᠴᠢᠬᠤᠯᠠ ᠭᠦᠮᠦᠰ᠂ ᠨᠡᠢ᠌ᠭᠡᠮ ᠤᠨ ᠡᠯ᠎ᠡ ᠪᠦᠯᠭᠦᠮ ᠤᠨ ᠠᠵᠢᠯᠯᠠᠭ᠎ᠠ ᠶᠢ ᠳᠡᠮᠳᠡᠭᠯᠡᠨ ᠥᠯᠡᠳᠡᠭᠡᠵᠤ ᠪᠠᠢ᠌ᠳᠠᠭ᠃ ᠳᠠᠩᠰᠠ ᠡᠪᠭᠡᠮᠡᠯ ᠳ᠋ᠠᠭᠢ ᠳᠡᠦᠭᠡ ᠶᠢᠨ ᠮᠠᠲ᠋ᠸᠷᠢᠶᠠᠯ ᠨᠢ ᠳᠡᠦᠭᠡ ᠰᠤᠳᠤᠯᠤᠯ ᠳᠤ ᠮᠠᠷᠭᠤᠰᠢ ᠦᠭᠡᠶ ᠡᠷᠭᠡ ᠭᠦᠡᠳᠤ ᠪᠠ ᠨᠠᠢ᠌ᠳᠠᠪᠣᠷᠢᠳᠠᠢ ᠪᠠᠢ᠌ᠳᠠᠭ᠃ ᠳᠠᠢ᠌ᠮᠤ ᠡᠴᠡ᠂ ᠡᠷᠳᠡ ᠡᠳᠦᠭᠡ ᠂ ᠳᠤᠮᠳᠠᠳᠤ ᠭᠠᠳᠠᠭᠠᠳᠤ ᠶᠢᠨ ᠳᠡᠦᠭᠡ ᠶᠢᠨ ᠡᠷᠳᠡᠮᠳᠡᠳ ᠳᠠᠩᠰᠠ ᠡᠪᠭᠡᠮᠡᠯ ᠤᠨ ᠳᠡᠦᠭᠡ ᠶᠢᠨ ᠮᠠᠲ᠋ᠸᠷᠢᠶᠠᠯ ᠢ ᠮᠠᠰᠢ ᠴᠢᠬᠤᠯᠠᠴᠢᠯᠠᠳᠠᠭ᠃ ᠢᠯᠠᠩᠭ᠋ᠤᠶ᠎ᠠ ᠣᠷᠳᠤ ᠬᠤᠭᠤᠴᠠᠭᠠᠨ ᠡᠴᠡ ᠨᠠᠰᠢ ᠣᠯᠠᠮᠵᠢᠯᠠᠭᠳᠠᠵᠤ ᠢᠷᠡᠭ᠍ᠰᠡᠨ ᠪᠠᠳᠤᠳᠠᠢ ᠭᠡᠷᠡᠴᠢ ᠪᠠᠷᠢᠮᠳᠠ ᠦᠭᠡᠶ᠂ ᠦᠨᠡᠨ ᠬᠤᠳᠠᠯ ᠢ ᠢᠯᠭᠠᠬᠤ ᠳᠤ ᠪᠠᠷᠭᠡ ᠲᠡᠶ ᠣᠯᠠᠨ ᠵᠣᠢ᠌ᠯ ᠤᠨ ᠭᠡᠯᠡᠯᠭᠡ ᠶᠢ ᠵᠥᠭ᠍ᠰᠢᠷᠡᠭᠦᠯᠭᠦ ᠳᠤ ᠳᠠᠩᠰᠠ ᠡᠪᠬᠡᠮᠡᠯ ᠨᠢ ᠢᠳᠡᠭᠡᠮᠵᠢ ᠳᠡᠢ ᠠᠩᠬᠠᠨ ᠤ ᠭᠡᠷᠡᠴᠢ ᠪᠠᠷᠢᠮᠳᠠ ᠬᠠᠩᠭ᠋ᠠᠨ ᠥᠭ᠍ᠴᠤ᠂ ᠪᠣᠶᠠᠠᠴᠤᠭᠳᠤ ᠬᠠᠨ ᠬᠤᠶᠠᠷᠬᠠᠨ ᠭᠦᠪᠠᠭᠦᠨ ᠲᠡᠶ᠄ ᠠᠬᠠᠮᠠᠤᠨ ᠭᠦᠪᠠᠭᠦᠨ ᠪᠤᠶᠡᠡᠮᠥ᠋ᠩᠭᠡ ᠨᠢ ᠪᠠᠳᠠᠷᠠᠭᠤᠯᠳᠤ ᠲᠦᠷᠦ ᠶᠢᠨ ᠠᠷᠪᠠᠨ ᠨᠢᠭᠡᠳᠦᠭᠡᠷ ᠣᠨ(1885 ᠣᠨ) ᠳᠤ ᠲᠦᠷᠦᠵᠤ᠂ ᠬᠤᠶᠠᠳᠤᠭᠠᠷ ᠭᠦᠪᠠᠭᠦᠨ ᠪᠤᠶᠡᠡᠭᠡᠰᠢᠭ᠌ ᠨᠢ ᠪᠠᠳᠠᠷᠠᠭᠤᠯᠳᠤ ᠲᠦᠷᠦ ᠶᠢᠨ ᠠᠷᠪᠠᠨ ᠭᠤᠷᠪᠠᠳᠤᠭᠠᠷ ᠣᠨ ( 1887 ᠣᠨ ) ᠳᠤ ᠳᠦᠷᠦᠭ᠍ᠰᠡᠨ ᠭᠡᠳᠡᠭ᠌ ᠢ ᠪᠠᠳᠤᠳᠠᠢ ᠭᠡᠷᠡᠴᠢᠯᠡᠪᠡ᠃

ᠪᠣᠶᠠᠠᠴᠤᠭᠳᠤ ᠬᠠᠨ ᠤ《ᠠᠬᠠᠮᠠᠤᠨ ᠭᠦᠪᠠᠭᠦᠨ ᠪᠤᠶᠡᠡᠮᠥ᠋ᠩᠭᠡ ᠪᠠᠳᠠᠷᠠᠭᠤᠯᠳᠤ ᠲᠦᠷᠦ ᠶᠢᠨ ᠠᠷᠪᠠᠨ ᠨᠢᠭᠡᠳᠦᠭᠡᠷ ᠣᠨ ( 1885 ᠣᠨ ) ᠳᠤ ᠳᠦᠷᠦᠭ᠍ᠰᠡᠨ ᠨᠢ ᠡᠷᠭᠡᠯᠵᠡᠭᠡ ᠦᠭᠡᠶ ᠦᠨᠡᠨ ᠭᠡᠷᠡᠭ᠌ ᠃ 《  ᠴᠢᠩ ᠣᠯᠤᠰ ᠤᠨ ᠳ᠋ᠸᠽᠦᠩ ᠬᠠᠭᠠᠨ ᠤ ᠦᠨᠡᠨ ᠬᠠᠤᠯᠢᠳᠤ ᠪᠢᠴᠢᠭ᠌ 》 ᠤᠨ ᠳᠡᠮᠳᠡᠭᠯᠡᠯ ᠢ ᠦᠨᠳᠦᠰᠦᠯᠠᠪᠠᠯ ᠂ ᠪᠠᠳᠠᠷᠠᠭᠤᠯᠳᠤ ᠲᠦᠷᠦ ᠶᠢᠨ ᠠᠷᠪᠠᠨ ᠵᠢᠷᠭᠤᠳᠤᠭᠠᠷ ᠣᠨ ᠤ ᠠᠷᠪᠠᠨ ᠬᠤᠶᠠᠷ ᠰᠠᠷ᠎ᠠ ᠶᠢᠨ ᠳᠠᠪᠤᠨ ᠤ ᠡᠳᠦᠷ ( 1891 ᠣᠨ ᠤ 1 ᠰᠠᠷ᠎ᠠ ᠶᠢᠨ 14 ᠤ ᠡᠳᠦᠷ ) 《 ᠢᠯᠢ ᠶᠢᠨ ᠳᠤᠷᠭᠤᠳ ᠬᠠᠨ ᠪᠣᠶᠠᠠᠴᠤᠭᠳᠤ ᠡᠪᠠᠦᠡᠴᠢᠨ ᠶᠢᠡᠷ ᠨᠠᠰᠤ ᠨᠥᠭ᠍ᠴᠢᠭ᠍ᠰᠡᠨ ᠳᠤ ᠠᠬᠠᠮᠠᠤᠨ ᠭᠦᠪᠠᠭᠦᠨ ᠪᠤᠶᠡᠡᠮᠥ᠋ᠩᠭᠡ ᠪᠠᠷ ᠭᠡᠷᠭᠡᠮ ᠢ ᠢᠨᠤ ᠵᠠᠯᠭᠠᠮᠵᠢᠯᠠᠭᠤᠯᠪᠠᠢ》④ ᠭᠡᠵᠡᠢ᠃ ᠡᠭᠦᠨ ᠡᠴᠡ ᠥᠵᠡᠭᠦ ᠳᠤ ᠂ ᠪᠤᠶᠡᠡᠮᠥ᠋ᠩᠭᠡ 1891 ᠣᠨ ᠤ 1 ᠰᠠᠷ᠎ᠠ ᠶᠢᠨ 14 ᠤ ᠡᠳᠦᠷ ᠰᠠᠶ‍ᠢ ᠵᠢᠷᠭᠤᠭᠠᠨ ᠨᠠᠰᠤ ᠲᠡᠶ ᠳᠤ ᠪᠠᠨ ᠬᠠᠨ ᠤ ᠭᠡᠷᠭᠡᠮ ᠵᠠᠯᠭᠠᠮᠵᠢᠯᠠᠭᠰᠠᠨ ᠪᠠᠢ᠌ᠨ᠎ᠠ᠃

ᠪᠣᠶᠠᠠᠴᠤᠭᠳᠤ ᠬᠠᠨ ᠤ《ᠬᠤᠶᠠᠳᠤᠭᠠᠷ ᠭᠦᠪᠠᠭᠦᠨ ᠪᠤᠶᠡᠡᠭᠡᠰᠢᠭ᠌᠂ ᠪᠠᠳᠠᠷᠠᠭᠤᠯᠳᠤ ᠲᠦᠷᠦ ᠶᠢᠨ ᠠᠷᠪᠠᠨ ᠭᠤᠷᠪᠠᠳᠤᠭᠠᠷ ᠣᠨ(1887 ᠣᠨ) ᠳᠤ ᠲᠦᠷᠦᠵᠠᠢ》᠃ 《ᠣᠢ᠌ᠷᠠᠤᠨ ᠳᠡᠦᠭᠡᠨ ᠰᠤᠷᠪᠣᠯᠵᠢ ᠪᠢᠴᠢᠭ᠌》⑤ ᠊ᠤᠨ ᠬᠤᠳᠤᠮ ᠂ ᠳᠤᠳᠤ ᠥᠰᠦᠭ᠌ ᠤᠨ ᠭᠡᠪᠯᠡᠯ ᠪᠣᠯᠤᠨ《ᠰᠢᠨ᠎ᠠ ᠬᠠᠭᠤᠴᠢᠨ ᠳᠤᠷᠭᠤᠳ ᠤᠨ ᠬᠠᠭᠠᠤᠨ ᠨᠤᠶᠠᠤᠨ ᠤᠨ ᠣᠭ ᠦᠨᠳᠦᠰᠦᠨ ᠤ ᠢᠯᠡᠦᠡᠭᠡᠯ ᠪᠢᠴᠢᠭ᠌》 ( ᠳᠤᠷᠤᠭᠰᠢ 《ᠢᠯᠡᠦᠡᠭᠡᠯ ᠪᠢᠴᠢᠭ᠌》 ᠭᠡᠵᠤ ᠳᠤᠪᠴᠢᠯᠠᠶ᠎ᠠ ) ᠲᠤ᠄《ᠬᠤᠶᠠᠳᠤᠭᠠᠷ ᠭᠦᠪᠠᠭᠦᠨ ᠢᠨᠤ ᠳᠣᠢ᠌ᠨ ᠺᠠᠮᠪᠣ ᠯᠤᠴᠠᠩ ᠳ᠋ᠠᠠᠵᠢᠨ ᠴᠢᠮᠠᠤᠨ ᠨᠢᠮ᠎ᠠ》⑥ ᠭᠡᠵᠤ ᠳᠡᠮᠳᠡᠭᠯᠡᠵᠤ ᠪᠠᠢ᠌ᠬᠤ ᠡᠴᠡ ᠥᠵᠡᠭᠦᠯ᠎ᠡ᠂ ᠳᠠᠷᠠ ᠭᠦᠪᠠᠭᠦᠨ ᠨᠢ ᠬᠤᠸᠠᠷᠠᠭ ᠭᠦᠮᠤᠨ ᠪᠣᠯᠤᠨ᠎ᠠ᠃ ᠢᠵᠠᠭᠤᠷᠳᠠᠨ ᠭᠠᠷᠤᠯ ᠲᠡᠶ ᠬᠤᠸᠠᠷᠠᠭ ᠭᠦᠮᠤᠨ ᠢ《 ᠳᠣᠢ᠌ᠨ》ᠭᠡᠵᠤ ᠭᠡᠯᠡᠳᠡᠭ᠌᠃《ᠺᠠᠮᠪᠣ》( ᠬᠠᠮᠪᠣ ) ᠭᠡᠭᠦ ᠨᠢ ᠲᠦᠪᠡᠳ ᠥᠭᠡ᠂ ᠰᠠᠠᠰᠺ 伉锅犋 ᠭᠡᠯᠡ ᠪᠠᠷ《ᠣᠪᠠᠳᠢᠨᠢ ᠂ ᠪᠠᠭᠰᠢ ᠭᠡᠮᠡᠭᠦ ᠣᠤᠠᠬ᠎ᠠ ᠲᠡᠶ ᠥᠭᠡ᠃ ᠡᠨᠡ ᠨᠠᠷ᠎ᠠ ᠲᠦᠪᠡᠳ ᠪᠣᠲᠲᠾᠠ ᠶᠢᠨ ᠱᠠᠰᠢᠨ ᠤ ᠶᠡᠭᠡᠭᠡᠨ ᠰᠦᠮ᠎ᠡ ᠭᠡᠢ᠌ᠤᠨ ᠤᠨ ᠷᠤᠸᠠᠼᠠᠩ ᠤᠨ ᠣᠳᠤᠷᠢᠤᠠᠬᠤ ᠳᠤᠰᠢᠶᠠᠯᠳᠠᠨ ᠤ ᠭᠡᠷᠭᠡᠮ ᠶᠢᠡᠷ ᠭᠡᠷᠡᠭᠯᠡᠭ᠍ᠳᠡᠭᠦ ᠶᠤᠮ᠃ ᠺᠠᠮᠪᠣ ᠪᠣᠯ ᠷᠤᠸᠠᠼᠠᠩ ᠤᠨ ᠬᠠᠮᠤᠭ ᠭᠡᠷᠡᠭ᠌ ᠢ ᠬᠠᠮᠢᠶᠠᠷᠬᠤ ᠶᠡᠭᠡ ᠡᠷᠭᠡ ᠲᠡᠶ ᠶᠤᠮ᠃ ᠶᠠᠷᠤ ᠳᠡᠭᠡᠨ ᠭᠡᠭᠡᠨ ᠬᠤᠳᠤᠭᠳᠤ ᠡᠰᠡᠭᠦᠯ᠎ᠡ ᠥᠷᠭᠡᠨ ᠳᠡᠯᠭᠡᠷ ᠮᠡᠳᠡᠯᠭᠡ ᠲᠡᠶ᠂ ᠯᠤᠪᠤᠨ ᠵᠡᠷᠭᠡ ᠲᠡᠶ ᠮᠥᠷᠳᠡᠭᠡᠨ ᠵᠤᠭᠢᠬᠤ ᠨᠡᠢ᠌ᠭᠡᠮ ᠤᠨ ᠪᠠᠢ᠌ᠷᠢ ᠰᠠᠭᠤᠷᠢ ᠲᠡᠶ ᠭᠦᠮᠤᠨ ᠺᠠᠮᠪᠣ ᠪᠣᠯᠳᠠᠭ》 ⑦ᠶᠤᠮ᠃ ᠡᠭᠦᠨ ᠡᠴᠡ ᠥᠵᠡᠭᠦ ᠳᠤ᠂ ᠪᠣᠶᠠᠠᠴᠤᠭᠳᠤ ᠬᠠᠨ ᠤ ᠬᠤᠶᠠᠳᠤᠭᠠᠷ ᠭᠦᠪᠠᠭᠦᠨ ᠨᠢ ᠱᠠᠰᠢᠨ ᠤ ᠨᠤᠮ ᠰᠤᠳᠤᠷ ᠢ ᠨᠡᠪᠳᠡᠷᠭᠡᠢ ᠰᠤᠷᠤᠭᠰᠠᠨ ᠮᠥᠷᠳᠡᠭᠡᠨ ᠱᠠᠰᠢᠨ ᠤ ᠪᠠᠢ᠌ᠷᠢ ᠰᠠᠭᠤᠷᠢ ᠪᠠᠷ ᠳᠡᠭᠡᠷ᠎ᠡ ᠬᠤᠸᠠᠷᠠᠭ ᠪᠠᠢ᠌ᠭᠰᠠᠨ ᠨᠢ ᠮᠡᠳᠡᠭ᠍ᠳᠡᠨ᠎ᠡ᠃

ᠪᠣᠶᠠᠠᠴᠤᠭᠳᠤ ᠬᠠᠨ ᠤ ᠬᠤᠶᠠᠳᠤᠭᠠᠷ ᠭᠦᠪᠠᠭᠦᠨ ᠨᠢ ᠵᠤᠤ ᠳᠤ ᠣᠴᠢᠭᠠᠤᠨ ᠨᠠᠰᠤ ᠪᠠᠷᠠᠪᠠ ᠭᠡᠵᠤ ᠠᠷᠠᠤᠨ ᠤᠨ ᠳᠤᠳᠤᠷ᠎ᠠ ᠭᠡᠯᠡᠯᠴᠡᠳᠡᠭ᠌ ᠪᠢᠯᠠ᠃ ᠭᠡᠳᠡᠯ᠎ᠡ᠂ ᠣᠳᠤᠬᠠᠨ᠎ᠠ ᠳᠡᠭᠦᠨ ᠤ ᠨᠠᠰᠤ ᠨᠥᠭ᠍ᠴᠢᠭ᠍ᠰᠡᠨ ᠵᠢᠯ ᠰᠠᠷ᠎ᠠ ᠪᠣᠯᠤᠨ ᠣᠴᠢᠷ ᠰᠢᠯᠳᠠᠭᠠᠨ ᠢ ᠳᠤᠳᠤᠷᠬᠠᠢ᠌ᠯᠠᠬᠤ ᠮᠠᠲ᠋ᠸᠷᠢᠶᠠᠯ ᠣᠯᠳᠠᠬᠤ ᠦᠭᠡᠶ ᠪᠣᠯᠪᠠᠴᠤ᠂ ᠳᠠᠷᠠ ᠴᠤᠭ ᠵᠤᠯᠢ ᠪᠠᠳᠠᠷᠠᠭᠰᠠᠨ ᠵᠠᠯᠠᠭᠤᠬᠠᠨ ᠨᠠᠰᠤ ᠲᠡᠶ ᠳᠤ ᠪᠠᠨ ᠭᠡᠨᠡᠦᠡᠳᠡ ᠨᠠᠰᠤ ᠪᠠᠷᠠᠭᠰᠠᠨ ᠭᠡᠷᠡᠭ᠌ ᠲᠤ ᠵᠠᠷᠢᠮ ᠭᠦᠮᠦᠰ ᠣᠳᠤ ᠭᠦᠷᠳᠡᠯ᠎ᠡ ᠰᠡᠵᠢᠭ᠍ᠳᠡᠢ ᠪᠠᠢ᠌ᠨ᠎ᠠ ︖


ᠬᠤᠶᠠᠷ᠂ ᠪᠣᠶᠠᠠᠴᠤᠭᠳᠤ ᠬᠠᠨ ᠸᠠᠩ ᠤᠨ《ᠭᠤᠷᠪᠠ᠂ ᠳᠦᠷᠪᠠᠳᠦᠭᠡᠷ ᠭᠦᠪᠠᠭᠦᠨ》ᠭᠡᠭᠦ ᠶᠢᠨ ᠳᠤᠬᠠᠢ


《ᠣᠢ᠌ᠷᠠᠤᠨ ᠳᠡᠦᠭᠡᠨ ᠰᠤᠷᠪᠣᠯᠵᠢ ᠪᠢᠴᠢᠭ᠌》⑧ ᠤᠨ ᠬᠤᠳᠤᠮ ᠂ ᠳᠤᠳᠤ ᠥᠰᠦᠭ᠌ ᠤᠨ ᠭᠡᠪᠯᠡᠯ ᠪᠣᠯᠤᠨ《ᠢᠯᠡᠦᠡᠭᠡᠯ ᠪᠢᠴᠢᠭ᠌》 ᠲᠤ ᠄ 《ᠪᠣᠶᠠᠠᠴᠤᠭᠳᠤ ᠳᠤ ᠳᠦᠷᠪᠡᠨ ᠭᠦᠪᠠᠭᠦᠨ ᠪᠣᠢ᠂ ᠠᠬᠠᠮᠠᠤᠨ ᠠᠨᠤ ᠬᠠᠭᠠᠨ ᠪᠤᠶᠡᠡᠮᠥ᠋ᠩᠭᠡ᠂ ᠬᠤᠶᠠᠳᠤᠭᠠᠷ ᠭᠦᠪᠠᠭᠦᠨ ᠢᠨᠤ ᠳᠣᠢ᠌ᠨ ᠺᠠᠮᠪᠣ ᠯᠤᠴᠠᠩ ᠳ᠋ᠠᠵᠢᠨ ᠴᠢᠮᠠᠤᠨ ᠨᠢᠮ᠎ᠠ᠂ ᠭᠤᠷᠪᠠᠳᠤᠭᠠᠷ ᠭᠦᠪᠠᠭᠦᠨ ᠢᠨᠤ ᠳᠣᠢ᠌ᠨ ᠪᠯᠠᠮ᠎ᠠ ᠯᠤᠦᠵᠡᠩᠴᠡᠷᠡᠴᠦᠮᠭᠡᠯ᠂ ᠳᠦᠷᠪᠠᠳᠦᠭᠡᠷ ᠭᠦᠪᠠᠭᠦᠨ ᠢᠨᠤ ᠁ 》 ⑨ᠭᠡᠵᠤ ᠳᠡᠮᠳᠡᠭ᠍ᠯᠡᠵᠡᠢ ᠃

《ᠣᠢ᠌ᠷᠠᠤᠨ ᠮᠤᠩᠭ᠋ᠤᠯ ᠤᠨ ᠳᠤᠪᠴᠢ ᠳᠡᠦᠭᠡ》 ᠳᠤ ᠄ ᠳᠦᠪᠳᠤᠠᠴᠠᠷᠠᠠᠴᠦᠮᠪᠦᠯ ᠪᠣᠯ《 ᠳᠤᠷᠭᠤᠳ ᠤᠨ ᠪᠣᠶᠠᠠᠴᠤᠭᠳᠤ ᠬᠠᠨ ᠤ ᠳᠦᠷᠪᠳᠦᠭᠡᠷ ᠭᠦᠪᠠᠭᠦᠨ》⑩ ᠭᠡᠵᠤ ᠪᠣᠶᠠᠠᠴᠤᠭᠳᠤ ᠬᠠᠨ ᠳᠦᠷᠪᠡᠨ ᠭᠦᠪᠠᠭᠦᠨ ᠲᠡᠶ ᠭᠡᠰᠡᠨ ᠪᠠᠢ᠌ᠨ᠎ᠠ᠃

ᠹᠠᠩ ᠵᠢᠶᠠᠨ ᠴᠠᠩ᠄ 《ᠪᠣᠶᠠᠠᠴᠤᠭᠳᠤ ᠬᠠᠨ ᠸᠠᠩ ᠰᠸᠷᠳᠢᠪᠢᠯᠭᠠᠳᠠᠨ ᠲᠡᠶ ᠬᠤᠷᠢᠮᠯᠠᠭᠠᠤᠨ ᠳᠦᠷᠪᠡᠨ ᠭᠡᠦᠭᠡᠤᠨ ᠲᠡᠶ ᠪᠣᠯᠪᠠ》⑾ ᠭᠡᠵᠡᠢ ᠃

ᠰᠣ᠊ • ᠳᠤᠷᠵᠢ ᠂ ᠠ᠊ • ᠳᠤᠷᠵᠢ ᠂ ᠪᠠ᠊ • ᠯᠢᠵᠠᠢ ᠨᠡᠷ᠄ 《ᠪᠣᠶᠠᠠᠴᠤᠭᠳᠤ ᠬᠠᠨ ᠸᠠᠩ ᠰᠸᠷᠳᠢᠪᠢᠯᠭᠠᠳᠠᠨ ᠲᠡᠶ ᠬᠤᠷᠢᠮᠯᠠᠭᠠᠤᠨ ᠳᠦᠷᠪᠡᠨ ᠭᠡᠦᠭᠡᠤᠨ ᠲᠡᠶ ᠪᠣᠯᠪᠠ ᠭᠡᠵᠡᠢ》⑿ ;

ᠳᠡᠭᠡᠪᠠᠯ ᠴᠢᠩ ᠣᠯᠤᠰ ᠤᠨ ᠳᠠᠩᠰᠠ ᠡᠪᠭᠡᠮᠡᠯ ᠳᠤ᠄ 《ᠪᠣᠶᠠᠠᠴᠤᠭᠳᠤ ᠬᠠᠨ ᠤ ᠪᠠᠶ᠎ᠠ ᠡᠴᠡ ᠳᠦᠷᠦᠭ᠍ᠰᠡᠨ ᠬᠤᠶᠠᠷᠬᠠᠨ ᠭᠦᠪᠠᠭᠦᠨ ᠪᠣᠢ》 ᠭᠡᠵᠤ ᠳᠤᠪ ᠳᠤᠳᠤᠷᠬᠠᠢ ᠳᠡᠮᠳᠡᠭᠯᠡᠵᠤ ᠪᠠᠢ᠌ᠳᠠᠯ᠎ᠠ《 ᠢᠯᠡᠦᠡᠭᠡᠯ ᠪᠢᠴᠢᠭ᠌》ᠵᠡᠷᠭᠡ ᠨᠤᠮ ᠵᠤᠬᠢᠶᠠᠯ ᠳᠤ ᠶᠠᠭᠠᠭᠢᠭᠠᠤᠨ《ᠳᠦᠷᠪᠡᠨ ᠭᠦᠪᠠᠭᠦᠨ ᠲᠡᠶ》ᠭᠡᠵᠤ ᠪᠠᠢ᠌ᠬᠤ ᠪᠣᠢ ︖ ᠡᠨᠡ ᠨᠢ ᠶᠠᠮᠠᠷ ᠣᠴᠢᠷ ᠪᠣᠯᠴᠢᠬᠠᠪᠠ ︖ ᠡᠨᠡᠭᠦ《ᠭᠤᠷᠪᠠ᠂ ᠳᠦᠷᠪᠠᠳᠦᠭᠡᠷ ᠭᠦᠪᠠᠭᠦᠨ》 ᠭᠡᠭ᠍ᠴᠢ ᠨᠢ ᠪᠤᠶᠡᠡᠮᠥ᠋ᠩᠭᠡ ᠬᠠᠨ ᠲᠡᠶ ᠶᠠᠮᠠᠷ ᠬᠠᠷᠢᠴᠠᠭ᠎ᠠ ᠲᠡᠶ ᠶᠤᠮ ᠪᠣᠢ ︖ ᠭᠡᠳᠡᠯ᠎ᠡ᠂ ᠵᠸᠤ ᠰᠢᠦᠸᠧ ᠵᠢᠶᠦ᠋ᠨ᠄ 《ᠪᠣᠶᠠᠠᠴᠤᠭᠳᠤ ᠳᠦᠷᠪᠡᠨ ᠭᠦᠪᠠᠭᠦᠨ ᠲᠡᠶ᠂ ᠳᠦᠪᠳᠤᠠᠴᠠᠷᠠᠠᠴᠦ᠋ᠮᠪᠦᠯ ᠪᠣᠯ ᠳᠦᠷᠪᠳᠦᠭᠡᠷ ᠭᠦᠪᠠᠭᠦᠨ ᠨᠢ ᠪᠣᠯᠤᠨ᠎ᠠ ᠭᠡᠵᠤ ᠣᠯᠠᠩᠭᠢ ᠡᠷᠳᠡᠮᠳᠡᠳ ᠪᠣᠷᠤᠭᠤ ᠪᠠᠷ ᠦᠵᠡᠵᠤ ᠪᠠᠢ᠌ᠬᠤ ᠶᠢᠨ ᠰᠢᠯᠳᠠᠭᠠᠨ ᠨᠢ ᠭᠡᠪᠠᠯ ᠳᠤᠷᠭᠤᠳ ᠤᠨ ᠳᠡᠦᠭᠡ ᠶᠢᠨ  ᠡᠷᠳᠡᠨ ᠤ ᠰᠤᠳᠤᠷ《ᠰᠢᠨ᠎ᠠ ᠬᠤᠭᠤᠴᠢᠨ ᠳᠤᠷᠭᠤᠳ ᠤᠨ ᠬᠠᠭᠠᠤᠨ ᠨᠤᠶᠠᠤᠨ ᠤᠨ ᠣᠭ ᠦᠨᠳᠦᠰᠦᠨ ᠤ ᠢᠯᠡᠦᠡᠭᠡᠯ ᠪᠢᠴᠢᠭ᠌》( ᠪᠠᠰᠠ 《ᠦᠨᠡᠨ ᠰᠥᠵᠢᠭ᠍ᠳᠤ ᠬᠠᠭᠤᠴᠢᠨ ᠳᠤᠷᠭᠤᠳ ᠭᠢᠭᠡᠤᠨ ᠴᠢᠩ ᠰᠠᠤᠠᠭᠢᠯᠳᠤ ᠰᠢᠨ᠎ᠠ ᠳᠤᠷᠭᠤᠳ ᠤᠳ ᠤᠨ ᠬᠠᠭᠠᠨ ᠨᠤᠶᠠᠤᠨ ᠤᠨ ᠣᠭ ᠦᠨᠳᠦᠰᠦᠨ ᠤ ᠢᠯᠡᠦᠡᠭᠡᠯ ᠳᠡᠦᠭᠡ ᠶᠢᠨ ᠪᠢᠴᠢᠭ᠌》 ᠢ ᠦᠯᠵᠡᠢ᠌ᠳᠤ ᠠᠪᠣᠭᠠᠢ ᠭᠢᠳᠠᠤᠠᠴᠢᠯᠠᠭᠰᠠᠨ ᠤ ᠬᠠᠮᠳᠤ 《ᠳᠤᠷᠭᠤᠳ ᠤᠨ ᠳᠡᠦᠭᠡ》  ᠭᠡᠵᠤ ᠭᠠᠷᠴᠠᠭᠯᠠᠨ ᠨᠡᠢ᠌ᠳᠡᠯᠡᠭ᠍ᠰᠡᠨ ᠪᠢᠯᠠ ︱ ᠡᠰᠢ ᠳᠠᠳᠠᠭᠴᠢ ᠡᠴᠡ ) ᠤᠨ ᠪᠣᠷᠤᠭᠤ ᠳᠡᠮᠳᠡᠭ᠍ᠯᠡᠭ᠍ᠰᠡᠨ ᠡᠴᠡ ᠪᠣᠯᠤᠭᠰᠠᠨ ᠪᠦᠭᠡᠤᠨ ᠳᠦᠪᠳᠤᠠᠴᠠᠷᠠᠠᠴᠦ᠋ᠮᠪᠣᠯ ᠭᠡᠭᠡᠨ ᠤ ᠠᠩᠬᠠᠳᠠᠭᠴᠢ ᠰᠠᠭᠢᠯ ᠰᠠᠠᠸᠠᠷ ᠤᠨ ᠨᠠᠷ᠎ᠠ《ᠯᠤᠤᠵᠠᠩ ᠴᠠᠷᠠᠨ ᠴᠦᠮᠭᠡᠯ》 ᠤᠨ ᠠᠳᠠᠯᠢ ᠦᠭᠡᠶ ᠠᠪᠢᠶᠠᠴᠢᠯᠠᠭᠰᠠᠨ ᠣᠷᠴᠢᠭᠤᠯᠭ᠎ᠠ ᠡᠴᠡ ᠪᠣᠯᠤᠭᠰᠠᠨ ᠳᠡᠦᠭᠡ ᠶᠢᠨ ᠪᠣᠷᠤᠭᠤ ᠣᠢ᠌ᠯᠠᠭᠠᠯᠳᠠ ᠪᠣᠯᠬᠤ ᠶᠤᠮ᠃ ᠪᠣᠶᠠᠠᠴᠤᠭᠳᠤ ᠳᠤ ᠣᠭᠳᠤ ᠳᠦᠷᠪᠡᠨ ᠭᠦᠪᠠᠭᠦᠨ ᠪᠠᠢ᠌ᠬᠤ ᠦᠭᠡᠶ ᠂ ᠳᠦᠪᠳᠤᠠᠴᠠᠷᠠᠠᠴᠦ᠋ᠮᠪᠣᠯ ᠪᠣᠯ ᠳᠡᠭᠦᠨ ᠤ ᠳᠦᠷᠪᠠᠳᠦᠭᠡᠷ ᠭᠦᠪᠠᠭᠦᠨ ᠭᠡᠭᠦ ᠪᠣᠶᠤ ᠪᠣᠳᠠᠴᠢ ᠭᠦᠪᠠᠭᠦᠨ ᠭᠡᠭᠦ ᠭᠤᠷᠪᠠᠳᠤᠭᠠᠷ ᠭᠦᠪᠠᠭᠦᠨ ᠨᠢ ᠣᠭᠳᠤ ᠪᠠᠢ᠌ᠬᠤ ᠪᠣᠯᠤᠯᠴᠠᠭ᠎ᠠ ᠦᠭᠡᠶ᠃ ᠪᠢ ᠡᠭᠦᠨ ᠢ ᠰᠢᠯᠭᠠᠨ ᠨᠤᠳᠠᠯᠠᠪᠠ( ᠳᠠᠢ᠌ᠯᠪᠣᠷᠢ 28 ) ᠡ᠊ᠡᠳᠡ ᠥᠭᠦᠯᠡᠭᠦ ᠦᠭᠡᠶ》⒀ ᠭᠡᠪᠡ ᠃

ᠳᠡᠭᠡᠪᠠᠯ᠂ ᠪᠢᠳᠠᠨ ᠳᠡᠭᠦᠨ ᠤ ᠰᠢᠯᠭᠠᠨ ᠨᠤᠳᠠᠯᠠᠯᠳᠠ ᠶᠢ ᠰᠢᠠᠵᠢᠵᠤ ᠦᠵᠡᠶ᠎ᠠ᠃ ᠳᠠᠷᠠ ᠭᠡᠯᠡᠭᠦ ᠳᠡᠭᠡᠨ ᠄ 《ᠣᠯᠠᠩᠭᠢ ᠵᠤᠬᠢᠶᠠᠭᠴᠢᠤᠨ ᠪᠣᠷᠤᠭᠤ ᠪᠠᠷ ᠪᠣᠶᠠᠠᠴᠤᠭᠳᠤ ᠳᠦᠷᠪᠡᠨ ᠭᠦᠪᠠᠭᠦᠨ ᠲᠡᠶ ᠂ ᠳᠠᠪᠣᠳᠤᠭᠠᠷ ᠳᠦᠷᠢ ᠶᠢᠨ ᠰᠢᠠᠴᠢᠨ ᠭᠡᠭᠡᠨ ᠪᠣᠯ ᠳᠡᠭᠦᠨ ᠤ ᠳᠦᠷᠪᠠᠳᠦᠭᠡᠷ ᠭᠦᠪᠠᠭᠦᠨ ᠭᠡᠵᠤ ᠦᠵᠡᠵᠤ ᠪᠠᠢ᠌ᠭ᠎ᠠ ᠨᠢ ᠪᠠᠷᠤᠭ ᠬᠤᠷᠢᠳᠤᠭᠠᠷ ᠵᠠᠭᠤᠨ ᠤ ᠳᠤᠮᠳᠠᠴᠢ ᠦᠶ᠎ᠡ ᠪᠠᠷ ᠵᠤᠬᠢᠶᠠᠭᠰᠠᠨ《ᠳᠤᠷᠭᠤᠳ ᠤᠨ ᠳᠡᠦᠭᠡ》 ᠶᠢᠨ ᠪᠣᠷᠤᠭᠤ ᠭᠡᠯᠡᠯᠭᠡ᠄ 《ᠪᠣᠶᠠᠠᠴᠤᠭᠳᠤ ᠳᠤ ᠳᠦᠷᠪᠡᠨ ᠭᠦᠪᠠᠭᠦᠨ ᠪᠣᠢ ᠂ ᠠᠬᠠᠮᠠᠤᠨ ᠠᠨᠤ ᠬᠠᠭᠠᠨ ᠪᠤᠶᠡᠡᠮᠥ᠋ᠩᠭᠡ ᠂ ᠬᠤᠶᠠᠳᠤᠭᠠᠷ ᠭᠦᠪᠠᠭᠦᠨ ᠢᠨᠤ ᠳᠣᠢ᠌ᠨ ᠺᠠᠮᠪᠣ ᠯᠤᠴᠠᠩ ᠳ᠋ᠠᠠᠵᠢᠨ ᠴᠢᠮᠠᠤᠨ ᠨᠢᠮ᠎ᠠ ᠂ ᠭᠤᠷᠪᠠᠳᠤᠭᠠᠷ ᠭᠦᠪᠠᠭᠦᠨ ᠢᠨᠤ ᠳᠣᠢ᠌ᠨ ᠪᠯᠠᠮ᠎ᠠ ᠯᠤᠤᠵᠡᠩᠴᠡᠷᠡᠴᠦᠮᠭᠡᠯ ᠂ ᠳᠦᠷᠪᠠᠳᠦᠭᠡᠷ ᠭᠦᠪᠠᠭᠦᠨ ᠢᠨᠤ ᠁ 》 ᠭᠡᠵᠡᠢ ᠃ ᠡᠳᠡᠭᠡᠷ ᠵᠤᠬᠢᠶᠠᠯ ᠳᠤ ᠪᠣᠶᠠᠠᠴᠤᠭᠳᠤ ᠬᠠᠨ ᠤ  ᠬᠤᠶᠠᠳᠤᠭᠠᠷ ᠭᠦᠪᠠᠭᠦᠨ ᠂ ᠭᠤᠷᠪᠠᠳᠤᠭᠠᠷ ᠭᠦᠪᠠᠭᠦᠨ ᠂ ᠳᠦᠷᠪᠠᠳᠦᠭᠡᠷ ᠭᠦᠪᠠᠭᠦᠨ ( ᠨᠠᠷ᠎ᠠ ᠨᠢ ᠦᠭᠡᠶ ) ᠤ ᠨᠠᠷ᠎ᠠ ᠶᠢ ᠪᠢᠴᠢᠵᠠᠢ᠃ ᠡᠨᠡ ᠨᠢ ᠬᠤᠶᠠᠳᠤᠭᠠᠷ ᠭᠦᠪᠠᠭᠦᠨ ᠪᠣᠯᠬᠤ ᠳᠠᠪᠣᠳᠤᠭᠠᠷ ᠳᠦᠷᠢ ᠶᠢᠨ ᠰᠢᠠᠴᠢᠨ ᠭᠡᠭᠡᠨ ᠤ ᠬᠠᠮᠤᠭ ᠠᠩᠬᠠᠨ ᠤ ᠰᠠᠠᠸᠠᠷ ᠤᠨ ᠨᠠᠷ᠎ᠠ《  ᠯᠤᠴᠠᠩ ᠳ᠋ᠠᠠᠵᠢᠨ ᠴᠢᠮᠠᠤᠨ》 ᠤᠨ ᠠᠳᠠᠯᠢ ᠦᠭᠡᠶ ᠠᠪᠢᠶᠠᠴᠢᠯᠠᠭᠰᠠᠨ ᠣᠷᠴᠢᠭᠤᠯᠭ᠎ᠠ ᠪᠣᠯᠬᠤ ᠶᠤᠮ ᠂ ᠦᠨᠡᠨ ᠳᠡᠭᠡᠨ ᠨᠢᠭᠡ ᠭᠦᠮᠤᠨ ᠤ ᠨᠠᠷ᠎ᠠ ᠪᠢᠯᠠ》⒁ᠭᠡᠪᠡ ᠃

ᠳᠤᠰ ᠬᠤᠶᠠᠷ ᠥᠭᠦᠯᠡᠯ ᠤᠨ ᠵᠤᠬᠢᠶᠠᠭᠴᠢ《ᠪᠣᠶᠠᠠᠴᠤᠭᠳᠤ ᠬᠠᠨ ᠳᠦᠷᠪᠡᠨ ᠭᠦᠪᠠᠭᠦᠨ ᠲᠡᠶ ᠭᠡᠭᠦ ᠭᠡᠯᠡᠯᠭᠡ ᠨᠢ《ᠳᠤᠷᠭᠤᠳ ᠤᠨ ᠳᠡᠦᠭᠡ》ᠭᠡᠭᠦ ᠵᠤᠬᠢᠶᠠᠯ ᠳ᠋ᠠᠭᠢ ᠪᠣᠷᠤᠭᠤ ᠳᠡᠮᠳᠡᠭ᠍ᠯᠡᠯ》ᠪᠣᠯᠤᠨ《 ᠳᠦᠪᠳᠤᠠᠴᠠᠷᠠᠠᠴᠦ᠋ᠮᠪᠣᠯ ᠭᠡᠭᠡᠨ ᠤ ᠨᠠᠷ᠎ᠠ ᠶᠢᠨ ᠠᠳᠠᠯᠢ ᠦᠭᠡᠶ ᠠᠪᠢᠶᠠᠴᠢᠯᠠᠭᠰᠠᠨ ᠣᠷᠴᠢᠭᠤᠯᠭ᠎ᠠ》ᠪᠣᠯᠬᠤ ᠶᠤᠮ ᠭᠡᠵᠤ ᠳᠤᠷᠠᠤᠠᠴᠠᠢ᠃ ᠭᠡᠳᠡᠯ᠎ᠡ᠂ ᠳᠤᠰ ᠵᠤᠬᠢᠶᠠᠭᠴᠢ ᠨᠢᠭᠡ ᠳᠤ᠂《ᠪᠣᠶᠠᠠᠴᠤᠭᠳᠤ ᠬᠠᠨ ᠳᠦᠷᠪᠡᠨ ᠭᠦᠪᠠᠭᠦᠨ ᠲᠡᠶ ᠭᠡᠭᠦ ᠭᠡᠯᠡᠯᠭᠡ》 ᠶᠢᠨ ᠪᠣᠷᠤᠭᠤ ᠳᠡᠮᠳᠡᠭ᠍ᠯᠡᠭ᠍ᠰᠡᠨ ᠭᠡᠭᠦ ; ᠬᠤᠶᠠᠷ ᠲᠤ᠂《ᠳᠦᠪᠳᠤᠠᠴᠠᠷᠠᠠᠴᠦ᠋ᠮᠪᠣᠯ ᠭᠡᠭᠡᠨ ᠤ ᠨᠠᠷ᠎ᠠ ᠶᠢᠨ ᠠᠳᠠᠯᠢ ᠦᠭᠡᠶ ᠠᠪᠢᠶᠠᠴᠢᠯᠠᠭᠰᠠᠨ ᠣᠷᠴᠢᠭᠤᠯᠭ᠎ᠠ》ᠭᠡᠭᠦ ; ᠭᠤᠷᠪᠠ ᠳᠤ《ᠪᠣᠶᠠᠠᠴᠤᠭᠳᠤ ᠳᠦᠷᠪᠡᠨ ᠭᠦᠪᠠᠭᠦᠨ ᠲᠡᠶ》 ᠭᠡᠭᠦ ᠵᠡᠷᠭᠡ ᠶᠢ ᠥᠭᠡᠢ᠌ᠰᠭᠡᠵᠤ ᠪᠠᠢ᠌ᠭ᠎ᠠ ᠦᠶ᠎ᠡ ᠳᠡᠭᠡᠨ ᠳᠡᠳᠡᠭᠡᠷ ᠳᠤᠷᠠᠳᠤᠯᠭ᠎ᠠ ᠶᠢᠨ ᠪᠣᠷᠤᠭᠤ ᠭᠡᠭᠦ ᠶᠢ ᠭᠡᠷᠡᠴᠢᠯᠡᠭᠦ ᠡᠰᠢ ᠪᠠᠷᠢᠮᠳᠠ ᠡᠴᠡ ᠨᠢᠭᠡ ᠶᠢ ᠴᠤ ᠳᠤᠷᠠᠳᠤᠵᠤ ᠭᠠᠷᠭᠠᠭᠰᠠᠨ ᠦᠭᠡᠶ ᠪᠠᠢ᠌ᠨ᠎ᠠ᠃ ᠶᠠᠮᠠᠷᠪᠠ ᠦᠵᠡᠯᠳᠠ ᠨᠢ ᠪᠠᠳᠤᠳᠠᠢ ᠳᠡᠦᠭᠡ ᠶᠢᠨ ᠡᠰᠢ ᠪᠠᠷᠢᠮᠳᠠ ᠳᠤ ᠰᠠᠭᠤᠷᠢᠯᠠᠪᠠᠯ ᠰᠠᠶ‍ᠢ ᠢᠳᠡᠭᠡᠭᠦᠯᠭᠦ ᠭᠦᠴᠤᠨ ᠲᠡᠶ ᠪᠣᠯᠵᠤ᠂ ᠭᠦᠮᠦᠰ ᠲᠤ ᠭᠦᠯᠢᠶᠡᠨ ᠳᠠᠨᠢᠭᠳᠠᠵᠤ ᠴᠢᠳᠠᠬᠤ ᠶᠤᠮ᠃ ᠳᠤᠰ ᠵᠤᠬᠢᠶᠠᠭᠴᠢ ᠶᠠᠮᠠᠷ ᠴᠤ ᠳᠡᠦᠭᠡ ᠶᠢᠨ ᠡᠰᠢ ᠪᠠᠷᠢᠮᠳᠠ ᠳᠤᠷᠠᠤᠠᠬᠤ ᠦᠭᠡᠶ ᠪᠠᠷ《 ᠢᠯᠡᠦᠡᠭᠡᠯ ᠪᠢᠴᠢᠭ᠌》ᠵᠡᠷᠭᠡ ᠶᠢ ᠥᠭᠡᠢ᠌ᠰᠭᠡᠭᠦ ᠰᠠᠨᠠᠯ ᠶᠢᠡᠨ ᠳᠤᠷᠠᠳᠤᠭᠰᠠᠨ《ᠦᠵᠡᠯᠳᠠ》 ᠶᠢ ᠨᠢ ᠵᠥᠪᠭᠡᠨ ᠬᠤᠪᠢ ᠶᠢᠨ ᠬᠢᠨᠢ ᠪᠠᠶᠠᠴᠢ ᠳᠠᠭᠠᠮᠠᠭᠯᠠᠯ ᠭᠡᠵᠤ ᠪᠣᠯᠤᠮᠠᠷ ᠪᠠᠢ᠌ᠨ᠎ᠠ ᠃

ᠵᠠᠷᠢᠮ ᠭᠦᠮᠤᠨ ᠰᠡᠵᠢᠭ᠍ᠯᠡᠨ ᠥᠭᠡᠢ᠌ᠰᠭᠡᠭᠦ ᠰᠠᠨᠠᠯ ᠳᠤᠷᠠᠤᠠᠴᠤ ᠪᠠᠢ᠌ᠬᠤ ᠪᠣᠯᠬᠤᠷ᠂ ᠪᠢᠳᠠᠨ ᠦᠨᠡᠨ ᠡᠴᠡ ᠵᠦᠪ ᠢ ᠡᠷᠢᠵᠤ ᠳᠡᠦᠭᠡ ᠶᠢᠨ ᠡᠰᠢ ᠪᠠᠷᠢᠮᠳᠠ ᠪᠠᠷ ᠡᠨᠡ ᠠᠰᠠᠭᠤᠳᠠᠯ ᠢ ᠰᠢᠠᠵᠢᠯᠠᠨ ᠰᠤᠳᠤᠯᠤᠶ᠎ᠠ᠃《 ᠪᠣᠶᠠᠠᠴᠤᠭᠳᠤ ᠬᠠᠨ ᠤ ᠬᠤᠶᠠᠳᠤᠭᠠᠷ ᠭᠦᠪᠠᠭᠦᠨ ᠪᠤᠶᠡᠨᠭᠡᠰᠢᠭ᠌ ᠪᠣᠯᠤᠨ ᠳᠠᠪᠣᠳᠤᠭᠠᠷ ᠳᠦᠷᠢ ᠶᠢᠨ ᠰᠢᠠᠴᠢᠨ ᠭᠡᠭᠡᠨ ᠪᠣᠯ ᠨᠢᠭᠡ ᠭᠦᠮᠤᠨ ᠭᠡᠵᠤ ᠦᠦ ︖》 ᠡᠭᠦᠨ ᠢ ᠳᠤᠳᠤᠷᠬᠠᠢ᠌ᠯᠠᠬᠤ ᠭᠡᠪᠠᠯ᠂ ᠠᠩ ᠳᠡᠷᠢᠭᠦᠨ ᠳᠤ ᠪᠣᠶᠠᠠᠴᠤᠭᠳᠤ ᠬᠠᠨ ᠤ ᠬᠤᠶᠠᠳᠤᠭᠠᠷ ᠭᠦᠪᠠᠭᠦᠨ ᠪᠤᠶᠨ‍ᠡᠭᠡᠰᠢᠭ᠌ ᠪᠣᠯᠤᠨ ᠳᠠᠪᠣᠳᠤᠭᠠᠷ ᠳᠦᠷᠢ ᠶᠢᠨ ᠰᠢᠠᠴᠢᠨ ᠭᠡᠭᠡᠨ ᠤ ᠳᠦᠷᠦᠭ᠍ᠰᠡᠨ ᠵᠢᠯ ᠨᠢ ᠠᠳᠠᠯᠢ ᠡᠰᠡᠭᠦ ᠶᠢ ᠳᠤᠳᠤᠷᠬᠠᠢ᠌ᠯᠠᠬᠤ ᠴᠢᠬᠤᠯᠠᠳᠠᠢ᠃ ᠴᠢᠩ ᠣᠯᠤᠰ ᠤᠨ ᠳᠠᠩᠰᠠ ᠡᠪᠭᠡᠮᠡᠯ ᠶᠢᠡᠷ ᠪᠠᠷᠢᠮᠳᠠ ᠪᠣᠯᠭᠠᠨ《ᠪᠣᠶᠠᠠᠴᠤᠭᠳᠤ ᠬᠠᠨ ᠤ ᠬᠤᠶᠠᠳᠤᠭᠠᠷ ᠭᠦᠪᠠᠭᠦᠨ ᠪᠤᠶᠡᠨᠭᠡᠰᠢᠭ᠌ ᠪᠣᠯ ᠪᠠᠳᠠᠷᠠᠭᠤᠯᠳᠤ ᠲᠦᠷᠦ ᠶᠢᠨ ᠠᠷᠪᠠᠨ ᠭᠤᠷᠪᠠᠳᠤᠭᠠᠷ ( 1887 ᠣᠨ) ᠳᠤ ᠳᠦᠷᠦᠭ᠍ᠰᠡᠨ 》 ᠨᠢ ᠳᠤᠪ ᠳᠤᠳᠤᠷᠬᠠᠢ ᠪᠠᠢ᠌ᠨ᠎ᠠ᠃ ᠳᠡᠭᠡᠪᠠᠯ ᠂ ᠳᠠᠪᠣᠳᠤᠭᠠᠷ ᠳᠦᠷᠢ ᠶᠢᠨ ᠰᠢᠠᠴᠢᠨ ᠭᠡᠭᠡᠨ ᠤ ᠳᠦᠷᠦᠭ᠍ᠰᠡᠨ ᠵᠢᠯ ᠨᠢ ᠡᠨᠡᠭᠦ ᠠᠰᠠᠭᠤᠳᠠᠯ ᠢ ᠳᠤᠳᠤᠷᠬᠠᠢ᠌ᠯᠠᠬᠤ ᠵᠠᠩᠭᠢᠯᠭ᠎ᠠ ᠪᠣᠯᠬᠤ ᠶᠤᠮ᠃ ᠳᠠᠪᠣᠳᠤᠭᠠᠷ ᠳᠦᠷᠢ ᠶᠢᠨ ᠰᠢᠠᠴᠢᠨ ᠭᠡᠭᠡᠨ《 1887 ᠣᠨ 》 ᠳᠤ ᠳᠦᠷᠦᠭ᠍ᠰᠡᠨ ᠭᠡᠵᠤ ᠦᠦ ︖ ᠳᠠᠪᠣᠳᠤᠭᠠᠷ ᠳᠦᠷᠢ ᠶᠢᠨ ᠰᠢᠠᠴᠢᠨ ᠭᠡᠭᠡᠨ ᠤ ᠳᠦᠷᠦᠭ᠍ᠰᠡᠨ ᠵᠢᠯ ᠤᠨ ᠳᠤᠬᠠᠢ ᠠᠳᠠᠯᠢ ᠦᠭᠡᠶ ᠣᠯᠠᠨ ᠵᠣᠢ᠌ᠯ ᠤᠨ ᠭᠡᠯᠡᠯᠭᠡ ᠪᠣᠢ᠂ ᠳᠡᠳᠡᠭᠡᠷ ᠢ ᠬᠤᠷᠢᠶᠠᠩᠭ᠋ᠣᠢ᠌ᠯᠠᠪᠠᠯ ᠡᠢ᠌ᠮᠤ ᠭᠡᠳᠤᠨ ᠵᠣᠢ᠌ᠯ ᠪᠣᠢ ᠃

ᠨᠢᠭᠡᠳᠦᠭᠡᠷ ᠭᠡᠯᠡᠯᠭᠡ ᠨᠢ ᠄

(ᠨᠢᠭᠡ)ᠡ᠊ • ᠪᠠᠤᠠᠮᠠᠷ᠎ᠠ《ᠬᠠᠷᠠᠰᠢᠷ᠎ᠠ ᠶᠢᠨ ᠳᠤᠷᠭᠤᠳ ᠤᠨ ᠭᠡᠷᠡᠭ᠌ ᠤᠨ ᠳᠤᠪᠴᠢ》 ᠳᠤ᠄ 《ᠥᠭᠡᠷ ᠵᠢᠯ (1877 ᠣᠨ ) ᠨᠤᠶᠠᠨ ᠡᠵᠢ ᠪᠠᠷᠠᠭᠤᠨ ᠵᠤᠤ ᠡᠴᠡ ᠪᠣᠴᠠᠬᠤ ᠳᠤ ᠯᠠᠮᠠ ᠨᠠᠷ ᠨᠤᠶᠠᠨ ᠡᠵᠢ ᠡᠴᠡ《ᠵᠤᠤ ᠶᠢᠨ ᠳᠡᠭᠡᠪᠦᠷ ᠢ ᠠᠯᠳᠠ ᠪᠠᠷ ᠪᠦᠷᠢᠳᠡᠭ᠌ ᠪᠣᠯᠵᠤ ᠪᠠᠢ᠌ᠨ᠎ᠠ᠂ ᠳᠠᠮ ᠬᠠᠢ᠌ᠷᠢᠯᠠᠠᠠᠳᠤᠨ 》ᠭᠡᠵᠡᠢ ᠃ ᠨᠤᠶᠡᠨ ᠡᠵᠢ ᠪᠠᠷᠠᠭᠤᠨ ᠳᠦᠷᠦᠭᠡ ᠪᠠᠨ ᠦᠭ‍ᠭᠦ ᠪᠠᠷ ᠮᠤᠷᠢᠨ ᠡᠴᠡ ᠪᠠᠭᠤᠬᠤ ᠳᠤ ᠪᠠᠷᠠᠭᠤᠨ ᠭᠦᠯ ᠨᠢ ᠱᠠᠭᠠᠴᠠ ᠪᠠᠨ ᠭᠠᠵᠠᠷ ᠲᠤ ᠰᠢᠭᠢᠤᠠᠴᠤ᠂ ᠰᠢᠠᠴᠢᠨ ᠭᠡᠭᠡᠨ ᠨᠢ ᠬᠤᠪᠢᠯᠭᠠᠨ ᠨᠤᠶᠡᠨ ᠡᠵᠢ ᠳᠤ ᠢᠯᠠᠤᠠᠪᠠ᠂ ᠪᠠᠷᠰ ᠵᠢᠯ(1878 ᠣᠨ ) ᠪᠠᠷᠰ ᠰᠠᠷᠠ ᠶᠢᠨ ᠪᠠᠷᠰ ᠡᠳᠦᠷ ᠪᠠᠷᠰ ᠴᠠᠭ ᠲᠤ ᠬᠤᠶᠠᠷ ᠪᠠᠷᠰ  ᠤᠨ ᠳᠤᠮᠳᠠ ᠡᠴᠡ ᠪᠤᠶᠡᠡᠮᠦ᠋ᠩᠬᠡ ᠬᠠᠨ ᠤ ᠳᠡᠭᠦᠤ ᠪᠣᠯᠵᠤ ᠰᠤᠯᠤᠩᠭ᠋᠎ᠠ ᠳᠠᠳᠠᠨ ᠮᠡᠡᠳᠡᠯᠡᠵᠡᠢ 》 ⒂ᠭᠡᠵᠤ ᠪᠢᠴᠢᠵᠠᠢ᠃ ᠡ᠊ • ᠪᠠᠤᠠᠮᠠᠷ᠎ᠠ ᠶᠢᠨ ᠥᠵᠡᠭᠦ ᠪᠠᠷ ᠂ ᠰᠢᠠᠴᠢᠨ ᠭᠡᠭᠡᠨ 1878 ᠣᠨ ᠪᠣᠯᠬᠤ ᠪᠠᠷᠰ ᠵᠢᠯ ᠲᠦᠷᠦᠵᠠᠢ ᠃

(ᠬᠤᠶᠠᠷ)ᠾᠸᠠᠨᠢᠩ • ᠬᠠᠰᠯᠤᠠᠳᠠ ᠶᠢᠨ ᠭᠡᠯᠡᠭᠦ ᠪᠠᠷ᠂ ᠳᠠᠪᠣᠳᠤᠭᠠᠷ ᠳᠦᠷᠢ ᠶᠢᠨ ᠰᠢᠠᠴᠢᠨ ᠭᠡᠭᠡᠨ ᠮᠤᠳᠤᠨ ᠪᠠᠴᠢᠨ ᠵᠢᠯ(1884 ᠣᠨ)ᠲᠦᠷᠦᠵᠤ ᠂ ᠭᠠᠯ ᠭᠠᠬᠠᠢ ᠵᠢᠯ (1887 ᠣᠨ ) ᠭᠤᠷᠪᠠᠬᠠᠨ ᠨᠠᠰᠤᠳᠠᠢ ᠪᠠᠢ᠌ᠵᠤ᠂ ᠳᠡᠭᠦᠨ ᠤ ᠲᠦᠷᠦᠵᠤ ᠥᠭᠦᠭ᠍ᠰᠡᠨ ᠣᠨ ᠨᠢ 1884 ︱ 1932 ᠣᠨ ᠪᠣᠯᠤᠨ᠎ᠠ⒃᠃

ᠳᠡᠭᠡᠪᠠᠯ᠂ ᠡ᠊ • ᠪᠠᠤᠠᠮᠠᠷ᠎ᠠ ᠪᠣᠯᠤᠨ ᠾᠸᠠᠨᠢᠩ • ᠬᠠᠰᠯᠤᠠᠳᠠ ᠶᠢᠨ ᠭᠡᠯᠡᠯᠭᠡ ᠪᠠᠷ ᠳᠠᠪᠣᠳᠤᠭᠠᠷ ᠳᠦᠷᠢ ᠶᠢᠨ ᠰᠢᠠᠴᠢᠨ ᠭᠡᠭᠡᠨ1878 ᠣᠨ ᠪᠣᠯᠬᠤ ᠪᠠᠷᠰ ᠵᠢᠯ ᠳᠦᠷᠦᠭ᠍ᠰᠡᠨ ᠦᠦ ︖ ᠡᠰᠡᠭᠦᠯ᠎ᠡ 1884 ᠣᠨ ᠳᠤ ᠳᠦᠷᠦᠭ᠍ᠰᠡᠨ ᠦᠦ ︖

ᠡᠡᠭ᠌ ᠳᠡᠷᠢᠭᠦᠨ ᠳᠤ᠂ ᠴᠢᠩ ᠣᠯᠤᠰ ᠤᠨ ᠳᠠᠩᠰᠠ ᠡᠪᠭᠡᠮᠡᠯ《ᠪᠠᠳᠠᠷᠠᠭᠤᠯᠳᠤ ᠲᠦᠷᠦ ᠶᠢᠨ ᠣᠯᠠᠭᠠᠨ ᠶᠢᠡᠷ ᠴᠤᠬᠤᠭᠰᠠᠨ ᠠᠢ᠌ᠯᠠᠤᠠᠬᠠᠯ ᠡᠮᠬᠢᠦᠡᠭᠡᠯ》ᠪᠣᠯᠤᠨ《ᠴᠢᠩ ᠣᠯᠤᠰ ᠊ᠤᠨ  ᠳᠸᠽᠦᠩ ᠬᠠᠭᠠᠨ ᠤ ᠦᠨᠡᠨ ᠬᠠᠤᠯᠢᠳᠤ ᠪᠢᠴᠢᠭ᠌》 ᠤᠨ ᠳᠡᠮᠳᠡᠭᠯᠡᠯ ᠢ ᠦᠨᠳᠦᠰᠦᠯᠠᠪᠠᠯ᠄ ᠪᠣᠶᠠᠠᠴᠤᠭᠳᠤ ᠶᠢᠨ ᠠᠬᠠᠮᠠᠤᠨ ᠭᠦᠪᠠᠭᠦᠨ ᠪᠤᠶᠡᠡᠮᠥ᠋ᠩᠭᠡ ᠨᠢ ᠪᠠᠳᠠᠷᠠᠭᠤᠯᠳᠤ ᠲᠦᠷᠦ ᠶᠢᠨ ᠠᠷᠪᠠᠨ ᠨᠢᠭᠡᠳᠦᠭᠡᠷ ᠣᠨ ( 1885 ᠣᠨ ) ᠳᠤ ᠲᠦᠷᠦᠵᠤ᠂ ᠬᠤᠶᠠᠳᠤᠭᠠᠷ ᠭᠦᠪᠠᠭᠦᠨ ᠪᠤᠶᠡᠡᠭᠡᠰᠢᠭ᠌ ᠨᠢ ᠪᠠᠳᠠᠷᠠᠭᠤᠯᠳᠤ ᠲᠦᠷᠦ ᠶᠢᠨ ᠠᠷᠪᠠᠨ ᠭᠤᠷᠪᠠᠳᠤᠭᠠᠷ ᠣᠨ ( 1887 ᠣᠨ ) ᠳᠤ ᠲᠦᠷᠦᠵᠠᠢ ᠃ ᠡᠭᠦᠨ ᠡᠴᠡ ᠥᠵᠡᠭᠦ ᠳᠤ᠂ ᠪᠣᠶᠠᠠᠴᠤᠭᠳᠤ ᠬᠠᠨ ᠤ ᠠᠬᠠᠮᠠᠤᠨ ᠭᠦᠪᠠᠭᠦᠨ ᠨᠢ1885 ᠣᠨ ᠳᠤ ᠳᠦᠷᠦᠭ᠍ᠰᠡᠨ ᠪᠠᠢ᠌ᠳᠠᠯ᠎ᠠ᠂ ᠰᠢᠠᠴᠢᠨ ᠭᠡᠭᠡᠨ ᠠᠬ᠎ᠠ ᠡᠴᠡ ᠪᠠᠨ ᠣᠷᠢᠳᠠᠪᠠᠷ ᠳᠦᠷᠦᠭᠦ ᠶᠤᠰᠤ ᠪᠠᠢ᠌ᠬᠤ ᠦᠭᠡᠶ᠃ ᠳᠡᠭᠡᠪᠠᠯ ᠂ ᠡ᠊ • ᠪᠠᠤᠠᠮᠠᠷ᠎ᠠ ᠶᠢᠨ 《1878 ᠣᠨ ᠳᠤ ᠲᠦᠷᠦᠪᠠ》ᠭᠡᠭᠦ ᠭᠡᠯᠡᠯᠭᠡ ᠪᠠ ᠾᠸᠠᠨᠢᠩ • ᠬᠠᠰᠯᠤᠠᠳᠠ ᠶᠢᠨ ᠭᠡᠯᠡᠭ᠍ᠰᠡᠨ ᠰᠢᠠᠴᠢᠨ ᠭᠡᠭᠡᠨ《ᠮᠤᠳᠤᠨ ᠪᠠᠴᠢᠨ ᠵᠢᠯ ( 1884 ᠣᠨ ) ᠳᠤ ᠲᠦᠷᠦᠪᠠ》 ᠭᠡᠭᠦ ᠭᠡᠯᠡᠯᠭᠡ ᠨᠢ ᠴᠦᠮ ᠳᠡᠦᠭᠡ ᠵᠢᠨ ᠥᠨᠡᠨ ᠯᠦᠭᠡ ᠨᠡᠢ᠌ᠴᠡᠭᠦ ᠦᠭᠡᠶ ᠭᠡᠯᠡᠯᠭᠡ ᠪᠣᠯᠤᠨ᠎ᠠ᠃ ᠳᠠᠷᠠᠭ᠎ᠠ ᠳ᠋ᠤᠨᠢ ᠭᠡᠯᠡᠪᠠᠯ《ᠳᠦᠷᠪᠠᠳᠦᠭᠡᠷ ᠳᠦᠷᠢ ᠶᠢᠨ ᠰᠢᠠᠴᠢᠨ ᠭᠡᠭᠡᠨ ᠢ 1887 ᠣᠨ ᠤ 6 ᠰᠠᠷ᠎ᠠ ᠳᠤ ᠭᠠᠰᠠ ᠶᠢᠨ ᠭᠢᠨ ᠠᠯᠠᠭᠰᠠᠨ ᠤ ᠬᠠᠮᠳᠤ ᠰᠢᠠᠴᠢᠨ ᠢ ᠣᠭᠳᠤ ᠳᠦᠷᠢ ᠠᠷᠠᠯᠵᠢᠵᠤ ᠪᠣᠯᠬᠤ ᠦᠭᠡᠶ ᠭᠡᠵᠤ ᠳᠤᠭᠳᠠᠭᠠᠵᠠᠢ᠃ ᠭᠡᠳᠡᠯ᠎ᠡ ᠂ ᠰᠡᠭᠦᠯᠡᠷ ᠨᠢ ᠳᠠᠳᠠᠨᠤᠰ ᠠᠷᠭᠠᠯᠠᠨ ᠣᠬᠠᠭᠠᠯᠠᠵᠤ ᠪᠠᠢ᠌ᠭᠠᠤᠨ ᠬᠠᠭᠤᠴᠢᠨ ᠳᠤᠷᠭᠤᠳ ᠤᠨ ᠬᠠᠨ ᠤ ᠭᠡᠷ ᠲᠤ ᠳᠡᠭᠦᠨ ᠢ ᠢᠯᠡᠳᠡᠭᠡᠵᠡᠢ⒄᠃ ᠡᠭᠦᠨ ᠡᠴᠡ ᠥᠵᠡᠭᠦᠯ᠎ᠡ ᠂ ᠳᠦᠷᠪᠠᠳᠦᠭᠡᠷ ᠳᠦᠷᠢ ᠶᠢᠨ ᠰᠢᠠᠴᠢᠨ ᠭᠡᠭᠡᠨ ᠤ ᠬᠣᠢ᠌ᠳᠤ ᠳᠦᠷᠢ ᠶᠢᠨ ᠬᠤᠪᠢᠯᠭᠠᠨ ᠪᠣᠯᠬᠤ ᠳᠠᠪᠣᠳᠤᠭᠠᠷ ᠳᠦᠷᠢ ᠶᠢᠨ ᠰᠢᠠᠴᠢᠨ ᠭᠡᠭᠡᠨ《 1887 ᠣᠨ ᠤ 6 ᠰᠠᠷ᠎ᠠ 》 ᠡᠴᠡ ᠬᠣᠢ᠌ᠰᠢ ᠳᠦᠷᠦᠭ᠍ᠰᠡᠨ ᠪᠠᠢ᠌ᠬᠤ ᠶᠤᠰᠤᠳᠠᠢ᠃ ᠥᠭᠡᠷ᠎ᠡ ᠪᠠᠷ ᠭᠡᠯᠡᠪᠠᠯ᠂ ᠳᠦᠷᠪᠠᠳᠦᠭᠡᠷ ᠳᠦᠷᠢ ᠶᠢᠨ ᠰᠢᠠᠴᠢᠨ ᠭᠡᠭᠡᠨ ᠨᠠᠰᠤ ᠨᠥᠭ᠍ᠴᠢᠭ᠍ᠰᠡᠨ ᠤ ᠳᠠᠷᠠᠭ᠎ᠠ ᠰᠠᠶ‍ᠢ ᠳᠠᠪᠣᠳᠤᠭᠠᠷ ᠳᠦᠷᠢ ᠶᠢᠨ ᠰᠢᠠᠴᠢᠨ ᠭᠡᠭᠡᠨ ᠳᠤᠳᠤᠷᠠᠬᠤ ᠶᠤᠰᠤᠳᠠᠢ᠃ ᠭᠡᠷᠪᠡ ᠬᠠᠨ ᠤ ᠳᠡᠭᠦᠤ ᠭᠡᠮᠡᠭ᠍ᠴᠢ ᠰᠢᠠᠴᠢᠨ ᠭᠡᠭᠡᠨ《 1878 ᠣᠨ ᠤ 6 ᠰᠠᠷ᠎ᠠ 》 ᠳᠤ ᠲᠦᠷᠦᠪᠠ ᠭᠡᠭᠦ ᠳᠤ ᠭᠦᠷᠪᠠᠯ᠂ ᠳᠦᠷᠪᠠᠳᠦᠭᠡᠷ ᠳᠦᠷᠢ ᠶᠢᠨ ᠰᠢᠠᠴᠢᠨ ᠭᠡᠭᠡᠨ ᠪᠠᠰᠠ ᠠᠮᠢᠳᠤ ᠮᠠᠠᠳᠤ ᠪᠠᠢ᠌ᠬᠤ ᠣᠴᠢᠷ᠂ ᠳᠠᠷᠠ ᠨᠢ ᠶᠠᠭᠠᠭᠢᠯ᠎ᠠ ᠴᠤ ᠭᠡᠤᠨ ᠳᠦᠷᠪᠠᠳᠦᠭᠡᠷ ᠳᠦᠷᠢ ᠶᠢᠨ ᠰᠢᠠᠴᠢᠨ ᠭᠡᠭᠡᠨ ᠤ ᠬᠣᠢ᠌ᠳᠤ ᠳᠦᠷᠢ ᠶᠢᠨ ᠬᠤᠪᠢᠯᠭᠠᠨ ︱ ᠳᠠᠪᠣᠳᠤᠭᠠᠷ ᠳᠦᠷᠢ ᠶᠢᠨ ᠰᠢᠠᠴᠢᠨ ᠭᠡᠭᠡᠨ ᠪᠣᠯᠵᠤ ᠴᠢᠳᠠᠬᠤ ᠦᠭᠡᠶ ᠶᠤᠮ᠃ ᠳᠠᠢ᠌ᠮᠤ ᠡᠴᠡ᠂ ᠳᠦᠪᠳᠤᠠᠴᠠᠷᠠᠠᠴᠦ᠋ᠮᠪᠣᠯ ᠢ《 1887 ᠣᠨ ᠤ 6 ᠰᠠᠷ᠎ᠠ 》 ᠡᠴᠡ ᠡᠮᠦᠨ᠎ᠡ 《1878 ᠣᠨ》 ᠡᠰᠡᠭᠦᠯ᠎ᠡ 《1884 ᠣᠨ 》 ᠳᠤ ᠲᠦᠷᠦᠪᠠ ᠭᠡᠭᠦ ᠭᠡᠯᠡᠯᠭᠡ ᠨᠢ ᠳᠡᠦᠭᠡ ᠶᠢᠨ ᠦᠨᠡᠨ ᠡᠴᠡ ᠵᠠᠢ᠌ᠳᠠᠭᠰᠠᠨ᠂ ᠪᠠᠢ᠌ᠵᠤ ᠪᠣᠯᠤᠰᠢ ᠦᠭᠡᠶ ᠭᠡᠯᠡᠯᠭᠡ ᠪᠣᠯᠬᠤ ᠶᠤᠮ ᠃

ᠬᠤᠶᠠᠳᠤᠭᠠᠷ ᠭᠡᠯᠡᠯᠭᠡ ᠨᠢ ᠄

《ᠪᠠᠶᠠᠨᠭᠤᠤᠯ ᠮᠤᠩᠭ᠋ᠤᠯ ᠥᠪᠠᠷᠳᠡᠭᠡᠨ ᠵᠠᠰᠠᠬᠤ ᠵᠸᠤ ᠶᠢᠨ ᠣᠢ᠌ᠯᠠᠯᠭ᠎ᠠ》⒅᠂ 《ᠾᠸᠵᠢᠩ ᠰᠢᠶᠠᠨ ᠤ ᠣᠢ᠌ᠯᠠᠯᠭ᠎ᠠ》⒆ᠪᠠ 《ᠾᠸᠵᠢᠩ ᠰᠢᠶᠠᠨ ᠤ ᠰᠤᠶᠤᠯ ᠳᠡᠦᠭᠡ ᠶᠢᠨ ᠮᠠᠲ᠋ᠸᠷᠢᠶᠠᠯ》 ⒇ ᠳᠤ ᠄ 《ᠳᠠᠪᠣᠳᠤᠭᠠᠷ ᠳᠦᠷᠢ ᠶᠢᠨ ᠰᠢᠠᠴᠢᠨ ᠭᠡᠭᠡᠨ ᠪᠠᠳᠠᠷᠠᠭᠤᠯᠳᠤ ᠲᠦᠷᠦ ᠶᠢᠨ ᠠᠷᠪᠠᠨ ᠬᠤᠶᠠᠳᠤᠭᠠᠷ ᠣᠨ(1886 ᠣᠨ ) ᠤ ᠠᠷᠪᠠᠨ ᠨᠢᠭᠡᠳᠦᠭᠡᠷ ᠰᠠᠷ᠎ᠠ ᠶᠢᠨ ᠰᠢᠨ᠎ᠠ ᠶᠢᠨ ᠨᠢᠭᠡᠨ ᠳᠤ ᠰᠢᠠᠵᠢᠶᠠᠩ ᠤᠨ ᠾᠸᠵᠢᠩ ᠰᠢᠶᠠᠨ ᠤ ᠪᠠᠯᠭᠤᠨᠠᠳᠠᠢ ᠳ᠋ᠠᠭᠢ ᠬᠠᠨ ᠤ ᠣᠷᠳᠤᠨ ᠳᠤ ᠲᠦᠷᠦᠪᠠᠢ》ᠭᠡᠵᠤ ᠪᠣᠢ ᠃ ᠡᠨᠡ ᠨᠢ ᠴᠤ ᠭᠡᠭᠡᠨ ᠤ ᠳᠦᠷᠢ ᠠᠷᠠᠯᠵᠢᠬᠤ ᠵᠤᠷᠰᠢᠯ ᠡᠴᠡ ᠵᠥᠷᠢᠴᠡᠭ᠍ᠰᠡᠨ ᠭᠡᠯᠡᠯᠭᠡ ᠪᠣᠯᠤᠨ᠎ᠠ᠃ ᠪᠠᠳᠠᠷᠠᠭᠤᠯᠳᠤ ᠲᠦᠷᠦ ᠶᠢᠨ ᠠᠷᠪᠠᠨ ᠬᠤᠶᠠᠳᠤᠭᠠᠷ ᠣᠨ(1886 ᠣᠨ) ᠳᠤ ᠳᠦᠷᠪᠠᠳᠦᠭᠡᠷ ᠳᠦᠷᠢ ᠶᠢᠨ ᠰᠢᠠᠴᠢᠨ ᠭᠡᠭᠡᠨ ᠠᠮᠢᠳᠤ ᠮᠠᠠᠳᠤ ᠪᠠᠢ᠌ᠵᠤ ᠪᠠᠢ᠌ᠳᠠᠯ᠎ᠠ᠂ ᠬᠣᠢ᠌ᠳᠤ ᠳᠦᠷᠢ ᠶᠢᠨ ᠰᠢᠠᠴᠢᠨ ᠭᠡᠭᠡᠨ ᠶᠠᠭᠠᠭᠢᠭᠠᠤᠨ ᠢᠯᠡᠷᠡᠭᠦ ᠪᠢᠯᠠ ︖ ᠳᠠᠢ᠌ᠮᠤ ᠡᠴᠡ᠂ ᠡᠨᠡᠭᠦ ᠭᠡᠯᠡᠯᠭᠡ ᠨᠢ ᠴᠤ ᠳᠡᠦᠭᠡ ᠶᠢᠨ ᠮᠠᠲ᠋ᠸᠷᠢᠶᠠᠯ ᠤᠳ ᠲᠤ ᠬᠠᠷᠠᠭᠳᠠᠬᠤ ᠦᠭᠡᠶ ᠠᠠᠳᠠᠭᠤ ᠭᠡᠯᠡᠯᠭᠡ ᠪᠣᠯᠬᠤ ᠨᠢ ᠢᠯᠡᠷᠭᠡᠢ᠃

ᠭᠤᠷᠪᠠᠳᠤᠭᠠᠷ ᠭᠡᠯᠡᠯᠭᠡ ᠨᠢ ᠄

ᠳᠤᠨᠠ ᠄《ᠰᠢᠠᠴᠢᠨ ᠭᠡᠭᠡᠨ 1888 ᠣᠨ ᠤ 11 ᠰᠠᠷ᠎ᠠ ᠳᠤ ᠲᠦᠷᠦᠵᠠᠢ ᠃ 》(21)ᠭᠡᠪᠡ᠃ ᠶᠠᠭᠤᠨ ᠤ ᠳᠡᠷᠢᠭᠦᠨ ᠳᠤ ᠂ ᠭᠡᠷᠪᠡ ᠳᠤᠨᠠ ᠶᠢᠨ ᠭᠡᠯᠡᠭ᠍ᠰᠡᠡᠴᠢᠯᠡᠨ《ᠰᠢᠠᠴᠢᠨ ᠭᠡᠭᠡᠨ 1888 ᠣᠨ ᠤ 11 ᠰᠠᠷ᠎ᠠ ᠳᠤ ᠲᠦᠷᠦᠪᠠ》 ᠭᠡᠭᠦ ᠳᠤ ᠭᠦᠷᠪᠠᠯ᠂ ᠡᠨᠡᠭᠦ ᠰᠢᠠᠴᠢᠨ ᠭᠡᠭᠡᠨ ᠨᠢ 1885 ᠣᠨ ᠪᠣᠯᠤᠨ 1887 ᠣᠨ ᠳᠤ ᠳᠦᠷᠦᠭ᠍ᠰᠡᠨ ᠭᠡᠵᠤ ᠴᠢᠩ ᠣᠯᠤᠰ ᠤᠨ ᠳᠠᠩᠰᠠ ᠡᠪᠭᠡᠮᠡᠯ ᠳᠤ ᠳᠡᠮᠳᠡᠭᠯᠡᠭ᠍ᠳᠡᠭ᠍ᠰᠡᠨ ᠪᠣᠶᠠᠠᠴᠤᠭᠳᠤ ᠬᠠᠨ ᠤ ᠬᠤᠶᠠᠷ ᠭᠦᠪᠠᠭᠦᠨ ᠤ ᠨᠢᠭᠡᠨ ᠨᠢ ᠴᠤ ᠪᠢᠰᠢ ᠪᠣᠯᠬᠤ ᠨᠢ ᠭᠡᠯᠡᠯᠭᠡᠨ ᠦᠭᠡᠶ ᠶᠤᠮ᠃ ᠳᠠᠷᠠᠭ᠎ᠠ ᠳ᠋ᠤᠨᠢ ᠭᠡᠯᠡᠪᠠᠯ᠂ ᠳᠤᠰ ᠵᠤᠬᠢᠶᠠᠯ ᠤᠨ ᠡᠮᠦᠨᠡᠭᠢ ᠭᠡᠰᠡᠭ᠌ ᠲᠤ 1888 ᠣᠨ ᠤ 7 ᠰᠠᠷ᠎ᠠ ᠶᠢᠨ 11 ᠤ ᠡᠳᠦᠷ《 ᠵᠧᠨ ᠳ᠋ᠢ ᠳ᠋ᠤᠤᠯᠢ ᠶᠠᠮᠤᠨ ᠡᠴᠡ ᠪᠣᠶᠠᠠᠴᠤᠭᠳᠤ ᠲᠦᠪᠡᠳ ᠲᠤ ᠣᠴᠢᠵᠤ ᠮᠥᠷᠭᠦᠯ ᠭᠢᠭᠦ ᠣᠴᠢᠷ ᠶᠢᠡᠷ ᠳᠤᠷᠮᠠᠨ ᠤ ᠳᠢᠩᠭᠢᠮ ᠳᠤ ᠦᠭ‍ᠭᠦᠭ᠍ᠰᠡᠨ ᠪᠢᠴᠢᠭ᠌》 ᠲᠤ ᠄ ᠪᠣᠶᠠᠠᠴᠤᠭᠳᠤ ᠬᠠᠨ 1888 ᠣᠨ ᠤ 8 ᠰᠠᠷ᠎ᠠ ᠳᠤ ᠰᠸᠷᠳᠢᠪᠢᠯᠭᠠᠳᠠᠨ ᠬᠠᠳᠤᠨ ᠵᠢᠴᠢ ᠵᠠᠭᠤᠨ ᠭᠤᠷᠪᠠᠨ ᠳᠠᠭᠠᠭᠰᠠᠤᠨ ᠶᠢᠡᠷ ᠪᠦᠷᠢᠯᠳᠦᠭ᠍ᠰᠡᠨ ᠮᠥᠷᠭᠦᠯ ᠭᠢᠭᠦ ᠶᠡᠭᠡ ᠠᠩᠭᠢ  ᠵᠢ ᠳᠠᠭᠠᠭᠤᠯᠤᠨ ᠲᠦᠪᠡᠳ ᠲᠤ ᠣᠴᠢᠪᠠ ᠭᠡᠵᠤ ᠳᠡᠮᠳᠡᠭᠯᠡᠵᠡᠢ᠃ ᠡᠨᠡ ᠳᠡᠮᠳᠡᠭᠯᠡᠯ ᠨᠢ 1888 ᠣᠨ ᠤ 11 ᠰᠠᠷ᠎ᠠ ᠳᠤ ᠰᠢᠠᠴᠢᠨ ᠭᠡᠭᠡᠨ ᠤ ᠡᠭᠡ ᠨᠢ ᠲᠦᠪᠡᠳ ᠵᠥᠭ᠌ ᠶᠠᠪᠣᠭᠰᠠᠨ ᠢ ᠭᠡᠷᠡᠴᠢᠯᠡᠵᠤ ᠪᠠᠢ᠌ᠨ᠎ᠠ᠃ ᠡᠭᠦᠨ ᠡᠴᠡ ᠥᠵᠡᠭᠦ ᠳᠤ ᠂ ᠳᠤᠨᠠ ᠶᠢᠨ ᠭᠡᠯᠡᠭ᠍ᠰᠡᠨ《ᠰᠢᠠᠴᠢᠨ ᠭᠡᠭᠡᠨ 1888 ᠣᠨ ᠤ 11 ᠰᠠᠷ᠎ᠠ ᠳᠤ ᠲᠦᠷᠦᠪᠠ》 ᠭᠡᠭᠦ ᠨᠢ ᠳᠡᠦᠭᠡᠨ ᠪᠣᠳᠠᠳᠠᠢ ᠭᠡᠷᠡᠭ᠌ ᠯᠦᠭᠡ ᠨᠡᠢ᠌ᠴᠡᠭᠦ ᠦᠭᠡᠶ ᠭᠡᠯᠡᠯᠭᠡ ᠪᠣᠯᠤᠨ᠎ᠠ᠃

ᠳᠦᠷᠪᠠᠳᠦᠭᠡᠷ ᠭᠡᠯᠡᠯᠭᠡ ᠨᠢ ᠄

(ᠨᠢᠭᠡ)《ᠰᠢᠠᠵᠢᠶᠠᠩ ᠤᠨ ᠳᠠᠯᠠᠨ ᠵᠢᠯ ᠤᠨ ᠰᠠᠯᠭᠢ ᠰᠢᠭᠤᠷᠭ᠎ᠠ》 ᠳᠤ ᠳᠡᠮᠳᠡᠭᠯᠡᠭ᠍ᠰᠡᠨ ᠶᠢᠡᠷ ᠪᠣᠯ《ᠢᠷᠭᠡᠨ ᠣᠯᠤᠰ ᠤᠨ ᠭᠤᠷᠪᠠᠳᠤᠭᠠᠷ ᠣᠨ ᠳᠤ ᠬᠠᠭᠤᠴᠢᠨ ᠳᠤᠷᠭᠤᠳ ᠤᠨ ᠡᠮᠦᠨ᠎ᠡ ᠠᠢ᠌ᠮᠠᠭ ᠤᠨ ᠴᠢᠭᠤᠯᠭᠠᠨ ᠳᠠᠷᠤᠭ᠎ᠠ ᠬᠠᠨ ᠪᠤᠶᠡᠡᠮᠥ᠋ᠩᠭᠡ ᠡᠴᠡ ᠬᠠᠭᠤᠴᠢᠨ ᠳᠤᠷᠭᠤᠳ ᠤᠨ ᠬᠠᠷᠢᠶᠠᠨ ᠤ ᠨᠤᠳᠤᠭ ᠲᠤ ᠨᠢᠭᠡᠨ ᠰᠢᠨ᠎ᠠ ᠰᠦᠮ᠎ᠡ ᠪᠠᠢ᠌ᠭᠤᠯᠪᠠ᠂ ᠡᠨᠡᠭᠦ ᠰᠦᠮ᠎ᠡ ᠶᠢ ᠬᠠᠮᠢᠶᠠᠷᠤᠨ ᠬᠤᠷᠠᠯ ᠬᠤᠷᠠᠬᠤ ᠭᠤᠷᠪᠠᠨ ᠡᠵᠡᠨ ᠯᠠᠮᠠ ᠪᠣᠢ᠄ ᠪᠤᠶᠡᠡᠮᠥ᠋ᠩᠭᠡ ᠶᠢᠨ ᠳᠡᠭᠦᠤ ᠬᠤᠪᠢᠯᠭᠠᠨ ᠭᠡᠭᠡᠨ ᠳᠦᠪᠳᠤᠠᠴᠠᠷᠠᠠᠴᠦ᠋ᠮᠪᠣᠯ ( ᠬᠤᠷᠢᠨ ᠳᠦᠷᠪᠡᠨ ᠨᠠᠰᠤᠳᠠᠢ)᠂ ᠳᠣᠢ᠌ᠨ ᠺᠠᠮᠪᠣ ᠭᠡᠭᠦ ᠴᠤᠯᠠ ᠬᠠᠢ᠌ᠷᠠᠯᠠᠪᠠ ᠁ ᠡᠨᠡ ᠨᠢ ᠢᠷᠭᠡᠨ ᠣᠯᠤᠰ ᠤᠨ ᠭᠤᠷᠪᠠᠳᠤᠭᠠᠷ ᠣᠨ ᠤ ᠳᠦᠷᠪᠡᠨ ᠰᠠᠷ᠎ᠠ ᠶᠢᠨ ᠬᠤᠷᠢᠨ ᠤ ᠡᠳᠦᠷ ᠨᠡᠢ᠌ᠳᠡᠯᠡᠭ᠍ᠰᠡᠨ ᠶᠡᠭᠡ ᠶᠡᠷᠦᠩᠭᠡᠢ᠌ᠯᠡᠭ᠍ᠴᠢ ᠶᠢᠨ ᠵᠠᠷᠯᠢᠭ ᠪᠣᠯᠤᠨ᠎ᠠ》 ( 22) ᠭᠡᠵᠡᠢ᠃ ᠡᠨᠡ ᠪᠣᠯ ᠪᠤᠶᠡᠡᠮᠥ᠋ᠩᠭᠡ ᠬᠠᠨ ᠢᠷᠭᠡᠨ ᠣᠯᠤᠰ ᠤᠨ ᠵᠠᠰᠠᠭ ᠤᠨ ᠭᠠᠵᠠᠷ ᠡᠴᠡ ᠳᠡᠭᠦᠤ ᠰᠢᠠᠴᠢᠨ ᠭᠡᠭᠡᠨ ᠳᠤ ᠪᠠᠨ《ᠳᠣᠢ᠌ᠨ ᠺᠠᠮᠪᠣ ᠴᠤᠯᠠ》 ᠣᠯᠭᠤᠬᠤ ᠶᠢ ᠭᠤᠶᠤᠴᠢᠯᠠᠭᠰᠠᠨ ᠡᠴᠡ ᠬᠤᠭᠤᠷᠤ ᠂ ᠶᠡᠭᠡ ᠶᠡᠷᠦᠩᠭᠡᠢ᠌ᠯᠡᠭ᠍ᠴᠢ ᠡᠴᠡ ᠵᠠᠷᠯᠢᠭᠳᠠᠨ ᠨᠡᠢ᠌ᠳᠡᠯᠡᠭᠦᠯᠦᠭ᠍ᠰᠡᠨ ᠠᠯᠪᠠᠨ ᠪᠢᠴᠢᠭ᠌ ᠪᠣᠯᠤᠨ᠎ᠠ᠃ ᠡᠨᠡ ᠨᠢ ᠲᠦᠪ ᠤᠨ ᠵᠠᠰᠠᠭ ᠤᠨ ᠭᠠᠵᠠᠷ ᠲᠤ ᠮᠡᠳᠡᠭᠦᠯᠵᠤ ᠪᠠᠢ᠌ᠬᠤ ᠠᠯᠪᠠᠨ ᠪᠢᠴᠢᠭ᠌ ᠪᠣᠯᠬᠤ ᠳᠤᠯᠠ ᠭᠡᠯᠡᠯᠭᠡᠨ ᠦᠭᠡᠶ ᠨᠠᠷᠢᠨ ᠭᠢᠨᠠᠮᠭᠠᠢ ᠮᠥᠷᠳᠡᠭᠡᠨ ᠢᠳᠡᠭᠡᠯ ᠲᠡᠶ ᠪᠢᠴᠢᠭ᠌ ᠮᠠᠲ᠋ᠸᠷᠢᠶᠠᠯ ᠪᠣᠯᠬᠤ ᠶᠤᠮ᠃ ᠪᠤᠶᠡᠡᠮᠥ᠋ᠩᠭᠡ ᠬᠠᠨ ᠪᠣᠯ ᠰᠢᠠᠴᠢᠨ ᠭᠡᠭᠡᠨ ᠤ ᠠᠬ᠎ᠠ ᠪᠣᠯᠤᠭᠰᠠᠨ ᠤ ᠬᠤᠪᠢ ᠳᠤ ᠳᠡᠭᠦᠤ ᠶᠢᠨ ᠶᠢᠡᠨ ᠳᠦᠷᠦᠭ᠍ᠰᠡᠨ ᠵᠢᠯ ᠰᠠᠷ᠎ᠠ ᠶᠢ ᠰᠠᠢ᠌ᠨ ᠮᠡᠳᠡᠭᠦ ᠶᠤᠰᠤᠳᠠᠢ ᠶᠤᠮ ᠃ ᠠᠢ᠌ᠯᠠᠤᠠᠬᠠᠯ ᠪᠢᠴᠢᠭ᠌ ᠳᠠᠭᠢ《ᠢᠷᠭᠡᠨ ᠣᠯᠤᠰ ᠤᠨ ᠭᠤᠷᠪᠠᠳᠤᠭᠠᠷ ᠣᠨ》 ᠪᠣᠯ ᠨᠠᠢ᠌ᠳᠠ ᠶᠢᠨ ᠣᠨ ᠳᠤᠭᠠᠯᠠᠯ ᠤᠨ 1914 ᠣᠨ ᠪᠣᠯᠤᠨ᠎ᠠ ᠃ ᠴᠢᠩ ᠣᠯᠤᠰ᠂ ᠢᠷᠭᠡᠨ ᠣᠯᠤᠰ ᠤᠨ ᠦᠶ᠎ᠡ ᠵᠢᠴᠢ ᠳᠤᠷᠭᠤᠤᠠᠴᠤᠳ ᠭᠦᠮᠦᠰ ᠤᠨ ᠨᠠᠰᠤ ᠶᠢ ᠭᠡᠢ ᠨᠠᠰᠤ ᠪᠠᠷ ᠪᠣᠳᠤᠬᠤ ᠵᠠᠩᠰᠢᠯ ᠶᠢᠡᠷ ᠪᠣᠯ ᠳᠦᠷᠦᠭ᠍ᠰᠡᠨ ᠵᠢᠯ ᠳᠡᠭᠡᠨ ᠨᠢᠭᠡ ᠨᠠᠰᠤᠳᠠᠢ ᠪᠣᠯᠳᠠᠭ᠃ ᠡᠨᠡᠭᠦ ᠠᠯᠪᠠᠨ ᠪᠢᠴᠢᠭ᠌ ᠢ ᠶᠡᠭᠡ ᠶᠡᠷᠦᠩᠭᠡᠢ᠌ᠯᠡᠭ᠍ᠴᠢ 4 ᠰᠠᠷ᠎ᠠ ᠶᠢᠨ 20 ᠤ ᠡᠳᠦᠷ ᠵᠥᠪᠰᠢᠶᠡᠷᠡᠭ᠍ᠰᠡᠨ ᠪᠠᠢ᠌ᠪᠠ᠃ ᠳᠡᠭᠡᠪᠠᠯ ᠂ ᠠᠢ᠌ᠯᠠᠤᠠᠬᠠᠯ ᠪᠢᠴᠢᠭ᠌ ᠢ ᠪᠢᠴᠢᠭᠦ᠂ ᠳᠡᠭᠡᠭ᠍ᠰᠢ ᠪᠠᠨ ᠠᠢ᠌ᠯᠠᠤᠠᠬᠠᠨ ᠮᠡᠳᠡᠭᠦᠯᠭᠦ ᠴᠠᠭ ᠬᠤᠭᠤᠴᠠᠭ᠎ᠠ ᠨᠢ ᠵᠥᠪᠰᠢᠶᠡᠷᠡᠭ᠍ᠳᠡᠭᠦ ᠬᠤᠭᠤᠴᠠᠭ᠎ᠠ ᠡᠴᠡ ᠶᠠᠳᠠᠬᠤ ᠳᠠᠭᠠᠨ ᠬᠤᠶᠠᠷ᠂ ᠭᠤᠷᠪᠠᠨ ᠰᠠᠷ᠎ᠠ ᠣᠷᠢᠤᠨ ᠪᠠᠢ᠌ᠬᠤ ᠶᠤᠰᠤᠳᠠᠢ᠃ ᠳᠠᠢ᠌ᠮᠤ ᠡᠴᠡ ᠂ ᠠᠢ᠌ᠯᠠᠤᠠᠬᠠᠨ ᠮᠡᠳᠡᠭᠦᠯᠦᠭ᠍ᠰᠡᠨ ᠬᠤᠭᠤᠴᠠᠭ᠎ᠠ ᠨᠢ 1914 ᠣᠨ ᠤ ᠡᠭᠢᠨ ᠦᠶ᠎ᠡ ᠂ ᠪᠠᠷᠤᠭ ᠳᠤᠰ ᠵᠢᠯ ᠤᠨ 1 ᠂ 2 ᠳ᠋ᠤᠭᠠᠷ ᠰᠠᠷ᠎ᠠ ᠶᠢᠨ ᠦᠶ᠎ᠡ ᠭᠡᠵᠤ ᠳᠦᠰᠦᠭᠡᠯᠡᠵᠤ ᠪᠣᠯᠤᠨ᠎ᠠ᠃ ᠢᠩᠭᠡᠵᠤ ᠮᠦᠷᠳᠠᠨ ᠪᠣᠳᠤᠪᠠᠯ ᠂ ᠰᠢᠠᠴᠢᠨ ᠭᠡᠭᠡᠨ ᠤ ᠳᠦᠷᠦᠭ᠍ᠰᠡᠨ ᠵᠢᠯ ᠨᠢ ᠪᠢᠯᠢᠭ᠌ ᠤᠨ ᠣᠯᠠᠷᠢᠯ ᠤᠨ 1890 ᠣᠨ ᠤ ᠠᠳᠠᠭ ᠂ ᠨᠠᠢ᠌ᠳᠠ ᠶᠢᠨ ᠣᠨ ᠳᠤᠭᠠᠯᠠᠯ ᠤᠨ 1891 ᠣᠨ ᠤ ᠡᠭᠢᠨ ᠶᠢᠡᠷ ᠪᠠᠢ᠌ᠬᠤ ᠶᠤᠰᠤᠳᠠᠢ᠃

(ᠬᠤᠶᠠᠷ)《ᠬᠤᠸᠠᠩ ᠸᠧᠨ ᠪᠢ ᠶᠢᠨ ᠮᠤᠩᠭ᠋ᠤᠯ ᠂ ᠰᠢᠠᠵᠢᠶᠠᠩ ᠢ ᠰᠢᠠᠵᠢᠯᠠᠨ ᠪᠠᠢ᠌ᠴᠠᠭᠠᠠᠠᠰᠠᠨ ᠡᠳᠦᠷ ᠤᠨ ᠳᠡᠮᠳᠡᠭᠯᠡᠯ》 ᠤᠨ 1928 ᠣᠨ ᠤ 2 ᠰᠠᠷ᠎ᠠ ᠶᠢᠨ 5 ᠤ ᠡᠳᠦᠷ (ᠰᠢᠷ᠎ᠠ ᠯᠤᠤ ᠵᠢᠯ ᠤᠨ ᠴᠠᠭᠠᠨ ᠰᠠᠷ᠎ᠠ ᠶᠢᠨ ᠠᠷᠪᠠᠨ ᠳᠦᠷᠪᠡᠨ ᠤ ᠡᠳᠦᠷ ) ᠤᠨ ᠳᠡᠮᠳᠡᠭᠯᠡᠯ ᠳᠡᠭᠡᠨ᠄ 《ᠦᠨᠦᠳᠤᠷ ᠪᠣᠯ ᠳ᠋ᠣ᠊ ᠳᠦᠩᠯᠢᠩ (ᠰᠢᠠᠴᠢᠨ ᠭᠡᠭᠡᠨ ᠳᠠᠷᠠ ᠦᠶ᠎ᠡ ᠳᠤ ᠮᠤᠩᠭ᠋ᠤᠯ ᠮᠤᠷᠢᠳᠤ ᠴᠡᠷᠢᠭ᠌ ᠤᠨ ᠯᠢᠤᠢ ( ᠪᠠᠷᠢᠭᠠᠳ᠋ ) ᠶᠢᠨ ᠳᠦᠩᠯᠢᠩ ᠪᠠᠢ᠌ᠪᠠ ︱ ᠡᠰᠢ ᠳᠠᠳᠠᠭᠴᠢ ᠡᠴᠡ ) ᠤᠨ ᠳᠦᠴᠢᠨ ᠨᠠᠰᠤᠨ ᠤ ᠣᠢ ᠶᠢᠨ ᠪᠠᠶᠠᠷ ᠳᠤᠯᠠ ᠪᠢᠳᠠᠨ ᠥᠴᠦᠭᠡᠳᠦᠷ ᠪᠠᠯᠡᠭ᠌ ᠶᠢᠡᠨ ᠭᠦᠷᠭᠡᠪᠡ᠃ ᠦᠨᠦᠳᠤᠷ  ᠦᠳᠠ ᠡᠴᠡ ᠡᠮᠦᠨ᠎ᠡ ᠣᠴᠢᠵᠤ ᠨᠠᠰᠤᠨ ᠤ ᠪᠠᠶᠠᠷ ᠲᠤ ᠣᠷᠤᠯᠴᠠᠪᠠ᠃ ᠳᠠᠮᠡᠢ ᠣᠳᠠᠭᠰᠠᠨ ᠦᠭᠡᠶ  ᠸᠠᠩ ᠨᠤᠶᠠᠨ( ᠮᠠᠠᠴᠤᠭᠵᠠᠪ ᠢ ᠭᠡᠯᠡᠵᠤ ᠪᠣᠢ ︱ ᠡᠰᠢ ᠳᠠᠳᠠᠭᠴᠢ ᠡᠴᠡ ) ᠭᠦᠷᠦᠯᠴᠡᠨ ᠢᠷᠠᠵᠤ ᠂ ᠨᠠᠰᠤᠨ ᠤ ᠪᠠᠶᠠᠷ ᠤᠨ ᠨᠠᠢ᠌ᠷ ᠡᠭᠢᠯᠡᠪᠡ ᠂ ᠨᠠᠢ᠌ᠷᠯᠠᠨ ᠣᠷᠤᠢ ᠪᠣᠯᠬᠤ ᠳᠤ ᠬᠠᠷᠢᠪᠠ》 ᠭᠡᠵᠤ ᠪᠢᠴᠢᠵᠠᠢ᠃ ᠬᠤ ᠪᠠᠡᠭ᠌ ᠵᠸᠤ ᠶᠢᠨ ᠥᠵᠡᠭᠦ ᠪᠠᠷ ᠂ 《ᠡᠭᠦᠨ ᠶᠢᠡᠷ ᠮᠦᠷᠳᠠᠨ ᠪᠣᠳᠤᠪᠠᠯ᠂ ᠰᠢᠠᠴᠢᠨ ᠭᠡᠭᠡᠨ ᠦᠨᠡᠨ ᠳᠡᠭᠡᠨ ᠪᠠᠳᠠᠷᠠᠭᠤᠯᠳᠤ ᠲᠦᠷᠦ ᠶᠢᠨ ᠠᠷᠪᠠᠨ ᠳᠦᠷᠪᠠᠳᠦᠭᠡᠷ ᠣᠨ( 1888 ᠣᠨ ) ᠤ ᠴᠠᠭᠠᠨ ᠰᠠᠷ᠎ᠠ ᠶᠢᠨ ᠠᠷᠪᠠᠨ ᠳᠦᠷᠪᠡᠨ ᠤ ᠡᠳᠦᠷ ᠳᠦᠷᠦᠭ᠍ᠰᠡᠨ ᠢ ᠮᠠᠳᠠᠵᠤ ᠪᠣᠯᠤᠨ᠎ᠠ᠃ ᠡᠨᠡᠭᠦ ᠡᠳᠦᠷ ᠪᠣᠯ ᠰᠢᠠᠴᠢᠨ ᠭᠡᠭᠡᠨ ᠦᠪᠡᠷ ᠶᠢᠡᠨ ᠭᠦᠯᠢᠶᠡᠨ ᠵᠥᠪᠰᠢᠶᠡᠷᠡᠭ᠍ᠰᠡᠨ ᠳᠦᠷᠦᠭ᠍ᠰᠡᠨ ᠡᠳᠦᠷ ᠨᠢ ᠪᠣᠯᠤᠨ᠎ᠠ᠃ ᠳᠠᠢ᠌ᠮᠤ ᠡᠴᠡ ᠂ ᠡᠨᠡᠭᠦ ᠳᠦᠷᠦᠭ᠍ᠰᠡᠨ ᠡᠳᠦᠷ ᠨᠢ ᠦᠨᠡᠨ ᠶᠤᠮ》(23) ᠭᠡᠵᠡᠢ ᠃ ᠡᠨᠡ ᠪᠣᠯ ᠬᠤᠸᠠᠩ ᠸᠧᠨ ᠪᠢ 1928 ᠣᠨ ᠤ 2 ᠰᠠᠷ᠎ᠠ ᠶᠢᠨ 5 ᠤ ᠡᠳᠦᠷ ᠰᠢᠠᠴᠢᠨ ᠭᠡᠭᠡᠨ ᠤ ᠳᠦᠴᠢᠨ ᠨᠠᠰᠤᠨ ᠤ ᠣᠢ ᠶᠢ ᠪᠠᠯᠬᠡᠯᠡᠭᠦ ᠨᠠᠢ᠌ᠷ ᠲᠤ ᠣᠷᠤᠯᠴᠠᠭᠰᠠᠨ ᠶᠢᠡᠨ ᠳᠡᠮᠳᠡᠭ᠍ᠯᠡᠭ᠍ᠰᠡᠨ ᠡᠳᠦᠷ ᠤᠨ ᠳᠡᠮᠳᠡᠭᠯᠡᠯ ᠪᠣᠯᠤᠨ᠎ᠠ᠃ ᠬᠤ ᠪᠠᠡᠭ᠌ ᠵᠸᠤ ᠶᠢᠨ ᠭᠡᠯᠡᠭ᠍ᠰᠡᠡᠴᠢᠯᠡᠨ᠂ ᠡᠨᠡ ᠨᠢ《 ᠰᠢᠠᠴᠢᠨ ᠭᠡᠭᠡᠨ ᠦᠪᠡᠷ ᠶᠢᠡᠨ ᠭᠦᠯᠢᠶᠡᠨ ᠵᠦᠪᠰᠢᠶᠠᠷᠠᠵᠤ ᠪᠠᠢ᠌ᠬᠤ ᠳᠦᠷᠦᠭ᠍ᠰᠡᠨ ᠡᠳᠦᠷ 》 ᠪᠣᠯᠬᠤ ᠨᠢ ᠮᠠᠷᠭᠤᠭᠠᠨ ᠦᠭᠡᠶ ᠭᠡᠷᠡᠭ᠌ ᠪᠢᠯᠠ᠃ ᠡᠭᠦᠨ ᠶᠢᠡᠷ ᠵᠣᠢ᠌ᠴᠢᠯᠠᠨ ᠪᠣᠳᠤᠪᠠᠯ᠂ ᠰᠢᠠᠴᠢᠨ ᠭᠡᠭᠡᠨ ᠤ ᠳᠦᠷᠦᠭ᠍ᠰᠡᠨ ᠣᠨ ᠨᠢ 1888 ᠣᠨ ᠪᠣᠯᠬᠤ ᠶᠢ ᠮᠡᠳᠡᠭᠦᠯᠵᠤ ᠪᠠᠢ᠌ᠨ᠎ᠠ᠃ ᠭᠡᠳᠡᠯ᠎ᠡ ᠂ ᠡ᠊ᠡᠳᠡ ᠣᠠᠴᠠ ᠳᠤᠳᠤᠷᠬᠠᠢ᠌ᠯᠠᠬᠤ ᠵᠣᠢ᠌ᠯ ᠭᠡᠪᠠᠯ ᠳᠤᠷᠭᠤᠳ ᠮᠤᠩᠭ᠋ᠤᠯᠴᠤᠳ ᠳᠦᠷᠦᠭ᠍ᠰᠡᠨ ᠡᠳᠦᠷ ᠡᠰᠡᠭᠦᠯ᠎ᠡ ᠨᠠᠰᠤᠨ ᠤ ᠪᠠᠶᠠᠷ ᠢ ᠪᠠᠯᠭᠡᠯᠡᠭᠦ ᠨᠢ ᠣᠳᠤ ᠶᠢᠨ ᠳᠦᠷᠦᠭ᠍ᠰᠡᠨ ᠡᠳᠦᠷ ᠤᠨ ᠪᠠᠶᠠᠷ ᠭᠢᠭᠦ ᠡᠴᠡ ᠣᠠᠳᠤᠤ ᠣᠤᠠᠬ᠎ᠠ ᠠᠭᠤᠯᠭ᠎ᠠ ᠲᠡᠶ ᠣᠠᠴᠠᠭᠠᠢ ᠬᠠᠭᠤᠴᠢᠨ ᠤ ᠭᠡᠪ ᠵᠠᠩᠰᠢᠯ ᠲᠡᠶ ᠶᠤᠮ(ᠢᠯᠠᠩᠭ᠋ᠤᠶ᠎ᠠ ᠬᠠᠭᠤᠴᠢᠨ ᠳᠤᠷᠭᠤᠳ ᠤᠨ ᠡᠮᠦᠨ᠎ᠡ ᠠᠢ᠌ᠮᠠᠭ ᠤᠨ ᠮᠤᠩᠭ᠋ᠤᠯᠴᠤᠳ ᠳᠤᠳᠤᠷ᠎ᠠ ᠡᠢ᠌ᠮᠤ ᠵᠠᠩᠰᠢᠯ ᠣᠳᠤ ᠪᠣᠯᠳᠠᠯ᠎ᠠ ᠣᠯᠠᠮᠵᠢᠯᠠᠭᠳᠠᠵᠤ ᠪᠣᠢ)᠄ ᠨᠢᠭᠡ ᠨᠢ ᠭᠡᠪᠠᠯ ᠂ ᠵᠢᠯ ᠨᠢ ᠣᠷᠤᠬᠤ ᠦᠶ᠎ᠡ (ᠵᠢᠱᠢᠶᠠᠯᠠᠪᠠᠯ ᠂ ᠭᠡᠢ ᠨᠠᠰᠤ ᠨᠢ ᠳᠦᠴᠢᠨ ᠶ‍ᠢᠰᠤ ᠂ ᠵᠢᠷᠠᠨ ᠨᠢᠭᠡ ᠂ ᠳᠠᠯᠠᠨ ᠭᠤᠷᠪᠠ ᠂ ᠨᠠᠶᠠᠨ ᠳᠠᠪᠣ ); ᠪᠠᠰᠠ ᠨᠢᠭᠡ ᠨᠢ᠂ ᠲᠦᠷᠦᠯ ᠣᠭᠰᠠᠭ᠎ᠠ ᠳᠤᠳᠤᠷᠠᠭᠢ ᠡᠷᠡᠭ᠍ᠳᠡᠢ᠌ᠴᠦᠳ ᠨᠢ ᠭᠤᠴᠢ᠂ ᠳᠦᠴᠢ ᠂ ᠳᠠᠪᠢ ᠨᠠᠰᠤ ᠭᠦᠷᠭᠦ ᠦᠭᠡᠶ ᠪᠠᠷ ᠶᠠᠮᠠᠷ ᠨᠢᠭᠡ ᠠᠷᠪᠠᠨ ᠵᠢᠯ ᠳᠤ ᠨᠠᠰᠤ ᠪᠠᠷᠠᠭᠰᠠᠨ᠃ ᠠᠷᠠᠤᠨ ᠤᠨ ᠳᠤᠳᠤᠷ᠎ᠠ ᠳᠡᠭᠡᠷ᠎ᠡ ᠭᠡᠯᠡᠭ᠍ᠰᠡᠨ ᠬᠤᠶᠠᠷ ᠵᠣᠢ᠌ᠯ ᠤᠨ ᠪᠠᠢ᠌ᠳᠠᠯ ᠤᠨ ᠨᠢᠭᠡ ᠨᠢ ᠳᠤᠯᠭᠠᠷᠠᠬᠰᠠᠨ ᠭᠦᠮᠤᠨ ( ᠶᠠᠷᠤ ᠳᠡᠭᠡᠨ ᠡᠷᠡᠭ᠍ᠳᠡᠢ᠌ᠴᠦᠳ )᠂ ᠡᠢ᠌ᠮᠤ ᠵᠢᠯ ᠨᠢ ᠣᠷᠤᠬᠤ ᠪᠣᠶᠤ ᠶᠠᠮᠠᠷ ᠨᠢᠭᠡᠨ ᠠᠷᠪᠠᠨ ᠵᠢᠯ ᠤᠨ ᠳᠦᠷᠦᠭ᠍ᠰᠡᠨ ᠡᠳᠦᠷ ᠨᠢ ᠢᠷᠡᠭᠦ ᠦᠶ᠎ᠡ ᠨᠢ ᠭᠦᠮᠤᠨ ᠤ ᠠᠮᠢ ᠨᠠᠰᠤᠨ ᠳ᠋ᠠᠭᠢ ᠨᠢᠭᠡ ᠳᠠᠪᠠᠭᠠᠨ ( ᠦᠯᠵᠡᠢ ᠪᠣᠰᠤ ᠵᠢᠯ ) ᠳᠤ ᠭᠦᠷᠦᠭ᠍ᠰᠡᠨ ᠭᠡᠷᠡᠭ᠌ ᠪᠣᠯᠬᠤ ᠪᠢᠯᠠ᠃ ᠬᠠᠭᠤᠴᠢᠨ ᠤ ᠥᠭᠡ ᠪᠠᠷ ᠭᠡᠯᠡᠪᠠᠯ᠂ ᠭᠦᠮᠤᠨ ᠪᠦᠭᠦᠨ ᠳᠤ ᠦᠯᠵᠡᠢ ᠪᠣᠰᠤ ᠡᠳᠦᠷ ᠪᠠ ᠦᠯᠵᠡᠢ᠌ᠳᠤ ᠡᠳᠦᠷ ᠪᠠᠢ᠌ᠳᠠᠭ ᠭᠡᠨ᠎ᠡ᠃ ᠡᠭᠦᠨ ᠢ ᠳᠦᠷᠦᠭ᠍ᠰᠡᠨ ᠡᠳᠦᠷ ᠴᠠᠭ ᠶᠢᠡᠷ ᠨᠢ ᠪᠣᠳᠤᠵᠤ ᠭᠠᠷᠭᠠᠳᠠᠭ ᠪᠠᠢ᠌ᠨ᠎ᠠ᠃ ᠭᠦᠮᠦᠰ ᠵᠢᠯ ᠨᠢ ᠣᠷᠤᠬᠤ ᠡᠰᠡᠭᠦᠯ᠎ᠡ ᠡᠨᠡᠭᠦ ᠳᠠᠪᠠᠭᠠᠨ ᠳᠤ ᠢᠷᠡᠭᠦ ᠦᠶ᠎ᠡ ᠬᠤᠪᠢ ᠵᠠᠶᠠᠭᠠᠨ ᠳᠠᠭᠠᠨ ᠰᠠᠨᠠᠭᠠᠰᠢᠷᠠᠵᠤ᠂ ᠡᠨᠡᠭᠦ ᠳᠠᠪᠠᠭᠠᠨ ᠢ ᠳᠠᠪᠠᠬᠤ ᠪᠠᠨ ᠲᠣᠢ᠌ᠯ ᠤᠨ ᠶᠡᠭᠡ ᠭᠡᠷᠡᠭ᠌ ᠪᠣᠯᠭᠠᠳᠠᠭ᠃ ᠡᠢ᠌ᠮᠤ ᠡᠴᠡ᠂ ᠳᠦᠷᠦᠭ᠍ᠰᠡᠨ ᠡᠳᠦᠷ ( ᠵᠢᠯ ) ᠢ ᠪᠠᠯᠭᠡᠯᠡᠭᠦ ᠭᠦᠳᠤᠯᠪᠦᠷᠢ ᠶᠢ ᠣᠷᠢᠤᠠᠴᠢᠯᠠᠨ ᠭᠢᠳᠡᠭ᠌᠃ ᠭᠤᠤᠯᠳᠠᠭᠤ ᠪᠣᠷᠬᠠᠨ ᠳᠤ ᠮᠥᠷᠭᠦᠵᠤ ᠳᠠᠭᠢᠬᠤ᠂ ᠯᠠᠮᠠ ᠬᠤᠸᠠᠷᠠᠭ ᠵᠠᠯᠠᠵᠤ ᠨᠤᠮ ᠣᠩᠰᠢᠭᠤᠯᠤᠨ ᠪᠠᠷᠴᠢᠤᠨ ᠢ ᠠᠷᠢᠯᠭᠠᠵᠤ᠂ ᠦᠯᠵᠡᠢ ᠪᠠᠯᠭᠡ ᠲᠡᠶ ᠪᠣᠯᠭᠠᠵᠤ᠂ ᠨᠠᠰᠤᠨ ᠬᠤᠳᠤᠭ ᠢ ᠣᠷᠳᠤᠤᠠᠬᠠᠨ᠂ ᠳᠤᠭᠰᠢᠨ ᠵᠢᠯ ᠪᠣᠯᠤᠨ ᠳᠠᠪᠠᠭᠠᠨ ᠲᠡᠶ ᠵᠢᠯ ᠡᠴᠡ ᠡᠷᠡᠭᠦᠯ ᠮᠠᠠᠳᠤ ᠥᠩᠭᠡᠷᠡᠭᠦᠯᠭᠦ ᠶᠢ ᠣᠭᠳᠤᠬᠤ ᠭᠦᠳᠤᠯᠪᠦᠷᠢ ᠭᠢᠳᠡᠭ᠌᠃ ᠡᠨᠡ ᠪᠣᠯ ᠨᠠᠰᠤᠨ ᠬᠤᠳᠤᠭ ᠢ ᠨᠡᠮᠡᠭ᠍ᠳᠡᠭᠦᠯᠭᠦ ᠶᠢ ᠭᠤᠶᠤᠭᠰᠠᠨ ᠭᠦᠳᠤᠯᠪᠦᠷᠢ ᠪᠣᠯᠤᠨ᠎ᠠ᠃ ᠡᠨᠡᠭᠦ ᠭᠦᠳᠤᠯᠪᠦᠷᠢ ᠨᠢ ᠳᠦᠷᠦᠭ᠍ᠰᠡᠨ ᠡᠳᠦᠷ ᠤᠨ ᠨᠠᠰᠤᠨ ᠤ ᠪᠠᠶᠠᠷ ᠢ ᠪᠠᠯᠭᠡᠯᠡᠭᠦ ᠭᠦᠳᠤᠯᠪᠦᠷᠢ ᠡᠴᠡ ᠢᠯᠠᠭᠠᠭ᠎ᠠ ᠲᠡᠶ ᠪᠠᠢ᠌ᠳᠠᠭ᠃ ᠡᠢ᠌ᠮᠤ ᠭᠦᠳᠤᠯᠪᠦᠷᠢ ᠨᠢ ᠭᠦᠳᠤᠯᠪᠦᠷᠢ ᠭᠢᠵᠤ ᠪᠠᠢ᠌ᠬᠤ ᠭᠦᠮᠤᠨ ᠤ ᠳᠦᠷᠦᠭ᠍ᠰᠡᠨ ᠵᠢᠯ ᠢ ᠭᠤᠤᠯ ᠪᠣᠯᠭᠠᠬᠤ ᠡᠴᠡ ᠪᠢᠰᠢ᠂ ᠳᠦᠷᠦᠭ᠍ᠰᠡᠨ ᠡᠳᠦᠷ ᠢ ᠴᠢᠬᠤᠯᠠᠴᠢᠯᠠᠳᠠᠭ ᠦᠭᠡᠶ ᠶᠤᠮ᠃ ᠡᠮᠦᠨ᠎ᠡ ᠳᠤᠷᠭᠤᠤᠠᠴᠤᠳ ᠤᠨ ᠵᠡᠭᠦᠡᠰᠢ ᠪᠣᠴᠠᠭᠰᠠᠨ ᠡᠴᠡ ᠬᠣᠢ᠌ᠰᠢᠭᠢ ᠬᠠᠤᠨ ᠪᠠᠷᠤᠭ ᠭᠡᠯᠳᠡᠢ ᠪᠦᠷ ᠵᠠᠯᠠᠭᠤᠬᠠᠨ ᠦᠶ᠎ᠡ ᠳᠡᠭᠡᠨ ᠨᠠᠰᠤ ᠨᠥᠭ᠍ᠴᠢᠭ᠍ᠰᠡᠨ ᠪᠠᠢ᠌ᠨ᠎ᠠ᠂ ᠣᠷᠳᠤ ᠨᠠᠰᠤᠯᠠᠭᠰᠠᠨ ᠬᠠᠨ ᠪᠠᠷᠤᠭ ᠦᠭᠡᠶ᠃ ᠵᠢᠱᠢᠶᠠᠯᠠᠪᠠᠯ᠂ ᠣᠪᠠᠰᠢ ᠬᠠᠨ ᠪᠣᠯᠤᠨ ᠪᠤᠶᠡᠡᠮᠥ᠋ᠩᠭᠡ ᠬᠠᠨ ᠭᠤᠴᠢᠨ ᠭᠡᠳᠦᠭᠡᠨ ᠨᠠᠰᠤᠳᠠᠢ ᠳᠤ ᠪᠠᠨ ᠨᠠᠰᠤ ᠪᠠᠷᠠᠵᠤ᠂ ᠪᠣᠶᠠᠠᠴᠤᠭᠳᠤ ᠬᠠᠨ ᠠᠷᠠᠢ ᠬᠤᠷᠢᠨ ᠭᠡᠳᠦᠭᠡᠨ ᠨᠠᠰᠤᠯᠠᠵᠠᠢ᠃ ᠪᠣᠰᠤᠳ ᠬᠠᠤᠨ ᠴᠤ ᠨᠠᠩ ᠵᠠᠯᠠᠭᠤᠬᠠᠨ ᠦᠶ᠎ᠡ ᠳᠡᠭᠡᠨ ᠨᠠᠰᠤ ᠪᠠᠷᠠᠭᠰᠠᠨ ᠪᠠᠢ᠌ᠨ᠎ᠠ᠃ ᠳᠠᠢ᠌ᠮᠤ ᠡᠴᠡ ᠂ ᠳᠤᠷᠭᠤᠳ ᠬᠠᠤᠨ ᠤᠨ ᠲᠦᠷᠦᠯ ᠣᠭᠰᠠᠭ᠎ᠠ ᠳ᠋ᠠᠭᠢ ᠡᠷᠡᠭ᠍ᠳᠡᠢ᠌ᠴᠦᠳ ᠲᠤ ᠠᠪᠴᠤ ᠭᠡᠯᠡᠪᠠᠯ᠂ ᠡᠩᠭᠡ ᠮᠠᠠᠳᠤ ᠪᠠᠷ ᠭᠤᠴᠢᠨ ᠶ‍ᠢᠰᠤᠨ ᠨᠠᠰᠤ ᠶᠢ ᠥᠩᠭᠡᠷᠡᠭᠡᠤᠨ ᠳᠦᠴᠢᠨ ᠤ ᠳᠠᠪᠠᠭ᠎ᠠ ᠶᠢ ᠳᠠᠪᠠᠬᠤ ᠨᠢ ᠭᠦᠴᠢᠷ ᠲᠡᠶ ᠭᠡᠷᠡᠭ᠌ ᠪᠣᠯᠤᠨ᠎ᠠ᠃ ᠡᠢ᠌ᠮᠤ ᠳᠡᠦᠭᠡ ᠲᠡᠶ ᠲᠦᠷᠦᠯ ᠣᠭᠰᠠᠭᠠᠳᠠᠨ ᠳᠦᠷᠦᠭ᠍ᠰᠡᠨ ᠵᠢᠯ ᠶᠢᠡᠨ ᠪᠠᠯᠭᠡᠯᠡᠭᠦ ᠭᠦᠳᠤᠯᠪᠦᠷᠢ ᠭᠢᠵᠤ᠂ ᠨᠠᠰᠤᠨ ᠬᠤᠳᠤᠭ ᠣᠷᠳᠤᠤᠠᠬᠠᠬᠤ ᠶᠢ ᠭᠤᠶᠤᠳᠠᠭ᠃ ᠰᠢᠠᠴᠢᠨ ᠭᠡᠭᠡᠨ ᠭᠡᠢ ᠨᠠᠰᠤ ᠨᠢ ᠳᠦᠴᠢ ᠭᠦᠷᠭᠦ ᠡᠴᠡ ᠡᠮᠦᠨ᠎ᠡ ᠨᠠᠰᠤᠨ ᠤ ᠪᠠᠶᠠᠷ ᠤᠨ ᠨᠠᠢ᠌ᠷ ᠭᠢᠵᠤ ᠪᠠᠯᠭᠡᠯᠡᠵᠤ ᠪᠠᠢ᠌ᠭ᠎ᠠ ᠶᠠᠪᠣᠳᠠᠯ ᠨᠢ ᠳᠠᠷᠠᠭ᠎ᠠ ᠵᠢᠯ ᠤᠨ ᠬᠤᠪᠢ ᠵᠠᠶᠠᠭ᠎ᠠ ᠨᠢ ᠶᠠᠮᠠᠷ ᠪᠣᠯᠬᠤ ᠳᠤ ᠰᠠᠨᠠᠭᠠᠰᠢᠷᠠᠵᠤ᠂ ᠳᠦᠴᠢᠨ ᠨᠠᠰᠤᠨ ᠤ ᠳᠠᠪᠠᠭ᠎ᠠ ᠶᠢ ᠡᠩᠭᠡ ᠮᠠᠠᠳᠤ ᠳᠠᠪᠬᠤ ᠶᠢ ᠪᠣᠳᠤᠵᠤ ᠪᠠᠢ᠌ᠬᠤ ᠶᠠᠪᠣᠳᠠᠯ ᠪᠣᠯᠤᠨ᠎ᠠ᠃ 1928 ᠣᠨ ᠤ ᠪᠢᠯᠢᠭ᠌ ᠤᠨ ᠣᠯᠠᠷᠢᠯ ᠤᠨ ᠴᠠᠭᠠᠨ ᠰᠠᠷ᠎ᠠ ᠳᠤ ᠣᠷᠤᠪᠠᠯ᠂ ᠰᠢᠠᠴᠢᠨ ᠭᠡᠭᠡᠨ ᠭᠡᠢ ᠨᠠᠰᠤ ᠪᠠᠷ ᠭᠤᠴᠢᠨ ᠶ‍ᠢᠰᠤ ᠭᠦᠷᠴᠤ᠂ ᠳᠠᠷᠠᠭ᠎ᠠ ᠵᠢᠯ ᠨᠢ 1929 ᠣᠨ ᠳᠤ ᠭᠡᠢ ᠨᠠᠰᠤ ᠨᠢ ᠳᠦᠴᠢ ᠭᠦᠷᠭᠦ ᠪᠣᠯᠤᠨ᠎ᠠ᠃ ᠡᠭᠦᠨ ᠶᠢᠡᠷ ᠳᠦᠰᠦᠭᠡᠯᠡᠨ ᠪᠣᠳᠤᠪᠠᠯ᠂ ᠰᠢᠠᠴᠢᠨ ᠭᠡᠭᠡᠨ ᠪᠢᠯᠢᠭ᠌ ᠤᠨ ᠣᠯᠠᠷᠢᠯ ᠤᠨ 1890 ᠣᠨ ᠳᠤ ᠳᠦᠷᠦᠭ᠍ᠰᠡᠨ ᠪᠠᠢ᠌ᠨ᠎ᠠ᠃ ᠰᠢᠠᠴᠢᠨ ᠭᠡᠭᠡᠨ ᠳᠦᠷᠦᠭ᠍ᠰᠡᠨ ᠵᠢᠯ ᠶᠢᠡᠨ ᠶᠠᠭᠠᠭᠢᠯ᠎ᠠ ᠭᠡᠤᠨ ᠳᠤᠳᠤᠷᠬᠠᠢ ᠮᠡᠳᠡᠭᠦ ᠨᠢ ᠡᠷᠡᠭᠡᠯᠵᠡᠭᠡ ᠦᠭᠡᠶ ᠭᠡᠷᠡᠭ᠌ ᠶᠤᠮ᠃

( ᠭᠤᠷᠪᠠ )ᠰᠸᠧᠨ • ᠾᠸᠳᠢᠨ 1928 ᠣᠨ ᠤ 1 ᠰᠠᠷ᠎ᠠ ᠶᠢᠨ 30 ᠤ ᠡᠳᠦᠷ ᠰᠢᠠᠴᠢᠨ ᠭᠡᠭᠡᠨ ᠲᠡᠶ ᠠᠭᠤᠯᠵᠠᠭᠰᠠᠨ ᠪᠦᠭᠡᠤᠨ ᠲᠤᠬᠠᠢ ᠶᠢᠨ ᠦᠶ᠎ᠡ ᠳᠤ ᠰᠢᠠᠴᠢᠨ ᠭᠡᠭᠡᠨ 38 ᠨᠠᠰᠤᠳᠠᠢ ᠪᠠᠢ᠌ᠪᠠ ᠭᠡᠵᠡᠢ ( 24) ᠃ ᠡᠨᠡ ᠨᠢ ᠰᠢᠠᠴᠢᠨ ᠭᠡᠭᠡᠨ ᠰᠸᠧᠨ • ᠾᠸᠳᠢᠨ ᠲᠡᠶ ᠠᠭᠤᠯᠵᠠᠬᠤ ᠦᠶ᠎ᠡ ᠳᠤ ᠪᠠᠨ ᠭᠡᠯᠡᠵᠤ ᠦᠭ‍ᠭᠦᠭ᠍ᠰᠡᠨ ᠨᠠᠰᠤ ᠪᠣᠯᠬᠤ ᠶᠤᠮ᠃ ᠭᠡᠢ ᠨᠠᠰᠤ ᠪᠠᠷ ᠨᠢ ᠪᠣᠳᠤᠬᠤ ᠵᠠᠩᠰᠢᠯ ᠶᠢᠡᠷ ᠮᠦᠷᠳᠠᠨ ᠪᠣᠳᠤᠪᠠᠯ ᠂ ᠳᠠᠷᠠ 1891 ᠣᠨ ᠳᠤ ᠳᠦᠷᠦᠭ᠍ᠰᠡᠨ ᠨᠢ ᠢᠯᠡᠭᠡᠨ᠃ ᠡᠸᠥ᠋ᠷᠦᠫᠡ ᠭᠦᠮᠦᠰ ᠤᠨ ᠪᠦᠭᠦᠯᠢ ᠨᠠᠰᠤ ᠪᠠᠷ ᠪᠣᠳᠤᠬᠤ ᠵᠠᠩᠰᠢᠯ ᠶᠢᠡᠷ ᠪᠣᠳᠤᠬᠤ ᠳᠤ᠂ ᠰᠢᠠᠴᠢᠨ ᠭᠡᠭᠡᠨ ᠶᠠᠳᠠᠬᠤ ᠳᠠᠭᠠᠨ 1890 ᠣᠨ ᠳᠤ ᠳᠦᠷᠦᠭ᠍ᠰᠡᠨ ᠪᠠᠢ᠌ᠬᠤ ᠶᠤᠰᠤᠳᠠᠢ᠃

ᠬᠤᠸᠠᠩ ᠸᠧᠨ ᠪᠢ ᠶᠢᠨ 2 ᠰᠠᠷ᠎ᠠ ᠶᠢᠨ 4 ᠤ ᠡᠳᠦᠷ ᠤᠨ ᠳᠡᠮᠳᠡᠭᠯᠡᠯ ᠳᠤ ᠄ 《  ᠡᠨᠡ ᠡᠳᠦᠷ᠂ ᠰᠢᠠᠴᠢᠨ ᠭᠡᠭᠡᠨ ᠳᠤ ᠪᠠᠯᠡᠭᠯᠡᠭᠦ ᠪᠠᠯᠡᠭ᠌ ᠶᠢᠨ ᠪᠠᠯᠡᠦᠡᠭᠡᠵᠤ ᠣᠷᠭᠢᠭᠠᠤᠨ ᠰᠸᠧᠨ • ᠾᠸᠳᠢᠨ ᠳᠠᠳᠠᠨ ᠮᠤᠵᠢ ᠶᠢᠨ ᠲᠦᠪ ᠵᠥᠭ᠌ ᠮᠤᠷᠳᠠᠪᠠ  》 ( 25) ᠭᠡᠵᠤ ᠳᠡᠮᠳᠡᠭᠯᠡᠵᠡᠢ ᠃ ᠡᠭᠦᠨ ᠡᠴᠡ ᠥᠵᠡᠭᠦ ᠳᠤ ᠂ ᠰᠢᠠᠴᠢᠨ ᠭᠡᠭᠡᠨ 2 ᠰᠠᠷ᠎ᠠ ᠶᠢᠨ 5 ᠤ ᠡᠳᠦᠷ ᠳᠦᠴᠢᠨ ᠨᠠᠰᠤᠨ ᠤ ᠪᠠᠶᠠᠷ ᠭᠢᠭᠦ ᠪᠠᠷ ᠪᠠᠢ᠌ᠬᠤ ᠶᠢ ᠰᠸᠧᠨ • ᠾᠸᠳᠢᠨ ᠳᠤᠪ ᠳᠤᠳᠤᠷᠬᠠᠢ ᠮᠠᠳᠠᠵᠤ ᠪᠠᠢ᠌ᠬᠤ ᠶᠤᠮ᠃ ᠳᠡᠭᠡᠭᠡᠤᠨ ᠰᠸᠧᠨ • ᠾᠸᠳᠢᠨ ᠶᠠᠭᠠᠭᠢᠭᠠᠤᠨ ᠰᠢᠠᠴᠢᠨ ᠭᠡᠭᠡᠨ ᠢ《ᠳᠦᠴᠢᠳᠠᠢ》 ᠭᠡᠭᠦ ᠦᠭᠡᠶ ᠪᠠᠷ ᠬᠠᠷᠢᠨ 《ᠭᠤᠴᠢᠨ ᠨᠠᠢ᠌ᠮᠠᠳᠠᠢ》 ᠭᠡᠵᠤ ᠳᠡᠮᠳᠡᠭᠯᠡᠰᠡᠨ ᠪᠣᠢ ︖ ᠡᠨᠡ ᠨᠢ ᠡᠮᠦᠨ᠎ᠡ ᠳᠤᠷᠭᠤᠳ ᠤᠨ ᠨᠠᠰᠤᠨ ᠤ ᠪᠠᠶᠠᠷ ᠭᠢᠭᠦ ᠡᠨᠡᠭᠦ ᠵᠠᠩᠰᠢᠯ ᠶᠤᠰᠤ ᠶᠢ ᠰᠸᠧᠨ • ᠾᠸᠳᠢᠨ ᠴᠤ ᠮᠡᠳᠡᠳᠡᠭ᠌ ᠢ ᠬᠠᠷᠠᠭᠤᠯᠤᠭᠰᠠᠨ ᠪᠠᠢ᠌ᠨ᠎ᠠ᠃

(ᠳᠦᠷᠪᠡ )《ᠣᠢ᠌ᠷᠠᠤᠨ ᠮᠤᠩᠭ᠋ᠤᠯ ᠤᠨ ᠳᠤᠪᠴᠢ ᠳᠡᠦᠭᠡ》 ᠳᠤ᠄ ᠳᠦᠪᠳᠤᠠᠴᠠᠷᠠᠠᠴᠦ᠋ᠮᠪᠣᠯ ᠁ ᠳᠠᠷᠠ 1891 ᠣᠨ ᠤ 1 ᠰᠠᠷ᠎ᠠ ᠶᠢᠨ 14 ᠤ ᠡᠳᠦᠷ ( ᠪᠠᠳᠠᠷᠠᠭᠤᠯᠳᠤ ᠲᠦᠷᠦ ᠵᠢᠨ16 ᠳ᠋ᠤᠭᠠᠷ ᠣᠨ ᠤ 12 ᠰᠠᠷ᠎ᠠ ᠶᠢᠨ 5 ᠤ ᠡᠳᠦᠷ ) ᠲᠦᠷᠦᠵᠠᠢ 26 ᠭᠡᠪᠡ᠃ ᠰᠢᠡᠴᠢᠨ ᠭᠡᠭᠡᠨ ᠤ ᠳᠦᠷᠦᠭ᠍ᠰᠡᠨ1891ᠡᠤᠨ ᠤ 1ᠰᠠᠷ᠎ᠠ ᠶᠢᠨ 14 ᠤ ᠡᠳᠦᠷ ᠪᠣᠯ ᠪᠠᠳᠠᠷᠠᠭᠤᠯᠳᠤ ᠲᠦᠷᠦ ᠶᠢᠨ ᠠᠷᠪᠠᠨ ᠵᠢᠷᠭᠤᠳᠤᠭᠠᠷ ᠣᠨ ᠪᠠᠢ᠌ᠵᠤ ᠂ ᠪᠢᠯᠢᠭ᠌ ᠤᠨ ᠣᠯᠠᠷᠢᠯ ᠤᠨ ᠴᠠᠭᠠᠨ ᠪᠠᠷᠰ ᠵᠢᠯ ᠂ 1890 ᠣᠨ ᠤ 12 ᠰᠠᠷ᠎ᠠ ᠶᠢᠨ 5 ᠤ ᠡᠳᠦᠷ ᠪᠣᠯᠤᠨ᠎ᠠ ᠃ ᠳᠠᠷᠠ ᠵᠢᠯ ᠤᠨ ᠮᠠᠨ ᠤ ᠣᠯᠤᠰ ᠤᠨ ᠣᠯᠠᠮᠵᠢᠯᠠᠯᠳᠤ ᠴᠠᠭᠠᠨ ᠪᠠᠶᠠᠷ ᠰᠠᠷ᠎ᠠ ᠶᠢᠨ ᠪᠠᠶᠠᠷ ᠪᠣᠯ ᠨᠠᠢ᠌ᠳᠠ ᠶᠢᠨ ᠣᠨ ᠳᠤᠭᠠᠯᠠᠯ ᠤᠨ 1891 ᠣᠨ ᠤ 2 ᠰᠠᠷ᠎ᠠ ᠶᠢᠨ 9 ᠤ ᠡᠳᠦᠷ ᠪᠠᠢ᠌ᠪᠠ ᠃ ᠠᠷᠠᠤᠨ ᠤᠨ ᠣᠯᠠᠮᠵᠢᠯᠠᠯ ᠶᠢᠡᠷ ᠪᠣᠯ ᠳᠠᠤᠯᠠᠢ ᠵᠢᠯ ᠣᠷᠤᠭᠰᠠᠨ ᠶᠠᠪᠣᠳᠠᠯ ᠪᠣᠯᠤᠨ᠎ᠠ᠃ ᠳᠠᠢ᠌ᠮᠤ ᠡᠴᠡ ᠰᠢᠡᠴᠢᠨ ᠭᠡᠭᠡᠨ ᠪᠣᠯ ᠴᠠᠭᠠᠨ ᠤ ᠪᠠᠶᠠᠷ ᠤᠨ ᠡᠮᠦᠨ᠎ᠡ ᠪᠠᠷᠰ ᠵᠢᠯ ᠳᠤ ᠳᠦᠷᠦᠭ᠍ᠰᠡᠨ ᠪᠠᠢ᠌ᠨ᠎ᠠ᠃

(ᠲᠠᠪᠣ )ᠹᠠᠩ ᠵᠢᠶᠠᠨ ᠴᠠᠩ᠄ 《ᠪᠣᠶᠠᠠᠴᠤᠭᠳᠤ ᠬᠠᠭᠠᠨ ᠰᠸᠷᠳᠢᠪᠢᠯᠭᠠᠳᠠᠨ ᠲᠡᠶ ᠬᠤᠷᠢᠮᠯᠠᠭᠠᠤᠨ ᠳᠦᠷᠪᠡᠨ ᠭᠡᠦᠭᠡᠤᠨ ᠲᠡᠶ ᠪᠣᠯᠪᠠ᠃ 1890 ᠣᠨ ᠤ 11 ᠰᠠᠷ᠎ᠠ ᠵᠢᠨ1 ᠤ ᠡᠳᠦᠷ ᠦᠷ ᠰᠢᠨᠡᠭᠡᠨ ᠴᠠᠢ᠌ᠬᠤ ᠦᠶ᠎ᠡ᠂ ᠾᠸᠵᠢᠩ ᠰᠢᠶᠠᠨ( ᠣᠳᠤ ᠶᠢᠨ ᠪᠠᠶᠠᠠᠭᠤᠤᠯ ᠵᠸᠤ ᠵᠢᠨ ᠾᠸᠵᠢᠩ ᠰᠢᠶᠠᠨ) ᠤ ᠡᠮᠦᠨ᠎ᠡ ᠬᠠᠷ᠎ᠠ ᠮᠤᠳᠤᠨ(ᠬᠠᠢ᠌ᠯᠠᠰᠤ) ᠤ ᠬᠠᠢ᠌ᠳᠠᠭ ᠤᠨ ᠭᠤᠤᠯ ᠤᠨ ᠬᠣᠢ᠌ᠳᠤ ᠭᠦᠪᠠᠭᠡ ᠳ᠋ᠠᠭᠢ ᠭᠦᠭᠡ ᠶᠠᠮᠤᠨ ᠳᠤ ᠳᠠᠪᠣᠳᠤᠭᠠᠷ ᠰᠢᠠᠴᠢᠨ ᠭᠡᠭᠡᠨ ᠢ ᠲᠦᠷᠦᠪᠠ》 ( 27) ᠭᠡᠵᠡᠢ᠃

( ᠵᠢᠷᠭᠤᠭ᠎ᠠ )ᠰᠣ᠊ • ᠳᠤᠷᠵᠢ ᠂ ᠠ᠊ • ᠳᠤᠷᠵᠢ ᠂ ᠪ • ᠯᠢᠵᠠᠢ ᠄ 《ᠴᠠᠭᠠᠨ ᠪᠠᠷᠰ ᠵᠢᠯ (1890 ᠣᠨ11 ᠳ᠋ᠦᠭᠡᠷ ᠰᠠᠷ᠎ᠠ ) ᠤᠨ ᠴᠠᠭᠠᠨ ᠰᠠᠷ᠎ᠠ ᠶᠢᠨ ᠰᠢᠨ᠎ᠠ ᠶᠢᠨ ᠨᠢᠭᠡ ᠳᠤ ᠦᠷ ᠳᠡᠭᠳᠡᠵᠤ  ᠪᠠᠢ᠌ᠬᠤ ᠦᠶ᠎ᠡ ᠳᠤ ᠳᠠᠪᠣᠳᠤᠭᠠᠷ ᠳᠦᠷᠢ ᠶᠢᠨ ᠰᠢᠠᠴᠢᠨ ᠭᠡᠭᠡᠨ ᠬᠠᠷᠠᠰᠢᠷ᠎ᠠ ᠶᠢᠨ ᠬᠤᠳᠤᠭᠤᠷ ᠤᠨ ᠵᠡᠭᠦᠨ ᠪᠠᠷᠠᠭᠤᠨ ᠬᠤᠶᠠᠷ ᠬᠠᠷ᠎ᠠ ᠮᠤᠳᠤᠨ ᠤ ᠵᠠᠭᠠᠭ ᠪᠣᠯᠬᠤ ᠬᠠᠢ᠌ᠳᠠᠭ ᠤᠨ ᠠᠷᠠᠯ ᠤᠨ ᠬᠠᠭᠤᠴᠢᠨ ᠶᠠᠮᠤᠨ ( ᠣᠳᠤ ᠶᠢᠨ ᠾᠸᠵᠢᠩ ᠰᠢᠶᠠᠨ ᠤ ᠪᠠᠷᠠᠭᠤᠨ ᠬᠠᠷ᠎ᠠ ᠮᠤᠳᠤᠨ ᠰᠤᠮᠤᠨ ) ᠳᠤ ᠢᠯᠠᠳᠠᠵᠠᠢ ᠃ ᠡᠢ᠌ᠮᠤ ᠡᠴᠡ ᠂ ᠳᠠᠪᠣᠳᠤᠭᠠᠷ ᠳᠦᠷᠢ ᠶᠢᠨ ᠰᠢᠠᠴᠢᠨ ᠭᠡᠭᠡᠨ ᠪᠣᠯ ᠴᠠᠭᠠᠨ ᠪᠠᠷᠰ ᠵᠢᠯ ᠤᠨ ᠪᠠᠷᠰ ᠰᠠᠷ᠎ᠠ ᠪᠠᠷᠰ ᠡᠳᠦᠷ ᠪᠠᠷᠰ ᠴᠠᠭ ᠲᠤ ᠢᠯᠡᠳᠡᠭ᠍ᠰᠡᠨ ᠪᠣᠯᠬᠤ ᠪᠠᠷ ᠡᠴᠢᠭᠡ ᠨᠢ ᠪᠠᠷᠰ ᠵᠢᠯ ᠲᠡᠶ ᠡᠭᠡ ᠨᠢ ᠴᠤ ᠪᠠᠷᠰ ᠵᠢᠯ ᠲᠡᠶ ᠳᠤᠯᠠ ᠳᠤᠯᠤᠭᠠᠨ ᠪᠠᠷᠰ ᠶᠢᠡᠷ ᠪᠦᠷᠢᠳᠦᠭ᠍ᠰᠡᠨ ᠪᠠᠢ᠌ᠵᠠᠢ》 ( 28) ᠭᠡᠵᠤ ᠪᠢᠴᠢᠵᠠᠢ᠃

(ᠲᠤᠯᠤᠭ᠎ᠠ )ᠡ᠊ • ᠳ᠋ᠠᠢ᠌ᠮᠪᠠᠢ ᠄ 《1888 ᠣᠨ ᠳᠤ ᠳᠤᠷᠭᠤᠳ ᠤᠨ ᠪᠣᠶᠠᠠᠴᠤᠭᠳᠤ ᠬᠠᠭᠠᠨ ᠬᠠᠳᠤᠨ ᠲᠡᠶ ᠪᠠᠨ ᠰᠢᠷ᠎ᠠ ᠰᠦᠮ᠎ᠡ ᠶᠢ ᠵᠠᠰᠠᠬᠤ ᠭᠡᠷᠡᠭ᠌ ᠶᠢᠡᠷ ᠵᠤᠤ ᠳᠤ ᠣᠴᠢᠬᠤ ᠪᠣᠯᠵᠤ ᠁ 1889 ᠣᠨ ᠳᠤ ᠨᠤᠶᠠᠨ ᠡᠵᠢ ᠪᠠᠷᠠᠭᠤᠨ ᠵᠤᠤ ᠡᠴᠡ ᠪᠣᠴᠠᠬᠤ ᠳᠤ ᠯᠠᠮᠠ ᠨᠠᠷ ᠨᠤᠶᠠᠨ ᠡᠵᠢ ᠡᠴᠡ 《 ᠵᠤᠤ ᠶᠢᠨ ᠳᠡᠭᠡᠪᠦᠷ ᠢ ᠠᠯᠳᠠ ᠪᠠᠷ ᠪᠦᠷᠢᠳᠡᠭ᠌ ᠪᠣᠯᠵᠤ ᠪᠠᠢ᠌ᠨ᠎ᠠ᠂ ᠳᠠᠮ ᠬᠠᠢ᠌ᠷᠢᠯᠠᠠᠠᠳᠤᠨ》ᠭᠡᠵᠡᠢ᠃ ᠨᠤᠶᠠᠨ ᠡᠵᠢ ᠪᠠᠷᠠᠭᠤᠨ ᠳᠦᠷᠦᠭᠡ ᠪᠠᠨ ᠦᠭ‍ᠭᠦ ᠪᠠᠷ ᠮᠤᠷᠢᠨ ᠡᠴᠡ ᠪᠠᠭᠤᠬᠤ ᠳᠤ ᠪᠠᠷᠠᠭᠤᠨ ᠭᠦᠯ ᠨᠢ ᠱᠠᠭᠠᠴᠠ ᠪᠠᠨ ᠭᠠᠵᠠᠷ ᠲᠤ ᠰᠢᠭᠢᠤᠠᠴᠤ᠂ ᠬᠣᠢ᠌ᠨ᠎ᠠ ᠨᠢ ᠰᠢᠠᠴᠢᠨ ᠭᠡᠭᠡᠨ ᠨᠢ ᠬᠤᠪᠢᠯᠭᠠᠨ ᠨᠤᠶᠠᠨ ᠡᠵᠢ ᠳᠤ ᠢᠯᠠᠳᠠᠪᠠ ᠂ 1890 ᠣᠨ ᠊ᠤ 11 ᠳ᠋ᠤᠭᠡᠷ ᠰᠠᠷ᠎ᠠ ᠶᠢᠨ ᠨᠢᠭᠡᠨ ᠤ ᠡᠳᠦᠷ ᠂ ᠪᠠᠷᠰ ᠵᠢᠯ ᠪᠠᠷᠰ ᠰᠠᠷ᠎ᠠ ᠶᠢᠨ ᠪᠠᠷᠰ ᠡᠳᠦᠷ ᠪᠠᠷᠰ ᠴᠠᠭ ᠲᠤ ᠂ ᠡᠴᠢᠭᠡ ᠡᠭᠡ ᠨᠢ ᠴᠤ ᠪᠠᠷᠰ ᠵᠢᠯ ᠲᠡᠶ ᠳᠤᠯᠠ ᠳᠤᠯᠤᠭᠠᠨ ᠪᠠᠷᠰ ᠶᠢᠡᠷ ᠪᠦᠷᠢᠳᠦᠵᠤ ᠬᠠᠭᠤᠴᠢᠨ ᠶᠠᠮᠤᠨ ᠳᠤ ᠮᠠᠠᠳᠤᠯᠠᠵᠠᠢ》(29) ᠭᠡᠵᠤ ᠪᠢᠴᠢᠵᠠᠢ ᠃

( ᠨᠠᠢᠮᠠ )ᠡ᠊ • ᠪᠠᠤᠠᠮᠠᠷ᠎ᠠ 《ᠬᠠᠷᠠᠰᠢᠷ᠎ᠠ ᠶᠢᠨ ᠳᠤᠷᠭᠤᠳ ᠤᠨ ᠭᠡᠷᠡᠭ᠌ ᠤᠨ ᠳᠤᠪᠴᠢ 》 ᠭᠡᠭᠦ ᠵᠤᠬᠢᠶᠠᠯ ᠳᠠᠭᠠᠨ ᠄ 《ᠰᠢᠠᠴᠢᠨ ᠭᠡᠭᠡᠨ 1878 ᠣᠨ ᠳᠤ ᠲᠦᠷᠦᠪᠠ》ᠭᠡᠪᠡ᠃ ᠰᠡᠭᠦᠯᠡᠷ ᠨᠢ ᠪᠢᠴᠢᠭ᠍ᠰᠡᠨ《ᠳᠠᠪᠣᠳᠤᠭᠠᠷ ᠳᠦᠷᠢ ᠶᠢᠨ ᠰᠢᠠᠴᠢᠨ ᠭᠡᠭᠡᠨ 》 ᠭᠡᠭᠦ ᠨᠤᠮ ᠳᠠᠭᠠᠨ ᠂ ᠰᠢᠠᠴᠢᠨ ᠭᠡᠭᠡᠨ 1890 ᠣᠨ ᠤ 11 ᠰᠠᠷ᠎ᠠ ᠶᠢᠨ 1 ᠤ ᠡᠳᠦᠷ ᠂ ᠦᠷ ᠴᠠᠢ᠌ᠬᠤ ᠦᠶ᠎ᠡ ᠂ ᠪᠠᠷᠰ ᠵᠢᠯ ᠤᠨ ᠪᠠᠷᠰ ᠰᠠᠷ᠎ᠠ ᠶᠢᠨ ᠪᠠᠷᠰ ᠴᠠᠭ ᠲᠤ ᠲᠦᠷᠦᠪᠠ》 ( 30) ᠭᠡᠵᠤ ᠥᠭᠡᠷᠡᠴᠢᠯᠡᠨ ᠪᠢᠴᠢᠵᠠᠢ ᠃

( ᠶ‍ᠢᠰᠤ )ᠳ᠋ᠣ᠊ • ᠨᠠᠢ᠌ᠳᠠᠢ ᠄ ᠰᠢᠠᠴᠢᠨ ᠭᠡᠭᠡᠨ《ᠪᠠᠳᠠᠷᠠᠭᠤᠯᠳᠤ ᠲᠦᠷᠦ ᠶᠢᠨ ᠠᠷᠪᠠᠨ ᠵᠢᠷᠭᠤᠳᠤᠭᠠᠷ ᠣᠨ(1890 ᠣᠨ )᠂ ᠴᠠᠭᠠᠨ ᠪᠠᠷᠰ ᠵᠢᠯ ᠳᠤ ᠲᠦᠷᠦᠪᠠ》(31) ᠭᠡᠵᠡᠢ ᠃

ᠰᠢᠠᠴᠢᠨ ᠭᠡᠭᠡᠨ ᠤ ᠳᠦᠷᠦᠭ᠍ᠰᠡᠨ ᠵᠢᠯ ᠤᠨ ᠳᠤᠬᠠᠢ ᠡᠳᠡᠭᠡᠷ ᠭᠡᠯᠡᠯᠭᠡ ᠶᠢ ᠬᠤᠷᠢᠶᠠᠩᠭ᠋ᠣᠢ᠌ᠯᠠᠪᠠᠯ ᠄ ᠰᠢᠠᠴᠢᠨ ᠭᠡᠭᠡᠨ ᠤ ᠠᠬ᠎ᠠ ᠳᠤᠷᠭᠤᠳ ᠬᠠᠨ ᠪᠤᠶᠡᠡᠮᠥ᠋ᠩᠭᠡ ᠡᠴᠡ ᠢᠷᠭᠡᠨ ᠣᠯᠤᠰ ᠤᠨ ᠵᠠᠰᠠᠭ ᠤᠨ ᠭᠠᠵᠠᠷ ᠲᠤ ᠮᠡᠳᠡᠭᠦᠯᠦᠭ᠍ᠰᠡᠨ ᠡᠷᠭᠦᠳᠡᠯ ᠪᠢᠴᠢᠭ᠌ ᠲᠤ ᠪᠠᠢ᠌ᠨ᠎ᠠ ; ᠰᠸᠧᠨ • ᠾᠸᠳᠢᠨ ᠪᠠᠶ᠎ᠠ ᠪᠠᠷ ᠶᠢᠡᠨ ᠰᠢᠠᠴᠢᠨ ᠭᠡᠭᠡᠨ ᠲᠡᠶ ᠠᠭᠤᠯᠵᠠᠭᠰᠠᠨ ᠡᠴᠡ ᠬᠤᠭᠤᠷᠤ ᠪᠢᠴᠢᠭ᠍ᠰᠡᠨ ᠵᠤᠬᠢᠶᠠᠯ ᠳᠤ ᠪᠣᠢ᠂ ᠡᠨᠡ ᠨᠢ ᠰᠢᠠᠴᠢᠨ ᠭᠡᠭᠡᠨ ᠰᠸᠧᠨ ᠂ ᠾᠸᠳᠢᠨ ᠳᠤ ᠭᠡᠯᠡᠵᠤ ᠦᠭ‍ᠭᠦᠭ᠍ᠰᠡᠨ ᠨᠠᠰᠤᠨ ᠮᠦᠨ ; ᠰᠢᠠᠴᠢᠨ ᠭᠡᠭᠡᠨ ᠤ ᠨᠠᠰᠤᠨ ᠤ ᠪᠠᠶᠠᠷ ᠲᠤ ᠣᠷᠤᠯᠴᠠᠭᠰᠠᠨ ᠬᠤᠸᠠᠩ ᠸᠧᠨ ᠪᠢ ᠶᠢᠨ ᠡᠳᠦᠷ ᠤᠨ ᠳᠡᠮᠳᠡᠭᠯᠡᠯ ᠳᠤ ᠪᠠᠢ᠌ᠨ᠎ᠠ᠃ ᠡᠨᠡ ᠪᠣᠯ ᠰᠢᠠᠴᠢᠨ ᠭᠡᠭᠡᠨ ᠪᠠᠶ᠎ᠠ ᠨᠢ ᠭᠦᠯᠢᠶᠡᠨ ᠵᠥᠪᠰᠢᠶᠡᠷᠡᠳᠡᠭ᠌ ᠳᠦᠷᠦᠭ᠍ᠰᠡᠨ ᠵᠢᠯ ᠪᠣᠯᠬᠤ ᠨᠢ ᠢᠯᠡᠷᠭᠡᠢ᠃ ᠪᠠᠰᠠ ᠡᠮᠦᠨ᠎ᠡ ᠳᠤᠷᠠᠳᠤᠭᠰᠠᠨ ᠵᠤᠬᠢᠶᠠᠯ ᠳᠤ ᠳᠡᠭᠦᠨ ᠢ 1890 ᠣᠨ ᠳᠤ ᠪᠠᠷᠰ ᠵᠢᠯ ᠲᠦᠷᠦᠪᠠ ᠭᠡᠵᠤ ᠪᠣᠢ ᠂ 1890 ᠣᠨ ᠪᠣᠯ ᠦᠨᠡᠠ ᠪᠠᠷᠰ ᠵᠢᠯ ᠪᠢᠯᠠ᠃

ᠡᠳᠡᠭᠡᠷ ᠭᠡᠯᠡᠯᠭᠡ ᠶᠢ ᠪᠠᠭᠴᠠᠯᠠᠪᠠᠯ᠂ ᠰᠢᠠᠴᠢᠨ ᠭᠡᠭᠡᠨ ᠤ ᠳᠦᠷᠦᠭ᠍ᠰᠡᠨ ᠵᠢᠯ ᠭᠡᠪᠠᠯ ᠂ ᠨᠠᠢ᠌ᠳᠠ ᠶᠢᠨ ᠣᠨ ᠳᠤᠭᠠᠯᠠᠯ ᠤᠨ 1891 ᠣᠨ ᠤ 1ᠰᠠᠷ᠎ᠠ ᠶᠢᠨ 14 ᠡᠳᠦᠷ ᠂ ᠳᠠᠷᠤᠢ ᠪᠠᠳᠠᠷᠠᠭᠤᠯᠳᠤ ᠲᠦᠷᠦ ᠶᠢᠨ ᠠᠷᠪᠠᠨ ᠵᠢᠷᠭᠤᠳᠤᠭᠠᠷ ᠣᠨ ᠂ ᠪᠢᠯᠢᠭ᠌ ᠤᠨ ᠣᠯᠠᠷᠢᠯ ᠤᠨ ᠴᠠᠭᠠᠨ ᠪᠠᠷᠰ ᠵᠢᠯ ᠂ 1890 ᠣᠨ ᠤ 12 ᠰᠠᠷ᠎ᠠ ᠶᠢᠨ 5 ᠤ ᠡᠳᠦᠷ ᠂ ᠪᠠᠷᠰ ᠵᠢᠯ ᠪᠣᠯᠤᠨ᠎ᠠ᠃ ᠳᠠᠷᠠ ᠵᠢᠯ ᠊ᠤᠨ ᠣᠯᠠᠮᠵᠢᠯᠠᠯᠳᠤ ᠴᠠᠭᠠᠨ ᠰᠠᠷ᠎ᠠ ᠶᠢᠨ ᠪᠠᠶᠠᠷ ᠪᠣᠯ ᠪᠢᠯᠢᠭ᠌ ᠤᠨ ᠣᠯᠠᠷᠢᠯ ᠤᠨ 1891 ᠣᠨ ᠤ ᠴᠠᠭᠠᠨ ᠰᠠᠷ᠎ᠠ ᠶᠢᠨ ᠰᠢᠨ᠎ᠠ ᠶᠢᠨ ᠨᠢᠭᠡᠨ ᠤ ᠡᠳᠦᠷ ᠂ ᠨᠠᠢ᠌ᠳᠠ ᠶᠢᠨ ᠣᠨ ᠳᠤᠭᠠᠯᠠᠯ ᠤᠨ 1891 ᠣᠨ ᠤ 2 ᠰᠠᠷ᠎ᠠ ᠶᠢᠨ 9 ᠤ ᠡᠳᠦᠷ ᠪᠠᠢ᠌ᠪᠠ ᠃ ᠠᠷᠠᠤᠨ ᠤᠨ ᠣᠯᠠᠮᠵᠢᠯᠠᠯ ᠶᠢᠡᠷ ᠪᠣᠯ ᠳᠠᠤᠯᠠᠢ ᠵᠢᠯ ᠣᠷᠤᠭᠰᠠᠨ ᠶᠠᠪᠣᠳᠠᠯ ᠪᠣᠯᠤᠨ᠎ᠠ᠃ ᠳᠠᠢ᠌ᠮᠤ ᠡᠴᠡ ᠂ ᠰᠢᠠᠴᠢᠨ ᠭᠡᠭᠡᠨ ᠪᠣᠯ ᠴᠠᠭᠠᠨ ᠤ ᠪᠠᠶᠠᠷ ᠡᠴᠡ ᠡᠮᠦᠨ᠎ᠡ᠂ ᠪᠠᠷᠰ ᠵᠢᠯ ᠳᠤ ᠳᠦᠷᠦᠭ᠍ᠰᠡᠨ ᠪᠠᠢ᠌ᠨ᠎ᠠ᠃

ᠪᠢᠯᠢᠭ᠌ ᠤᠨ ᠣᠯᠠᠷᠢᠯ ᠤᠨ 1890 ᠣᠨ ᠤ 12 ᠰᠠᠷ᠎ᠠ ᠳᠤ ᠳᠦᠷᠦᠭ᠍ᠰᠡᠨ ᠰᠢᠠᠴᠢᠨ ᠭᠡᠭᠡᠨ ᠨᠢ ᠴᠢᠩ ᠣᠯᠤᠰ ᠤᠨ ᠳᠠᠩᠰᠠ ᠡᠪᠭᠡᠮᠡᠯ ᠳᠤ ᠳᠡᠮᠳᠡᠭᠯᠡᠭ᠍ᠳᠡᠭ᠍ᠰᠡᠨ 1885 ᠣᠨ ᠪᠠ 1887 ᠣᠨ ᠳᠤ ᠳᠦᠷᠦᠭ᠍ᠰᠡᠨ ᠪᠣᠶᠠᠠᠴᠤᠭᠳᠤ ᠬᠠᠨ ᠤ ᠵᠢᠩᠭᠢᠨᠢ ᠳᠦᠷᠦᠭ᠍ᠰᠡᠨ ᠬᠤᠶᠠᠷ ᠭᠦᠪᠠᠭᠦᠨ ᠤ ᠨᠢᠭᠡ ᠨᠢ ᠪᠢᠰᠢ ᠪᠣᠯᠬᠤ ᠶᠢ ᠳᠡᠭᠡᠷ᠎ᠡ ᠳᠤᠷᠠᠳᠤᠭᠰᠠᠨ ᠮᠠᠲ᠋ᠸᠷᠢᠶᠠᠯ ᠤᠳ ᠪᠠᠳᠤᠯᠠᠵᠤ ᠴᠢᠳᠠᠨ᠎ᠠ᠃ 《ᠢᠯᠡᠦᠡᠭᠡᠯ ᠪᠢᠴᠢᠭ᠌》 ᠳ᠋ᠠᠭᠢ ᠄ 《ᠬᠤᠶᠠᠳᠤᠭᠠᠷ ᠭᠦᠪᠠᠭᠦᠨ ᠢᠨᠤ ᠳᠣᠢ᠌ᠨ ᠺᠠᠮᠪᠣ ᠯᠤᠴᠠᠩ ᠳ᠋ᠠᠠᠵᠢᠨ ᠴᠢᠮᠠᠤᠨ ᠨᠢᠮ᠎ᠠ》᠂ ᠳᠠᠷᠤᠢ ᠪᠠᠳᠠᠷᠠᠭᠤᠯᠳᠤ ᠲᠦᠷᠦ ᠶᠢᠨ ᠠᠷᠪᠠᠨ ᠭᠤᠷᠪᠠᠳᠤᠭᠠᠷ ᠣᠨ(1887 ᠣᠨ ) ᠳᠤ ᠳᠦᠷᠦᠭ᠍ᠰᠡᠨ ᠬᠤᠶᠠᠳᠤᠭᠠᠠᠷ ᠭᠦᠪᠠᠭᠦᠨ ᠪᠤᠶᠡᠡᠭᠡᠰᠢᠭ᠌ ᠪᠣᠯᠬᠤ ᠪᠦᠭᠡᠤᠨ ᠰᠢᠠᠴᠢᠨ ᠭᠡᠭᠡᠨ ᠪᠢᠰᠢ ᠭᠡᠳᠡᠭ᠌ ᠢ ᠳᠠᠭᠢᠨ ᠪᠠᠳᠤᠯᠠᠪᠠ᠃

ᠭᠡᠷ ᠤᠨ ᠴᠠᠳᠢᠭ ᠨᠢ ᠡᠪᠦᠭᠡ ᠳᠡᠭᠡᠳᠦᠰ ᠵᠢᠡᠨ ᠲᠡᠭᠡᠳᠦᠯᠡᠳᠡᠭ᠌ ᠮᠤᠩᠭ᠋ᠤᠯᠴᠤᠳ ᠲᠤ ᠠᠪᠴᠤ ᠭᠡᠯᠡᠪᠠᠯ ᠠᠷᠢᠭᠤᠨ ᠳᠠᠷᠬᠠᠨ ᠪᠠᠢ᠌ᠳᠠᠭ ᠂ ᠳᠤᠷᠭᠤᠤᠠᠴᠤᠳ ᠴᠤ ᠭᠡᠷ ᠤᠨ ᠴᠠᠳᠢᠭ ᠢ ᠨᠠᠩ ᠴᠢᠬᠤᠯᠠᠴᠢᠯᠠᠳᠠᠭ ᠃ ᠢᠯᠠᠩᠭ᠋ᠤᠶ᠎ᠠ ᠬᠠᠤᠨ ᠨᠤᠶᠠᠤᠨ ᠤᠨ ᠭᠡᠷ ᠤᠨ ᠴᠠᠳᠢᠭ ᠨᠢ ᠠᠷᠢᠭᠤᠨ ᠳᠠᠷᠬᠠᠨ ᠮᠥᠷᠳᠡᠭᠡᠨ ᠲᠦᠪ ᠭᠢᠴᠢᠶᠡᠩᠭᠦᠢ ᠭᠡᠷᠡᠭ᠌ ᠪᠣᠯᠬᠤ ᠳᠤᠯᠠ ᠣᠷᠤ ᠦᠭᠡᠶ ᠭᠠᠵᠠᠷ ᠣᠪᠣᠭ᠎ᠠ ᠪᠣᠰᠬᠠᠵᠤ᠂ ᠡᠰᠢ ᠪᠠᠷᠢᠮᠳᠠ ᠦᠭᠡᠶ ᠪᠠᠷ ᠣᠭᠳᠤ ᠪᠠᠢ᠌ᠬᠤ ᠦᠭᠡᠶ ᠬᠤᠶᠠᠳᠤᠭᠠᠷ ᠭᠦᠪᠠᠭᠦᠨ ᠢ ᠬᠤᠪᠢᠯᠭᠠᠤᠯᠤᠨ ᠭᠠᠷᠭᠠᠬᠤ ᠶᠤᠰᠤ ᠦᠭᠡᠶ ᠶᠤᠮ ᠃ ᠰᠢᠠᠴᠢᠨ ᠭᠡᠭᠡᠨ ᠬᠡᠳᠦᠢ᠌ᠪᠡᠷ ᠪᠣᠶᠠᠠᠴᠤᠭᠳᠤ ᠬᠠᠨ ᠤ ᠵᠢᠩᠭᠢᠨᠢ ᠳᠦᠷᠦᠭ᠍ᠰᠡᠨ ᠭᠦᠪᠠᠭᠦᠨ ᠪᠢᠰᠢ ᠪᠣᠯᠪᠠᠴᠤ᠂ ᠬᠠᠳᠤᠨ ᠤ ᠳᠦᠷᠦᠭ᠍ᠰᠡᠨ ᠭᠦᠪᠠᠭᠦᠨ ᠪᠣᠯᠬᠤᠷ ᠬᠠᠨ ᠤ ᠭᠡᠷ ᠤᠨ ᠴᠠᠳᠢᠭ ᠲᠤ ᠣᠷᠤᠭᠤᠯᠤᠭᠰᠠᠨ ᠪᠠᠢ᠌ᠨ᠎ᠠ᠃ ᠳᠠᠢ᠌ᠮᠤ ᠡᠴᠡ᠂ 《ᠣᠢ᠌ᠷᠠᠤᠨ ᠳᠡᠦᠭᠡᠨ ᠰᠤᠷᠪᠣᠯᠵᠢ ᠪᠢᠴᠢᠭ᠌》ᠪᠣᠯᠤᠨ《ᠢᠯᠡᠦᠡᠭᠡᠯ ᠪᠢᠴᠢᠭ᠌》 ᠲᠤ ᠄《ᠪᠣᠶᠠᠨ ᠴᠤᠭᠳᠤ ᠳᠤ ᠳᠦᠷᠪᠡᠨ ᠭᠦᠪᠠᠭᠦᠨ ᠪᠣᠢ᠂ ᠠᠬᠠᠮᠠᠤᠨ ᠠᠨᠤ ᠬᠠᠭᠠᠨ ᠪᠤᠶᠡᠡᠮᠥ᠋ᠩᠭᠡ ᠂ ᠬᠤᠶᠠᠳᠤᠭᠠᠷ ᠭᠦᠪᠠᠭᠦᠨ ᠢᠨᠤ ᠳᠣᠢ᠌ᠨ ᠺᠠᠮᠪᠣ ᠯᠤᠴᠠᠩ ᠳ᠋ᠠᠠᠵᠢᠨ ᠴᠢᠮᠠᠤᠨ ᠨᠢᠮ᠎ᠠ ᠂ ᠭᠤᠷᠪᠠᠳᠤᠭᠠᠷ ᠭᠦᠪᠠᠭᠦᠨ ᠢᠨᠤ ᠳᠣᠢ᠌ᠨ ᠪᠯᠠᠮ᠎ᠠ ᠯᠤᠦᠵᠡᠩᠴᠡᠷᠡᠴᠦᠮᠭᠡᠯ ᠂ ᠳᠦᠷᠪᠠᠳᠦᠭᠡᠷ ᠭᠦᠪᠠᠭᠦᠨ ᠢᠨᠤ ᠁ 》 ᠭᠡᠵᠤ ᠪᠣᠶᠠᠠᠴᠤᠭᠳᠤ ᠬᠠᠭᠠᠨ ᠤ ᠭᠡᠷ ᠤᠨ ᠪᠠᠢ᠌ᠳᠠᠯ ᠢ ᠦᠨᠡᠨ ᠶᠢᠡᠷ ᠨᠢ ᠳᠡᠮᠳᠡᠭᠯᠡᠵᠡᠢ ᠃

ᠳᠡᠭᠡᠪᠠᠯ ᠂ ᠪᠣᠶᠠᠠᠴᠤᠭᠳᠤ ᠬᠠᠨ ᠂ ᠪᠤᠶᠡᠡᠮᠥ᠋ᠩᠭᠡ ᠬᠠᠨ ᠪᠣᠯᠤᠨ ᠳᠠᠪᠣᠳᠤᠭᠠᠷ ᠳᠦᠷᠢ ᠶᠢᠨ ᠰᠢᠠᠴᠢᠨ ᠭᠡᠭᠡᠨ ᠤ ᠬᠤᠭᠤᠷᠤᠠᠳᠤᠭᠢ ᠬᠠᠷᠢᠴᠠᠭᠠᠨ ᠤ ᠳᠤᠬᠠᠢ ᠭᠡᠪᠠᠯ᠂《ᠣᠢ᠌ᠷᠠᠤᠨ ᠮᠤᠩᠭ᠋ᠤᠯ ᠊ᠤᠨ ᠲᠤᠪᠴᠢ ᠳᠡᠦᠭᠡ》 ᠳᠤ ᠄《ᠳᠦᠪᠳᠤᠠᠴᠠᠷᠠᠠᠴᠦ᠋ᠮᠪᠣᠯ ᠪᠣᠯ ᠁ 1891 ᠣᠨ ᠤ 1 ᠰᠠᠷ᠎ᠠ ᠵᠢᠨ14 ᠤ ᠡᠳᠦᠷ(ᠪᠠᠳᠠᠷᠠᠭᠤᠯᠳᠤ ᠲᠦᠷᠦ ᠶᠢᠨ 16 ᠳ᠋ᠤᠭᠠᠷ ᠣᠨ ᠤ 12 ᠰᠠᠷ᠎ᠠ ᠶᠢᠨ 5 ᠤ ᠡᠳᠦᠷ ) ᠲᠦᠷᠦᠵᠠᠢ᠃ ᠪᠤᠶᠡᠡᠮᠥ᠋ᠩᠭᠡ ᠶᠢᠨ ᠡᠴᠢᠭᠡ ᠨᠢᠭᠡ ᠡᠭᠡ ᠣᠠᠳᠤᠤ ᠳᠡᠭᠦᠤ ᠨᠢ ᠪᠣᠯᠤᠨ᠎ᠠ》 (32) ᠭᠡᠪᠡ ᠃ 《ᠾᠸᠵᠢᠩ ᠰᠢᠶᠠᠨ ᠤ ᠣᠢ᠌ᠯᠠᠯᠭ᠎ᠠ》 ᠳᠤ ᠄《ᠪᠤᠶᠡᠡᠮᠥ᠋ᠩᠭᠡ ᠦᠪᠡᠷ ᠤᠨ ᠡᠭᠡ ᠣᠠᠳᠤᠤ ᠳᠡᠭᠦᠤ ᠳᠦᠢᠪᠳᠤᠠᠴᠠᠷᠠᠠᠴᠦ᠋ᠮᠪᠣᠯ(ᠰᠢᠠᠴᠢᠨ ᠭᠡᠭᠡᠨ) ᠢ ᠳᠤᠮᠢᠯᠠᠵᠤ 》 (33)ᠭᠡᠵᠤ ᠂ 《ᠪᠠᠶᠠᠠᠭᠤᠤᠯ ᠤᠨ ᠰᠤᠶᠤᠯ ᠳᠡᠦᠭᠡ ᠶᠢᠨ ᠮᠠᠲ᠋ᠸᠷᠢᠶᠠᠯ》 ᠳᠤ᠄ ᠪᠤᠶᠡᠡᠮᠦ᠋ᠩᠭᠡ《ᠡᠭᠡ ᠣᠠᠳᠤᠤ ᠳᠡᠭᠦᠤ ᠳᠦᠪᠳᠤᠠᠴᠠᠷᠠᠠᠴᠦ᠋ᠮᠪᠣᠯ ᠢ ᠳᠤᠮᠢᠯᠠᠪᠠ》 (34) ᠭᠡᠵᠤ ᠪᠣᠢ ᠃ ᠡᠳᠡᠭᠡᠷ ᠮᠠᠲ᠋ᠸᠷᠢᠶᠠᠯ ᠤᠳ ᠢ ᠬᠤᠷᠢᠶᠠᠩᠭ᠋ᠣᠢ᠌ᠯᠠᠨ ᠶᠠᠷᠢᠪᠠᠯ᠂ ᠪᠣᠶᠠᠠᠴᠤᠭᠳᠤ ᠬᠠᠨ ᠪᠣᠯᠤᠨ ᠰᠢᠠᠴᠢᠨ ᠭᠡᠭᠡᠨ ᠪᠣᠯ ᠣᠭᠳᠤ ᠳᠦᠷᠦᠭ᠍ᠰᠡᠨ ᠡᠴᠢᠭᠡ ᠭᠦᠪᠠᠭᠦᠨ ᠤ ᠬᠠᠷᠢᠴᠠᠭ᠎ᠠ ᠲᠡᠶ ᠪᠢᠰᠢ ᠶᠤᠮ᠃ ᠪᠤᠶᠡᠡᠮᠥ᠋ᠩᠭᠡ ᠬᠠᠨ ᠪᠣᠯᠤᠨ ᠰᠢᠠᠴᠢᠨ ᠭᠡᠭᠡᠨ ᠪᠣᠯ ᠡᠭᠡ ᠣᠠᠳᠤᠤ ᠠᠬ᠎ᠠ ᠳᠡᠭᠦᠤ ᠴᠤ ᠪᠢᠰᠢ᠂ ᠬᠠᠷᠢᠨ ᠡᠴᠢᠭᠡ ᠣᠠᠳᠤᠤ ᠡᠭᠡ ᠨᠢᠭᠡᠳᠡᠢ ᠠᠬ᠎ᠠ ᠳᠡᠭᠦᠤ ᠪᠣᠯᠤᠨ᠎ᠠ᠃ ᠭᠦᠮᠦᠰ ᠤᠨ ᠭᠡᠯᠡᠯᠴᠡᠵᠤ ᠪᠠᠢ᠌ᠭᠰᠠᠨ《ᠰᠢᠠᠴᠢᠨ ᠭᠡᠭᠡᠨ ᠪᠣᠯ ᠪᠣᠳᠠᠴᠢ( ᠨᠡᠭᠡᠯᠡᠢ )ᠭᠡᠦᠭᠡᠤᠨ ᠮᠦᠨ》 ᠭᠡᠭᠦ ᠭᠡᠯᠡᠯᠭᠡ ᠨᠢ ᠡᠰᠢ ᠪᠠᠷᠢᠮᠳᠠ ᠦᠭᠡᠶ ᠥᠭᠡ ᠪᠢᠰᠢ ᠭᠡᠳᠡᠭ᠌ ᠢ ᠳᠠᠭᠢᠨ ᠭᠡᠷᠡᠴᠢᠯᠡᠵᠤ ᠪᠣᠢ ᠃ ᠰᠢᠠᠴᠢᠨ ᠭᠡᠭᠡᠨ ᠪᠣᠯ ᠳᠤᠷᠭᠤᠳ ᠬᠠᠨ ᠤ ᠴᠢᠰᠤᠨ ᠣᠳᠤᠮ ᠪᠢᠰᠢ ᠶᠤᠮ᠃ ᠭᠤᠷᠪᠠᠳᠤᠭᠠᠷ ᠭᠦᠪᠠᠭᠦᠨ ᠳᠣᠢ᠌ᠨ ᠯᠠᠮᠠ ᠯᠤᠦᠵᠡᠩᠴᠡᠷᠡᠴᠦᠮᠭᠡᠯ ᠤᠨ ᠳᠤᠬᠠᠢ ᠭᠡᠪᠠᠯ ᠄ ᠪᠣᠶᠠᠠᠴᠤᠭᠳᠤ ᠬᠠᠨ ᠤ《ᠭᠤᠷᠪᠠᠳᠤᠭᠠᠷ ᠭᠦᠪᠠᠭᠦᠨ ᠢᠨᠤ ᠳᠣᠢ᠌ᠨ ᠯᠠᠮᠠ ᠯᠤᠤᠵᠡᠩᠴᠡᠷᠡᠴᠦᠮᠭᠡᠯ 》ᠭᠡᠮᠡᠭ᠍ᠴᠢ ᠪᠣᠯ ᠪᠢᠯᠢᠭ᠌ ᠤᠨ ᠣᠯᠠᠷᠢᠯ ᠤᠨ 1890 ᠣᠨ ᠤ 12 ᠰᠠᠷ᠎ᠠ ᠶᠢᠨ 5 ᠤ ᠡᠳᠦᠷ ᠂ ᠨᠠᠢ᠌ᠳᠠ ᠶᠢᠨ ᠣᠨ ᠳᠤᠭᠠᠯᠠᠯ ᠤᠨ 1891 ᠣᠨ ᠤ 1 ᠰᠠᠷ᠎ᠠ ᠶᠢᠨ 14 ᠤ ᠡᠳᠦᠷ ᠳᠦᠷᠦᠭ᠍ᠰᠡᠨ ᠳᠠᠪᠣᠳᠤᠭᠠᠷ ᠳᠦᠷᠢ ᠵᠢᠨ ᠰᠢᠠᠴᠢᠨ ᠭᠡᠭᠡᠨ ᠂ ᠳᠠᠷᠤᠢ ᠳᠦᠪᠳᠤᠠᠴᠠᠷᠠᠠᠴᠦ᠋ᠮᠪᠣᠯ ᠪᠣᠯᠤᠨ᠎ᠠ᠃

ᠴᠢᠩ ᠣᠯᠤᠰ ᠤᠨ ᠳᠠᠩᠰᠠ ᠡᠪᠭᠡᠮᠡᠯ《ᠪᠠᠳᠠᠷᠠᠭᠤᠯᠳᠤ ᠲᠦᠷᠦ ᠶᠢᠨ ᠣᠯᠠᠭᠠᠨ ᠶᠢᠡᠷ ᠴᠤᠬᠤᠭᠰᠠᠨ ᠪᠣᠳᠤᠷᠤᠤᠯ ᠪᠢᠴᠢᠭ᠌ ᠤᠨ ᠳᠤᠪᠭᠢᠮᠠᠯ 》 ᠳᠤ ᠄ ᠪᠠᠳᠠᠷᠠᠭᠤᠯᠳᠤ ᠲᠦᠷᠦ ᠶᠢᠨ ᠠᠷᠪᠠᠨ ᠭᠤᠷᠪᠠᠳᠤᠭᠠᠷ ᠣᠨ (1887 ᠣᠨ ) ᠤ ᠶ‍ᠢᠰᠦᠳᠦᠭᠡᠷ ᠰᠠᠷ᠎ᠠ ᠶᠢᠨ ᠰᠢᠨ᠎ᠠ ᠶᠢᠨ ᠨᠢᠭᠡᠨ ᠡᠳᠦᠷ ᠂ ᠢᠯᠢ ᠶᠢᠨ ᠣᠷᠤᠯᠠᠭᠴᠢ ᠵᠠᠩᠵᠤᠨ ᠱᠢᠯᠤᠨ ᠤ ᠠᠢ᠌ᠯᠠᠤᠠᠬᠠᠭᠰᠠᠨ ᠡᠪᠭᠡᠮᠡᠯ ᠪᠣᠯᠤᠨ 1888 ᠣᠨ ᠤ 7 ᠰᠠᠷ᠎ᠠ ᠶᠢᠨ 11 ᠤ ᠡᠳᠦᠷ 《 ᠵᠧᠨ ᠳ᠋ᠢ ᠳ᠋ᠤᠤ ( ᠦᠷᠦᠮᠴᠢ ᠪᠠᠷᠭᠦ᠋ᠯ ᠤᠨ ᠳ᠋ᠤᠤᠯᠢ ᠶᠠᠮᠤᠨ ) ᠡᠴᠡ ᠪᠣᠶᠠᠠᠴᠤᠭᠳᠤ ᠵᠤᠤ ᠳᠤ ᠣᠤᠠᠴᠤ ᠮᠥᠷᠭᠦᠯ ᠭᠢᠭᠦ ᠶᠢ ᠡᠷᠡᠮᠰᠢᠭ᠍ᠰᠡᠨ ᠣᠴᠢᠷ ᠶᠢᠡᠷ ᠳᠤᠷᠮᠠᠨ ᠤ ᠳᠢᠩᠭᠢᠮ ᠳᠤ ᠦᠭ‍ᠭᠦᠭ᠍ᠰᠡᠨ ᠪᠢᠴᠢᠭ᠌ ( ᠵᠠᠭᠢᠳᠠᠯ )》 ᠡᠴᠡ ᠮᠠᠳᠠᠵᠤ ᠪᠣᠯᠬᠤ ᠨᠢ ᠂ 1887 ᠣᠨ ᠳᠤ ᠪᠣᠶᠠᠠᠴᠤᠭᠳᠤ ᠬᠠᠨ ᠢᠯᠢ ᠶᠢᠨ ᠵᠠᠩᠵᠤᠨ ᠳᠤ ᠡᠷᠭᠦᠳᠡᠯ ᠪᠢᠴᠢᠭ᠌ ᠪᠠᠷᠢᠵᠤ ᠵᠤᠤ ᠳᠤ ᠣᠴᠢᠵᠤ ᠮᠥᠷᠭᠦᠯ ᠭᠢᠭᠦ ᠪᠠᠷ ᠬᠤᠶᠠᠷ ᠵᠢᠯ ᠤᠨ ᠴᠢᠯᠦᠭᠡ ᠭᠤᠶᠤᠴᠢᠯᠠᠵᠤ᠂ 1888 ᠣᠨ ᠤ 8 ᠰᠠᠷ᠎ᠠ ᠳᠤ ᠬᠠᠳᠤᠨ ᠰᠸᠷᠳᠢᠪᠢᠯᠭᠠᠳᠠᠨ ᠪᠣᠯᠤᠨ ᠵᠠᠭᠤᠨ ᠭᠤᠷᠪᠠᠨ ᠳᠠᠭᠠᠭᠰᠠᠤᠨ ᠶᠢᠡᠨ ᠳᠠᠭᠠᠭᠤᠯᠤᠨ ᠲᠦᠪᠡᠳ ᠲᠤ ᠣᠴᠢᠬᠤ ᠪᠣᠯᠵᠠᠢ᠃ ᠳᠤᠷᠭᠤᠳ ᠮᠤᠩᠭ᠋ᠤᠯᠴᠤᠳ ᠵᠤᠤ ᠳᠤ ᠣᠴᠢᠵᠤ ᠢᠷᠡᠭᠦ ᠳᠡᠭᠡᠨ ᠶᠠᠷᠤᠨᠢ ᠪᠠᠷᠤᠭ ᠬᠤᠶᠠᠷ ᠵᠢᠯ ᠤᠨ ᠴᠠᠭ ᠬᠤᠭᠤᠴᠠᠭ᠎ᠠ ᠭᠡᠷᠡᠭ᠍ᠰᠡᠳᠡᠭ᠌ ᠪᠠᠢ᠌ᠵᠠᠢ᠃ ᠳᠠᠳᠠᠨᠤᠰ ᠤᠨ ᠪᠣᠴᠠᠵᠤ ᠢᠷᠡᠭ᠍ᠰᠡᠨ ᠴᠠᠭ ᠨᠢ1890 ᠣᠨ ᠪᠠᠢ᠌ᠬᠤ ᠶᠤᠰᠤᠳᠠᠢ᠃ ᠪᠠᠳᠠᠷᠠᠭᠤᠯᠳᠤ ᠲᠦᠷᠦ ᠶᠢᠨ ᠠᠷᠪᠠᠨ ᠵᠢᠷᠭᠤᠳᠤᠭᠠᠷ ᠣᠨ ᠤ ᠠᠷᠪᠠᠨ ᠰᠠᠷ᠎ᠠ ᠶᠢᠨ ᠠᠷᠪᠠᠨ ᠳᠦᠷᠪᠡᠨ ᠤ ᠡᠳᠦᠷ (1890 ᠣᠨ ᠤ11 ᠰᠠᠷ᠎ᠠ ᠶᠢᠨ 25 ᠤ ᠡᠳᠦᠷ ) ᠢᠯᠢ ᠶᠢᠨ ᠣᠷᠤᠯᠠᠭᠴᠢ ᠵᠠᠩᠵᠤᠨ ᠂ ᠢᠯᠢ ᠶᠢᠨ ᠮᠠᠢ᠌ᠷᠠᠨ ᠤ ᠵᠠᠩᠭᠢ ᠹᠤᠷᠠᠮᠢᠩᠭ᠋᠎ᠠ ᠶᠢᠨ ᠠᠢ᠌ᠯᠠᠤᠠᠬᠠᠯ ᠤᠨ ᠪᠢᠴᠢᠭ᠌ ᠡᠴᠡ ᠮᠠᠳᠠᠵᠤ ᠪᠣᠯᠬᠤ ᠡᠴᠡ ᠭᠠᠳᠠᠨ᠎ᠠ ᠂ 《ᠳᠤᠰ ᠬᠠᠳᠤᠨ ᠴᠢᠭᠤᠯᠭᠠᠨ ᠤ ᠨᠡᠭᠦᠳᠡᠯ ᠮᠠᠯᠵᠢᠯ ᠤᠨ ᠭᠡᠷᠡᠭ᠌ ᠢ ᠪᠦᠷ ᠵᠣᠢ᠌ᠳᠠᠢ ᠰᠠᠢ᠌ᠬᠠᠨ ᠭᠢᠵᠤ ᠣᠷᠭᠢᠭᠠᠤᠨ ᠂ ᠳᠠᠪᠣᠳᠤᠭᠠᠷ ᠰᠠᠷ᠎ᠠ ᠳᠤ ᠰᠢᠨᠢᠩ ᠤᠨ ᠬᠠᠷᠢᠶᠠᠳᠤ ᠠᠠᠳᠤᠤ ᠳᠤ ᠣᠴᠢᠵᠤ ᠮᠥᠷᠭᠦᠯ ᠭᠢᠭᠦ ᠶᠢ ᠭᠤᠶᠤᠴᠢᠯᠠᠭᠰᠠᠨ ᠳᠤ ᠂ ᠪᠣᠭᠤᠯ ᠪᠢ ᠳᠡᠭᠦᠨ ᠳᠤ ᠵᠠᠮ ᠤᠨ ᠳᠡᠮᠳᠡᠭ᠌ ᠣᠯᠭᠤᠵᠤ ᠂ ᠮᠤᠩᠭ᠋ᠤᠯ ᠵᠤᠷᠭᠠᠨ ᠳᠤ ᠮᠡᠳᠡᠭᠦᠯᠤᠨ ᠳᠠᠩᠰᠠ ᠳᠤ ᠳᠡᠮᠳᠡᠭᠯᠡᠭᠦᠯᠪᠡ ᠃ ᠡᠨᠡ ᠬᠠᠨ ᠡᠪᠠᠦᠡᠴᠢᠨ ᠲᠡᠶ ᠂ ᠳᠤᠰᠢᠶᠠᠯ ᠶᠢᠡᠨ ᠭᠦᠢᠴᠡᠦᠡᠭᠡᠵᠤ ᠴᠢᠳᠠᠬᠤ ᠦᠭᠡᠶ ᠣᠴᠢᠷ᠂ ᠳᠤᠰᠢᠶᠠᠯᠳᠠᠨ ᠳᠤᠮᠢᠯᠠᠨ ᠨᠡᠭᠦᠳᠡᠯ ᠮᠠᠯᠵᠢᠯ ᠤᠨ ᠭᠡᠷᠡᠭ᠌ ᠢ ᠳᠦᠷ ᠣᠷᠤᠯᠠᠨ ᠭᠢᠯᠭᠡᠵᠤ ᠂ ᠠᠯᠪᠠᠳᠤ ᠶᠢ ᠨᠢ ᠵᠠᠭᠢᠷᠠᠭᠤᠯᠪᠠ ᠃ ᠨᠠᠰᠤ ᠨᠥᠭ᠍ᠴᠢᠭ᠍ᠰᠡᠨ ᠬᠠᠨ ᠤ ᠬᠤᠶᠠᠷ ᠭᠦᠪᠠᠭᠦᠨ ᠨᠢ ᠣᠳᠤ ᠬᠠᠷᠬᠠᠨ ᠨᠠᠰᠤ ᠪᠠᠭ᠎ᠠ ᠂ ᠠᠯᠪᠠᠨ ᠳᠤᠰᠢᠶᠠᠯ ᠢ ᠡᠭᠦᠷᠭᠡᠯᠡᠵᠤ ᠴᠢᠳᠠᠬᠤ ᠦᠭᠡᠶ᠂ ᠡᠭᠡ ᠨᠢ ᠡᠩᠭᠡᠪᠠᠳᠤ ᠬᠠᠳᠤᠨ ᠠᠠᠳᠤᠤ ᠳᠤ ᠣᠴᠢᠵᠤ ᠮᠥᠷᠭᠦᠯ ᠭᠢᠭᠦ ᠪᠠᠷ ᠶᠠᠪᠣᠵᠠᠢ᠃ ᠳᠠᠢ᠌ᠮᠤ ᠡᠴᠡ᠂ ᠨᠠᠰᠤ ᠨᠥᠭ᠍ᠴᠢᠭ᠍ᠰᠡᠨ ᠬᠠᠨ ᠤ ᠬᠠᠳᠤᠨ ᠰᠸᠷᠳᠢᠪᠢᠯᠭᠠᠳᠠᠨ ᠶᠢᠡᠷ ᠳᠦᠷ ᠴᠢᠭᠤᠯᠭᠠᠨ ᠳᠠᠷᠤᠭ᠎ᠠ ᠶᠢ ᠣᠷᠤᠯᠠᠭᠤᠯᠵᠤ᠂ ᠵᠠᠰᠠᠭ ᠤᠨ ᠳᠠᠮᠠᠭ᠎ᠠ ᠶᠢ ᠪᠠᠷᠢᠭᠤᠯᠬᠤ ᠪᠠᠷ ᠪᠣᠳᠤᠵᠤ ᠪᠣᠢ᠃ ᠁ ᠪᠣᠭᠤᠯ ᠪᠢ ᠰᠢᠨᠢᠩ ᠤᠨ ᠭᠡᠷᠡᠭ᠌ ᠡᠷᠭᠡᠯᠡᠭᠦ ᠰᠠᠢ᠌ᠳ ᠲᠤ ᠰᠢᠮᠳᠠᠨ ᠠᠯᠪᠠᠨ ᠪᠢᠴᠢᠭ᠌ ᠶᠠᠪᠣᠭᠤᠯᠵᠤ ᠂ ᠬᠠᠳᠤᠨ ᠢ ᠳᠦᠷᠭᠡᠨ ᠪᠣᠴᠠᠬᠤ ᠳᠤ ᠵᠠᠷᠯᠢᠭᠳᠠᠨ ᠂ ᠠᠢ᠌ᠮᠠᠭ ᠤᠨ ᠭᠡᠷᠡᠭ᠌ ᠢ ᠬᠠᠮᠢᠶᠠᠷᠴᠤ᠂ ᠨᠡᠭᠦᠳᠡᠯ ᠮᠠᠯᠵᠢᠯ ᠤᠨ ᠭᠡᠷᠡᠭ᠌ ᠢ ᠰᠠᠢ᠌ᠨ ᠭᠢᠭ᠍ᠳᠤᠨ ᠭᠡᠪᠡ᠃ ᠪᠠᠰᠠ ᠪᠠᠢ᠌ᠴᠠᠭᠠᠭᠰᠠᠨ ᠳᠤ᠂ ᠨᠠᠰᠤ ᠨᠥᠭ᠍ᠴᠢᠭ᠍ᠰᠡᠨ ᠬᠠᠨ ᠦᠨᠡᠷᠠᠨ ᠳᠦᠷᠦᠭ᠍ᠰᠡᠨ ᠬᠤᠶᠠᠷ ᠭᠦᠪᠠᠭᠦᠨ ᠲᠡᠶ ᠪᠠᠢ᠌ᠨ᠎ᠠ ᠂ ᠬᠤᠳᠠᠯ ᠪᠢᠰᠢ ᠃ ᠁ ᠪᠣᠶᠠᠠᠴᠤᠭᠳᠤ ᠶᠢᠨ ᠬᠠᠨ ᠭᠡᠷᠭᠡᠮ ᠪᠣᠯᠤᠨ ᠴᠢᠭᠤᠯᠭᠠᠨ ᠳᠠᠷᠤᠭ᠎ᠠ ᠶᠢᠨ ᠳᠤᠰᠢᠶᠠᠯ ᠢ ᠠᠬᠠᠮᠠᠤᠨ ᠭᠦᠪᠠᠭᠦᠨ ᠪᠤᠶᠡᠡᠮᠥ᠋ᠩᠭᠡ ᠵᠠᠯᠭᠠᠮᠵᠢᠯᠠᠨ᠎ᠠ ᠁ ᠪᠤᠶᠡᠡᠮᠥ᠋ᠩᠭᠡ ᠶᠢᠨ ᠨᠠᠰᠤ ᠨᠢ ᠭᠦᠢᠴᠡᠪᠠᠯ᠂ ᠬᠠᠳᠤᠨ ᠡᠩᠭᠡᠪᠠᠳᠤ ᠴᠢᠭᠤᠯᠭᠠᠨ ᠳᠠᠷᠤᠭ᠎ᠠ ᠪᠣᠯᠤᠨ ᠵᠠᠰᠠᠭ ᠤᠨ ᠳᠠᠮᠠᠭ᠎ᠠ ᠶᠢ ᠳᠤᠰᠢᠶᠠᠨ᠎ᠠ ᠁ ᠡᠨᠡ ᠣᠴᠢᠷ ᠢ ᠳᠤᠬᠠᠢ ᠶᠢᠨ ᠴᠠᠭ ᠲᠤ ᠨᠢ ᠳᠡᠭᠡᠳᠤ ᠵᠠᠭᠢᠷᠭ᠎ᠠ ᠳᠤ ᠮᠡᠳᠡᠭᠦᠯᠦᠨ᠎ᠡ ᠃ ᠭᠡᠷ ᠊ᠤᠨ ᠴᠠᠳᠢᠭ ᠲᠤ ᠳᠠᠩᠰᠠᠯᠠᠭᠤᠯᠤᠭᠰᠠᠨ ᠪᠠᠢ᠌ᠳᠠᠯ ᠢ ᠮᠤᠩᠭ᠋ᠤᠯ ᠵᠤᠷᠭᠠᠨ ᠳᠤ ᠮᠡᠳᠡᠭᠦᠯᠵᠤ ᠪᠠᠢ᠌ᠴᠠᠭᠠᠨ ᠰᠢᠯᠭᠠᠬᠤ ᠡᠴᠡ ᠭᠠᠳᠠᠨ᠎ᠠ ᠂ ᠳᠤᠷᠭᠤᠳ ᠬᠠᠨ ᠡᠪᠠᠦᠡᠴᠢᠨ ᠲᠡᠶ ᠪᠣᠯᠵᠤ ᠵᠢᠰᠢᠶᠠᠨ ᠳᠤ ᠣᠴᠢᠵᠤ ᠴᠢᠳᠠᠬᠤ ᠦᠭᠡᠶ ᠪᠣᠯᠤᠭᠰᠠᠨ ᠳᠤ ᠣᠷᠤᠯᠭᠤᠯᠬᠤ ᠪᠠᠷ ᠪᠣᠳᠤᠵᠤ ᠪᠠᠢ᠌ᠬᠤ ᠭᠦᠮᠤᠨ ᠪᠣᠯᠤᠨ ᠬᠠᠨ ᠭᠡᠷᠭᠡᠮ ᠢ ᠵᠠᠯᠭᠠᠮᠵᠢᠯᠠᠬᠤ ᠂ ᠴᠢᠭᠤᠯᠭᠠᠨ ᠳᠠᠷᠤᠭ᠎ᠠ ᠳᠤ ᠳᠤᠮᠢᠯᠠᠭᠰᠠᠨ ᠣᠴᠢᠷ ᠢ ᠵᠦᠢ ᠶᠤᠰᠤᠭᠠᠷ ᠨᠢ ᠮᠥᠭᠦᠢ᠌ᠨ ᠶᠤᠰᠤᠯᠠᠵᠤ ᠠᠢ᠌ᠯᠠᠤᠠᠬᠠᠪᠠ ᠂ ᠪᠣᠭᠳᠠ ᠬᠠᠭᠠᠨ ( ᠡᠵᠡᠨ) ᠭᠡᠭᠡᠨ ᠳᠤ ᠪᠠᠨ ᠳᠤᠯᠢᠳᠠᠨ ᠵᠠᠷᠯᠢᠭᠳᠠᠨ ᠵᠢᠭᠠᠪᠣᠷᠢᠯᠠᠬᠤ ᠢ ᠮᠡᠭᠦᠢ᠌ᠨ ᠭᠦᠯᠢᠶᠡᠵᠤ ᠪᠣᠢ᠃ ᠭᠡᠴᠢᠶᠡᠩᠭᠦᠢ᠌ᠯᠡᠨ ᠠᠢ᠌ᠯᠠᠤᠠᠬᠠᠪᠠᠢ》᠃ ᠣᠯᠠᠭᠠᠨ ᠴᠤᠬᠤᠯᠳᠠ᠄ 《ᠭᠤᠶᠤᠴᠢᠯᠠᠯ ᠢ ᠦᠵᠡᠪᠠ᠂ ᠡᠨᠡ ᠶᠠᠮᠤᠨ ᠮᠠᠳᠠᠪᠠ 》 (35) ᠭᠡᠵᠡᠢ᠃ ᠡᠭᠦᠨ ᠡᠴᠡ ᠦᠵᠡᠪᠠᠯ᠄ ᠨᠢᠭᠡ ᠳᠤ᠂ ᠬᠠᠨ ᠸᠠᠩ ᠨᠠᠰᠤ ᠨᠥᠭ᠍ᠴᠢᠭ᠍ᠰᠡᠨ ᠳᠤ᠂ ᠪᠣᠶᠠᠠᠴᠤᠭᠳᠤ ᠬᠠᠨ ᠤ ᠡᠭᠡ ᠡᠩᠭᠡᠪᠠᠳᠤ ᠬᠠᠳᠤᠨ ᠴᠢᠭᠤᠯᠭᠠᠨ ᠲᠠᠷᠤᠭ᠎ᠠ ᠪᠣᠯᠤᠨ ᠵᠠᠰᠠᠭ ᠤᠨ ᠳᠠᠮᠠᠭ᠎ᠠ ᠶᠢ ᠪᠠᠷᠢᠵᠤ ᠵᠠᠭᠢᠷᠬᠤ ᠶᠤᠰᠤᠳᠠᠢ ᠪᠠᠢ᠌ᠭᠰᠠᠨ ᠪᠣᠯᠪᠠᠴᠤ᠂ ᠡᠩᠭᠡᠪᠠᠳᠤ ᠬᠠᠳᠤᠨ ᠠᠠᠳᠤᠤ ᠳᠤ ᠣᠴᠢᠵᠤ ᠮᠥᠷᠭᠦᠯ ᠭᠢᠭᠦ ᠪᠠᠷ ᠶᠠᠪᠣᠭᠰᠠᠨ ᠪᠠᠢ᠌ᠪᠠ᠃ ᠡᠢ᠌ᠮᠤ ᠡᠴᠡ ᠂ ᠨᠠᠰᠤ ᠨᠥᠭ᠍ᠴᠢᠭ᠍ᠰᠡᠨ ᠬᠠᠨ ᠤ ᠬᠠᠳᠤᠨ ᠰᠸᠷᠳᠢᠪᠢᠯᠭᠠᠳᠠᠨ ᠴᠢᠭᠤᠯᠭᠠᠨ ᠳᠠᠷᠤᠭ᠎ᠠ ᠪᠣᠯᠤᠨ ᠵᠠᠰᠠᠭ ᠤᠨ ᠳᠠᠮᠠᠭ᠎ᠠ ᠶᠢ ᠳᠦᠷ ᠪᠠᠷᠢᠭᠰᠠᠨ ᠪᠦᠭᠡᠤᠨ ᠪᠠᠰᠡ ᠰᠢᠨᠢᠩ ᠳᠤ ᠪᠢᠴᠢᠭ᠌ ᠶᠠᠪᠣᠭᠤᠯᠤᠨ ᠬᠠᠳᠤᠨ ᠡᠩᠭᠡᠪᠠᠳᠤ ᠳᠦᠷᠭᠡᠨ ᠪᠣᠴᠠᠵᠤ ᠢᠷᠡᠭᠡᠤᠨ ᠴᠢᠭᠤᠯᠭᠠᠨ ᠤ ᠠᠯᠪᠠᠨ ᠭᠡᠷᠡᠭ᠌ ᠢ ᠬᠠᠮᠢᠶᠠᠷᠠᠳᠤᠭᠠᠢ ᠭᠡᠵᠤ ᠱᠠᠭᠠᠷᠳᠠᠵᠠᠢ᠃ ᠬᠤᠶᠠᠷ ᠲᠤ᠂ ᠬᠠᠨ ᠸᠠᠩ ᠨᠠᠰᠤ ᠨᠥᠭ᠍ᠴᠢᠭᠦ ᠦᠶ᠎ᠡ ᠳᠤ ᠡᠭᠡ ᠨᠢ ᠬᠠᠵᠠᠭᠤ ᠳᠤ ᠨᠢ ᠦᠭᠡᠶ ᠪᠠᠢ᠌ᠪᠠ᠃ ᠭᠤᠷᠪᠠ ᠳᠤ᠂ ᠬᠠᠨ ᠸᠠᠩ ᠪᠣᠶᠠᠠᠴᠤᠭᠳᠤ ᠶᠢᠨ ᠬᠠᠳᠤᠨ ᠰᠸᠷᠳᠢᠪᠢᠯᠭᠠᠳᠠᠨ ᠪᠣᠯᠤᠨ ᠬᠤᠰᠢᠭᠤ ᠶᠢ ᠵᠠᠭᠢᠷᠬᠤ ᠵᠠᠩᠭᠢ ᠶᠢᠨ ᠠᠢ᠌ᠯᠠᠤᠠᠬᠠᠭᠰᠠᠨ ᠡᠴᠡ ᠦᠵᠡᠪᠠᠯ᠂ ᠡᠨᠡᠭᠦ ᠠᠢ᠌ᠯᠠᠤᠠᠬᠠᠯ ᠪᠢᠴᠢᠭ᠌ ᠢ ᠬᠠᠳᠤᠨ ᠭᠠᠭᠴᠠ ᠪᠠᠷ ᠪᠢᠴᠢᠭ᠍ᠰᠡᠨ ᠪᠢᠰᠢ᠂ ᠬᠠᠷᠢᠨ ᠬᠠᠳᠤᠨ ᠪᠣᠯᠤᠨ ᠬᠤᠰᠢᠭᠤ ᠶᠢ ᠵᠠᠭᠢᠷᠬᠤ ᠵᠠᠩᠭᠢ ᠬᠠᠮᠳᠤ ᠪᠠᠷ ᠠᠢ᠌ᠯᠠᠤᠠᠬᠠᠨ ᠮᠡᠳᠡᠭᠦᠯᠦᠭ᠍ᠰᠡᠨ ᠪᠠᠢ᠌ᠨ᠎ᠠ᠃ ᠪᠣᠶᠠᠠᠴᠤᠭᠳᠤ ᠬᠠᠨ ᠠᠮᠢᠳᠤ ᠰᠡᠷᠡᠭᠦᠨ ᠪᠠᠢ᠌ᠬᠤ ᠳᠠᠭᠠᠨ ᠬᠠᠵᠠᠭᠤ ᠳ᠋ᠠᠭᠢ ᠠᠵᠢᠯᠳᠠᠨ ᠳᠠᠭᠠᠨ ᠵᠠᠭᠢᠵᠤ ᠠᠢ᠌ᠯᠠᠳᠬᠠᠨ ᠮᠡᠳᠡᠭᠦᠯᠦᠭ᠍ᠰᠡᠨ ᠴᠤ ᠮᠠᠭᠠᠤᠨ ᠶᠤᠮ᠃ ᠳᠦᠷᠪᠡ ᠳᠤ᠂ ᠬᠠᠨ ᠸᠠᠩ ᠨᠠᠰᠤ ᠨᠥᠭ᠍ᠴᠢᠭᠦ ᠡᠴᠡ  ᠤᠷᠢᠳ  ᠳᠦᠷᠦᠭ᠍ᠰᠡᠨ ᠬᠤᠶᠠᠷ ᠭᠦᠪᠠᠭᠦᠨ ᠲᠡᠶ ᠪᠠᠢ᠌ᠭᠰᠠᠨ ᠨᠢ ᠦᠨᠡᠨ ᠪᠦᠭᠡᠤᠨ ᠡᠨᠡ ᠨᠢ ᠬᠤᠳᠠᠯ ᠬᠠᠭᠤᠷᠮᠠᠭ ᠪᠢᠰᠢ ᠭᠡᠳᠡᠭ᠌ ᠢ ᠪᠠᠢ᠌ᠴᠠᠭᠠᠨ ᠳᠤᠳᠤᠷᠬᠠᠢ᠌ᠯᠠᠭᠰᠠᠨ ᠪᠠᠢ᠌ᠨ᠎ᠠ᠃ ᠳᠠᠪᠣ ᠳᠤ᠂ ᠪᠤᠶᠡᠡᠮᠥ᠋ᠩᠭᠡ ᠶᠢᠨ ᠭᠡᠢ ᠨᠠᠰᠤ ᠨᠢ ᠠᠷᠪᠠᠨ ᠨᠠᠢᠮᠠ ᠭᠦᠷᠭᠦ ᠳᠤ᠂ ᠬᠠᠳᠤᠨ ᠡᠩᠭᠡᠪᠠᠳᠤ ᠴᠢᠭᠤᠯᠭᠠᠨ ᠳᠠᠷᠤᠭ᠎ᠠ ᠪᠣᠯᠤᠨ ᠵᠠᠰᠠᠭ ᠤᠨ ᠳᠠᠮᠠᠭ᠎ᠠ ᠶᠢ ᠳᠡᠭᠦᠨ ᠳᠤ ᠳᠤᠰᠢᠶᠠᠨ ᠥᠭ᠍ᠴᠤ᠂ ᠬᠤᠯᠪᠣᠭᠳᠠᠯ ᠪᠦᠭᠦᠢ ᠭᠠᠷ ᠭᠦᠢᠴᠡᠦᠡᠭᠡᠯ ᠢ ᠭᠢᠭᠦ ᠪᠠᠷ ᠪᠠᠢ᠌ᠨ᠎ᠠ᠃ ᠵᠢᠷᠭᠤᠭ᠎ᠠ ᠳᠤ ᠂ ᠳᠤᠰ ᠠᠢ᠌ᠯᠠᠤᠠᠬᠠᠯ ᠳᠤ ᠬᠠᠨ ᠸᠠᠩ ᠤᠨ ᠬᠤᠶᠠᠷ ᠭᠦᠪᠠᠭᠦᠨ ᠤ ᠭᠢᠨᠢ ᠨᠢᠭᠡᠨ ᠢ ᠨᠢ ᠭᠡᠭᠡᠨ ᠪᠣᠯᠭᠠᠨ ᠳᠤᠳᠤᠯᠠᠭᠰᠠᠨ ᠮᠡᠳᠡᠭᠡ ᠦᠭᠡᠶ ᠪᠠᠢ᠌ᠨ᠎ᠠ᠃ᠳᠤᠯᠤᠭ᠎ᠠ ᠳᠤ᠂ ᠬᠠᠳᠤᠨ ᠵᠢᠷᠮᠤᠰᠤᠯᠠᠵᠤ ᠭᠦᠩᠭᠡᠵᠢᠭᠦ ᠪᠠᠷ ᠪᠠᠢ᠌ᠬᠤ《ᠭᠤᠷᠪᠠᠳᠤᠭᠠᠷ ᠭᠦᠪᠠᠭᠦᠨ》 ᠤ ᠳᠤᠬᠠᠢ ᠣᠭᠳᠤ ᠳᠤᠷᠠᠳᠤᠭᠰᠠᠨ ᠦᠭᠡᠶ ᠪᠠᠢ᠌ᠨ᠎ᠠ ᠃

ᠡᠭᠦᠨ ᠡᠴᠡ ᠥᠵᠡᠭᠦ ᠳᠤ ᠂ ᠡᠨᠡᠭᠦ ᠠᠢ᠌ᠯᠠᠤᠠᠬᠠᠨ ᠮᠡᠳᠡᠭᠦᠯᠦᠭ᠍ᠰᠡᠨ ᠪᠢᠴᠢᠭ᠌ ᠲᠤ ᠰᠤᠨᠢᠨ ᠵᠢᠭ᠍ᠳᠡᠢ ᠵᠣᠢ᠌ᠯ ᠪᠣᠢ᠄ ᠪᠠᠢ᠌ᠴᠠᠭᠠᠨ ᠳᠤᠳᠤᠷᠬᠠᠢ᠌ᠯᠠᠭᠰᠠᠨ ᠶᠢᠡᠷ ᠪᠣᠯ ᠨᠠᠰᠤ ᠨᠥᠭ᠍ᠴᠢᠭ᠍ᠰᠡᠨ ᠬᠠᠨ ᠸᠠᠩ ᠳᠤ ᠳᠦᠷᠦᠭ᠍ᠰᠡᠨ ᠬᠤᠶᠠᠷ ᠭᠦᠪᠠᠭᠦᠨ (1885 ᠣᠨ ᠪᠠ 1887 ᠣᠨ ᠳᠤ ᠳᠦᠷᠦᠭ᠍ᠰᠡᠨ ) ᠪᠠᠢ᠌ᠬᠤ ᠨᠢ ᠦᠨᠡᠨ ᠂ ᠬᠤᠳᠠᠯ ᠬᠠᠭᠤᠷᠠᠮᠠᠭ ᠪᠣᠰᠤ ᠭᠡᠵᠤ ᠭᠡᠯᠡᠭ᠍ᠰᠡᠨ ᠪᠣᠢ᠃ ᠳᠡᠭᠡᠪᠠᠯ ᠂ 1890 ᠣᠨ ᠤ 12 ᠰᠠᠷ᠎ᠠ ᠳᠤ ᠳᠦᠷᠦᠭ᠍ᠰᠡᠨ 《ᠭᠤᠷᠪᠠᠳᠤᠭᠠᠷ ᠭᠦᠪᠠᠭᠦᠨ》 ᠭᠡᠮᠡᠭ᠍ᠴᠢ ᠨᠢ ᠶᠠᠭᠠᠭᠢᠪᠠ ︖ ᠬᠠᠨ ᠸᠠᠩ 1890 ᠣᠨ ᠤ 11 ᠰᠠᠷ᠎ᠠ ᠶᠢᠨ 6 ᠤ ᠡᠳᠦᠷ ᠨᠠᠰᠤ ᠨᠥᠭ᠍ᠴᠢᠭᠦ ᠡᠴᠡ ᠪᠠᠨ ᠡᠮᠦᠨ᠎ᠡ᠂ ᠬᠠᠳᠤᠨ ᠨᠢ ᠪᠠᠶ᠎ᠠ ᠳᠠᠪᠬᠤᠷ ᠭᠦᠩᠭᠡᠵᠢᠭᠦ ᠪᠠᠷ ᠪᠠᠢ᠌ᠬᠤ ᠪᠠᠢ᠌ᠳᠠᠯ ᠢ ᠮᠡᠳᠡᠭᠦ ᠶᠤᠰᠤᠳᠠᠢ ᠶᠤᠮ᠃ ᠭᠡᠷᠪᠡ ᠬᠠᠨ ᠸᠠᠩ ᠤᠨ《ᠳᠦᠯᠦᠭᠡᠰᠤᠨ ᠭᠡᠦᠭᠡᠤᠨ》 ᠪᠠᠢ᠌ᠭᠰᠠᠨ ᠪᠣᠯ ᠂ ᠳᠤᠰ ᠪᠢᠴᠢᠭ᠌ ᠲᠤ ᠳᠤᠷᠠᠳᠤᠭᠳᠠᠬᠤ ᠶᠤᠰᠤᠳᠠᠢ᠃ ᠭᠡᠳᠡᠯ᠎ᠡ ᠂ ᠡᠭᠦᠨ ᠳᠤ ᠪᠦᠷ ᠳᠤᠷᠠᠳᠤᠭᠰᠠᠨ ᠦᠭᠡᠶ ᠪᠠᠷ ᠪᠠᠷᠠᠬᠤ ᠦᠭᠡᠶ᠂ ᠨᠠᠰᠤ ᠨᠥᠭ᠍ᠴᠢᠭ᠍ᠰᠡᠨ ᠬᠠᠨ ᠸᠠᠩ ᠤᠨ ᠬᠤᠶᠠᠷ ᠭᠦᠪᠠᠭᠦᠨ ᠨᠢ ᠵᠢᠩᠭᠢᠨᠢ (ᠦᠨᠡᠷᠠᠨ ) 《 ᠳᠦᠷᠦᠭ᠍ᠰᠡᠨ ᠭᠦᠪᠠᠭᠦᠨ ᠨᠢ ᠶᠤᠮ ᠂ ᠣᠭᠳᠤ ᠬᠤᠳᠠᠯ ᠬᠠᠭᠤᠷᠠᠮᠠᠭ ᠪᠢᠰᠢ》 ᠭᠡᠵᠤ ᠴᠢᠬᠤᠯᠴᠢᠯᠠᠭᠰᠠᠨ ᠨᠢ ᠶᠠᠮᠠᠷ ᠣᠴᠢᠷ ᠪᠣᠢ ︖ ᠡᠨᠡ ᠨᠢ ᠶᠠᠭᠤ ᠶᠢ ᠬᠠᠷᠠᠭᠤᠯᠵᠤ ᠪᠠᠢ᠌ᠨ᠎ᠠ ︖ ᠰᠡᠵᠢᠭᠯᠡᠯ ᠲᠡᠶ ᠭᠡᠷᠡᠭ᠌ ᠪᠢᠰᠢ ᠦᠦ ︖ ᠨᠢᠭᠤᠬᠤ ᠭᠡᠤᠨ ᠨᠢᠭᠤᠴᠠ ᠪᠠᠨ ᠭᠡᠯᠡᠭ᠍ᠰᠡᠨ ᠭᠡᠷᠡᠭ᠌ ᠪᠢᠰᠢ ᠭᠡᠵᠤ ᠦᠦ ︖ ᠳᠤᠬᠠᠢ ᠶᠢᠨ ᠦᠶ᠎ᠡ ᠳᠤ ᠬᠠᠨ ᠸᠠᠩ ᠤᠨ ᠭᠦᠪᠠᠭᠦᠤᠨ ᠤᠨ ᠳᠤᠬᠠᠢ ᠨᠢᠭᠡᠡᠳᠡ ᠥᠭᠡ ᠭᠠᠷᠴᠤ ᠪᠠᠢ᠌ᠭᠰᠠᠨ ᠢ ᠮᠡᠳᠡᠭᠦᠯᠵᠤ ᠪᠠᠢ᠌ᠨ᠎ᠠ᠃ ᠡᠨᠡᠭᠦ《ᠭᠤᠷᠪᠠᠳᠤᠭᠠᠷ ᠭᠦᠪᠠᠭᠦᠨ》 ᠭᠡᠮᠡᠭ᠍ᠴᠢ ᠨᠢ ᠳᠡᠭᠦᠨ ᠤ《 ᠳᠦᠯᠦᠭᠡᠰᠤᠨ ᠭᠡᠦᠭᠡᠤᠨ》 ᠭᠡᠭᠦ ᠶᠢ ᠬᠠᠨ ᠸᠠᠩ ᠣᠭᠳᠤ ᠵᠥᠪᠰᠢᠶᠡᠷᠡᠭᠦ ᠦᠭᠡᠶ ᠪᠠᠢ᠌ᠬᠤ ᠨᠢ ᠢᠯᠡᠷᠭᠡᠢ ᠶᠤᠮ᠃ ᠡᠰᠡᠭᠦᠯ᠎ᠡ᠂ ᠶᠠᠭᠤ ᠭᠡᠵᠤ ᠢᠩᠭᠢᠵᠤ ᠳᠤᠳᠤᠷᠬᠠᠢ᠌ᠯᠠᠨ ᠭᠡᠯᠡᠭᠦ ᠪᠢᠯᠠ ︖ ᠦᠨᠡᠨ ᠳᠡᠭᠡᠨ ᠡᠨᠡ ᠨᠢ ᠡᠡᠭ᠌ ᠤᠨ ᠳᠤᠳᠤᠷᠬᠠᠢ᠌ᠯᠠᠯᠳᠠ ᠪᠢᠰᠢ᠂ ᠬᠠᠷᠢᠨ ᠣᠠᠴᠠᠭᠠᠢ᠌ᠯᠠᠨ ᠳᠤᠳᠤᠷᠬᠠᠢ᠌ᠯᠠᠨ ᠮᠡᠳᠡᠭ᠍ᠳᠡᠵᠤ ᠪᠠᠢ᠌ᠬᠤ ᠭᠡᠷᠡᠭ᠌ ᠪᠣᠯᠤᠨ᠎ᠠ᠃ ᠡᠨᠡ ᠣᠳᠠᠭ᠎ᠠ ᠲᠦᠪᠡᠳ ᠲᠤ ᠮᠥᠷᠭᠦᠯ ᠭᠢᠭᠦ ᠳᠤ ᠪᠠᠨ ᠬᠠᠨ ᠬᠠᠳᠤᠨ ᠬᠤᠶᠠᠷᠬᠠᠨ ᠣᠴᠢᠭᠰᠠᠨ ᠪᠢᠰᠢ᠂ ᠬᠠᠷᠢᠨ ᠡᠳᠡᠨ ᠡᠴᠡ ᠭᠠᠳᠠᠨ᠎ᠠ《ᠵᠠᠭᠤᠨ ᠭᠤᠷᠪᠠᠨ ᠭᠦᠮᠤᠨ》 ᠶᠢᠡᠷ ᠪᠦᠷᠢᠯᠳᠦᠭ᠍ᠰᠡᠨ ᠨᠠᠯᠢᠶᠠᠤᠨ ᠶᠡᠭᠡ ᠡᠩᠨᠡᠭᠡ ᠪᠠᠢ᠌ᠭᠰᠠᠨ ᠶᠤᠮ᠃ ᠳᠠᠳᠠᠨ ᠤ ᠳᠤᠳᠤᠷ᠎ᠠ ᠶᠠᠷᠤ ᠪᠣᠰᠤ ᠶᠢᠨ ᠬᠠᠵᠠᠭᠤ ᠡᠴᠡ ᠬᠠᠷᠠᠭᠰᠠᠤᠨ ᠪᠠᠢ᠌ᠬᠤ ᠨᠢ ᠢᠯᠡᠷᠭᠡᠢ ᠶᠤᠮ᠃ ᠳᠡᠭᠡᠪᠠᠯ ᠂ ᠬᠠᠨ ᠸᠠᠩ ᠬᠠᠳᠤᠨ ᠵᠢᠴᠢ 103 ᠭᠦᠮᠤᠨ ᠲᠦᠪᠡᠳ ᠲᠤ ᠣᠴᠢᠭᠰᠠᠨ ᠡᠴᠡ ᠬᠣᠢ᠌ᠰᠢ ᠶᠠᠮᠠᠷ ᠭᠡᠷᠡᠭ᠌ ᠡᠭᠦᠰᠦᠭ᠍ᠰᠡᠨ ᠪᠣᠯᠪᠠ ︖ ᠬᠠᠨ ᠸᠠᠩ ᠪᠣᠯᠤᠨ ᠬᠠᠳᠤᠨ ᠤ ᠬᠤᠭᠤᠷᠤᠠᠳᠤ ᠪᠠᠰᠠ ᠶᠠᠮᠠᠷ ᠭᠡᠷᠡᠭ᠌ ᠡᠭᠦᠰᠦᠭ᠍ᠰᠡᠨ ᠪᠣᠯᠪᠠ ︖ ᠠᠷᠠᠢ᠌ᠬᠠᠨ ᠬᠤᠷᠢᠨ ᠳᠠᠪᠤᠨ ᠨᠠᠰᠤᠳᠠᠢ ᠵᠠᠯᠠᠭᠤᠬᠠᠨ ᠬᠠᠨ ᠸᠠᠩ ᠲᠦᠪᠡᠳ ᠡᠴᠡ ᠪᠣᠴᠠᠵᠤ ᠢᠷᠡᠭᠡᠤᠨ ᠭᠡᠳᠡᠰᠤ ᠨᠢ ᠭᠦᠳᠡᠯᠦᠭᠡᠤᠨ ᠵᠤᠭᠰᠤᠬᠤ ᠦᠭᠡᠶ ᠪᠠᠷ ᠨᠠᠰᠤ ᠨᠥᠭ᠍ᠴᠢᠭ᠍ᠰᠡᠨ ᠨᠢ ᠶᠠᠮᠠᠷ ᠣᠴᠢᠷ ᠪᠣᠢ ︖ ᠭᠦᠮᠦᠰ ᠰᠢᠠᠴᠢᠨ ᠭᠡᠭᠡᠨ ᠤ ᠴᠢᠰᠤᠨ ᠣᠳᠤᠮ ᠢ ᠰᠡᠵᠢᠭᠯᠡᠵᠤ᠂《ᠰᠢᠠᠴᠢᠨ ᠭᠡᠭᠡᠨ ᠪᠣᠯ ᠡᠭᠡ ᠨᠢ ᠵᠤᠤ ᠳᠤ ᠮᠥᠷᠭᠦᠯ ᠳᠤ ᠣᠴᠢᠭᠠᠤᠨ ᠭᠡᠳᠡᠰᠤᠨ ᠳᠡᠭᠡᠨ ᠣᠯᠵᠤ ᠢᠷᠡᠭ᠍ᠰᠡᠨ ᠪᠣᠳᠠᠴᠢ ᠭᠡᠦᠭᠡᠤᠨ》ᠭᠡᠵᠤ ᠭᠡᠯᠡᠯᠴᠡᠵᠤ ᠪᠠᠢ᠌ᠭᠰᠠᠨ ᠶᠤᠮ᠃ ᠰᠢᠠᠴᠢᠨ ᠭᠡᠭᠡᠨ ᠤ ᠡᠭᠡ ᠨᠢ ᠲᠦᠪᠡᠳ(ᠵᠤᠤ) ᠳᠤ ᠨᠢᠭᠡᠨ ᠬᠠᠨᠢᠯᠠᠭᠰᠠᠨ ᠭᠦᠮᠤᠨ ᠲᠡᠶ ᠪᠦᠭᠡᠤᠨ ᠳᠠᠷᠠ ᠨᠢ ᠰᠢᠠᠴᠢᠨ ᠭᠡᠭᠡᠨ ᠤ ᠳᠦᠷᠦᠭ᠍ᠰᠡᠨ ᠡᠴᠢᠭᠡ ᠪᠣᠯᠤᠨ᠎ᠠ᠃ ᠰᠢᠠᠴᠢᠨ ᠭᠡᠭᠡᠨ ᠢ ᠲᠦᠪᠡᠳ ᠤᠨ ᠭᠡᠭᠡᠨ ᠤ ᠬᠤᠪᠢᠯᠭᠠᠨ ᠶᠢᠡᠷ ᠳᠤᠳᠤᠯᠠᠭᠰᠠᠨ ᠶᠠᠪᠣᠳᠠᠯ ᠨᠢ ᠡᠨᠡᠭᠦ ᠬᠠᠨᠢᠯᠠᠭᠰᠠᠨ ᠭᠦᠮᠤᠨ ᠯᠦᠭᠡ ᠨᠢ ᠨᠢᠬᠳᠠ ᠬᠠᠷᠢᠴᠠᠭ᠎ᠠ ᠬᠤᠯᠪᠣᠭ᠎ᠠ ᠲᠡᠶ ᠶᠤᠮ᠃ ᠰᠢᠠᠴᠢᠨ ᠭᠡᠭᠡᠨ ᠤ ᠡᠭᠡ ᠨᠢ ᠳᠤᠬᠠᠢ ᠶᠢᠨ ᠦᠶ᠎ᠡ ᠳᠤ ᠵᠤᠤ ᠡᠴᠡ ᠭᠠᠷᠬᠤ ᠳᠠᠭᠠᠨ ᠳᠠᠭᠤᠯᠠᠭᠰᠠᠨ ᠨᠢᠭᠡ ᠡᠭᠢᠨ ᠳᠠᠭᠤᠤ ᠨᠢ ᠳᠠᠷᠤᠢ ᠵᠢᠩᠭᠢᠨᠢ ᠠᠮᠠᠷᠠᠭ ᠪᠣᠯᠬᠤ ᠳᠡᠷᠡᠭᠦ ᠬᠤᠸᠠᠷᠠᠭ ᠭᠦᠮᠤᠨ ᠡᠴᠡ ᠰᠠᠯᠵᠤ ᠶᠠᠳᠠᠭᠰᠠᠨ ᠰᠡᠦᠡᠭᠢᠯᠭᠡ ᠪᠠᠨ ᠢᠯᠡᠦᠡᠭᠡᠭ᠍ᠰᠡᠨ ᠢᠨᠠᠭ ᠠᠮᠠᠷᠠᠭ ᠤᠨ ᠳᠠᠭᠤᠤ ᠭᠡᠳᠡᠭ᠌᠃ ᠡᠨᠡ ᠳᠠᠭᠤᠤ ᠨᠢ ᠣᠳᠤ ᠪᠣᠯᠳᠠᠯ᠎ᠠ ᠠᠷᠠᠤᠨ ᠤᠨ ᠳᠤᠮᠳᠠ ᠣᠯᠠᠮᠵᠢᠯᠠᠭᠳᠠᠨ ᠳᠠᠭᠤᠯᠠᠭᠳᠠᠵᠤ ᠪᠣᠢ (36)᠃ ᠡᠨᠡ ᠪᠣᠯ ᠲᠦᠪᠡᠳ ᠤᠨ ᠱᠠᠰᠢᠨ ᠤ ᠳᠡᠭᠡᠳᠤ ᠳᠠᠪᠬᠤᠷᠭᠠᠨ ᠳ᠋ᠠᠭᠢ ᠵᠠᠷᠢᠮ ᠭᠦᠮᠤᠨ ᠤ ᠭᠠᠷᠭᠠᠭᠰᠠᠨ ᠨᠢᠭᠡᠨ ᠣᠪ ᠮᠡᠭᠡ ᠭᠡᠵᠤ ᠭᠦᠮᠦᠰ ᠪᠠᠰᠠ ᠴᠢᠬᠤᠯᠠᠴᠢᠯᠠᠵᠤ ᠪᠠᠢ᠌ᠭᠰᠠᠨ ᠶᠤᠮ᠃

ᠠᠷᠠᠤᠨ ᠤᠨ ᠳᠤᠳᠤᠷ᠎ᠠ ᠡᠢ᠌ᠮᠤ ᠨᠢᠭᠡ ᠳᠠᠮ ᠴᠢᠮᠡᠭᠡ ᠪᠣᠢ᠄ ᠰᠢᠠᠴᠢᠨ ᠭᠡᠭᠡᠨ ᠪᠣᠯ ᠡᠭᠡ ᠨᠢ ᠵᠤᠤ ᠳᠤ ᠮᠥᠷᠭᠦᠯ ᠳᠤ ᠣᠴᠢᠬᠤ ᠳᠠᠭᠠᠨ ᠣᠯᠵᠤ ᠢᠷᠡᠭ᠍ᠰᠡᠨ ᠪᠣᠳᠠᠴᠢ ᠭᠡᠦᠭᠡᠤᠨ ᠭᠡᠨ᠎ᠡ᠃ ᠳᠡᠭᠦᠨ ᠢ ᠳᠦᠷᠦᠭ᠍ᠰᠡᠨ ᠡᠴᠡ ᠬᠣᠢ᠌ᠰᠢ᠂ ᠢᠵᠠᠭᠤᠷᠳᠠᠤᠨ ᠭᠡᠦᠭᠡᠤᠨ ᠲᠡᠶ ᠪᠣᠯ ᠴᠢᠩ ᠣᠯᠤᠰ ᠤᠨ ᠵᠠᠰᠠᠭ ᠤᠨ ᠣᠷᠳᠤᠨ ᠳᠤ ᠳᠠᠩᠰᠠᠯᠠᠭᠤᠯᠤᠨ ᠳᠡᠮᠳᠡᠭᠯᠡᠭᠦᠯᠳᠡᠭ᠌ ᠵᠤᠷᠰᠢᠯ ᠶᠢᠡᠷ ᠪᠠᠭᠡᠵᠢᠩ ᠳᠤ ᠭᠦᠮᠤᠨ ᠳᠤᠮᠢᠯᠠᠨ ᠠᠢ᠌ᠯᠠᠤᠠᠬᠠᠭᠰᠠᠨ ᠳᠤ᠂ ᠼᠢ ᠱᠢ ᠳᠡᠢ᠌ᠭᠡᠤ ᠰᠤᠨᠤᠰᠬᠤᠯ᠎ᠠ ᠡᠴᠢᠭᠡ ᠬᠠᠨ ᠦᠭᠡᠶ ᠪᠣᠯᠬᠤ ᠳᠤ ᠬᠠᠳᠤᠨ ᠨᠢ ᠳᠦᠷᠦᠭ᠍ᠰᠡᠨ ᠭᠡᠦᠭᠡᠤᠨ ᠳᠤᠯᠠ ᠳᠡᠭᠦᠨ ᠳᠤ 《ᠳᠩᠷᠢ ᠬᠠᠢ᠌ᠷᠠᠯᠠᠪᠠᠢ》 ᠭᠡᠭᠦ ᠨᠠᠷ᠎ᠠ ᠥᠭ᠍ᠴᠤ᠂ ᠭᠡᠳᠤᠨ ᠵᠢᠯ ᠤᠨ ᠳᠠᠷᠠᠭ᠎ᠠ ᠬᠠᠳᠤᠨ ᠪᠠᠰᠠ ᠨᠢᠭᠡ ᠭᠦᠪᠠᠭᠦᠨ ᠲᠦᠷᠦᠵᠠᠢ᠃ ᠬᠠᠳᠤᠨ ᠪᠠᠰᠠ ᠭᠦᠮᠤᠨ ᠳᠤᠮᠢᠯᠠᠨ ᠪᠠᠭᠡᠵᠢᠩ ᠳᠤ ᠣᠴᠢᠭᠤᠯᠵᠤ ᠲᠦᠷᠦ ᠳᠤ ᠳᠠᠩᠰᠠᠯᠠᠭᠤᠯᠬᠤ ᠭᠡᠰᠡᠨ ᠳᠤ᠂ ᠼᠢ ᠱᠢ ᠳᠡᠢ᠌ᠭᠡᠤ ᠳᠤᠡᠭ᠌ ᠠᠭᠤᠷᠯᠠᠨ《 ᠨᠢᠭᠤᠷ ᠦᠭᠡᠶ ︕》 ᠭᠡᠵᠤ ᠬᠠᠰᠭᠢᠷᠴᠠᠢ᠃ ᠡᠭᠦᠨ ᠢ ᠵᠠᠷᠢᠮ ᠭᠦᠮᠤᠨ ᠬᠠᠷᠢᠨ《 不要脸 》 ᠭᠡᠳᠡᠭ᠌ ᠨᠠᠷ᠎ᠠ ᠬᠠᠢ᠌ᠷᠠᠯᠠᠪᠠᠢ ᠭᠡᠵᠤ ᠪᠣᠳᠤᠭᠰᠠᠨ ᠪᠠᠢ᠌ᠪᠠ᠃ ᠣᠯᠠᠮᠵᠢᠯᠠᠯ ᠶᠠᠷᠢᠶᠠᠨ ᠳᠤ ᠂ ᠰᠢᠠᠴᠢᠨ ᠭᠡᠭᠡᠨ ᠤ ᠳᠡᠭᠦᠤ ᠪᠤᠶᠡᠡᠭᠡᠷᠡᠯ ᠭᠡᠳᠡᠭ᠌ ᠨᠠᠷ᠎ᠠ ᠨᠢ ᠳᠠᠷᠤᠢ 《 不要脸 》 ᠭᠡᠳᠡᠭ᠌ ᠢ ᠠᠶᠠᠯᠭᠤ ᠣᠢ᠌ᠷᠠᠯᠴᠠᠭ᠎ᠠ ᠪᠣᠯᠭᠠᠨ ᠬᠠᠯᠭᠤᠤ ᠳᠠᠭᠤᠳᠠᠭᠰᠠᠨ ᠨᠠᠷ᠎ᠠ ᠭᠡᠨ᠎ᠡ᠃ ᠳᠠᠷᠠ ᠨᠠᠰᠤ ᠪᠠᠭ᠎ᠠ ᠳᠤ ᠪᠠᠨ ᠦᠭᠡᠶ ᠪᠣᠯᠵᠠᠢ᠃ ᠡᠢ᠌ᠮᠤ ᠡᠴᠡ 《ᠢᠯᠡᠦᠡᠭᠡᠯ ᠪᠢᠴᠢᠭ᠌》 ᠲᠤ ᠄ 《ᠳᠦᠷᠪᠠᠳᠦᠭᠡᠷ ᠭᠦᠪᠠᠭᠦᠨ ᠢᠨᠤ ᠁ 》 ᠭᠡᠵᠤ ᠨᠠᠷ᠎ᠠ ᠶᠢ ᠨᠢ ᠡᠰᠡ ᠪᠢᠴᠢᠭ᠍ᠰᠡᠨ ᠨᠢ ᠡᠢ᠌ᠮᠤ ᠣᠴᠢᠷ ᠲᠡᠶ ᠶᠤᠮ᠃ ᠡᠨᠡ ᠬᠤᠶᠠᠷ ᠭᠦᠪᠠᠭᠦᠨ ᠨᠢ ᠬᠠᠨ ᠸᠠᠩ ᠯᠤᠭ᠎ᠠ ᠬᠡᠳᠦᠢ᠌ᠪᠡᠷ ᠮᠢᠬ᠎ᠠ ᠶᠠᠰᠤᠨ ᠤ ᠪᠠᠷᠢᠯᠳᠤᠯᠭ᠎ᠠ ᠦᠭᠡᠶ ᠪᠣᠯᠪᠠᠴᠤ᠂ ᠬᠠᠳᠤᠨ ᠤ ᠳᠦᠷᠦᠭ᠍ᠰᠡᠨ ᠭᠡᠦᠭᠡᠤᠨ ᠪᠣᠯᠬᠤ ᠣᠴᠢᠷ ᠬᠠᠨ ᠤ ᠭᠡᠷ ᠤᠨ ᠴᠡᠳᠢᠬ ᠲᠤ ᠣᠷᠤᠭᠤᠯᠤᠭᠰᠠᠨ ᠪᠠᠢ᠌ᠨ᠎ᠠ᠃ ᠳᠠᠢ᠌ᠮᠤ ᠡᠴᠡ ᠂ ᠰᠢᠠᠴᠢᠨ ᠭᠡᠭᠡᠨ ᠳᠤ ᠳᠤᠷᠭᠤᠳ ᠬᠠᠨ ᠤ ᠴᠢᠰᠤ ᠮᠢᠬᠠᠨ ᠤ ᠬᠤᠯᠪᠣᠭ᠎ᠠ ᠦᠭᠡᠶ ᠪᠠᠷ ᠣᠢᠯᠤ ᠪᠠᠷᠠᠮ ᠂ ᠮᠤᠩᠭ᠋ᠤᠯ ᠦᠨᠳᠦᠰᠦᠳᠠᠨ ᠤ ᠴᠢᠰᠤ ᠮᠢᠬᠠᠨ ᠤ ᠬᠤᠯᠪᠣᠭ᠎ᠠ ᠴᠤ ᠪᠠᠢ᠌ᠬᠤ ᠦᠭᠡᠶ ᠶᠤᠮ᠃ ᠳᠤᠷᠭᠤᠤᠠᠴᠤᠳ ᠦᠪᠡᠷ ᠤᠨ ᠳᠤᠳᠤᠭᠠᠳᠤ ᠶᠢᠨ ᠭᠡᠷᠡᠭ᠌ ᠢ ᠭᠠᠳᠠᠭᠰᠢ ᠵᠠᠳᠠᠷᠠᠭᠤᠯᠳᠠᠭ ᠦᠭᠡᠶ ᠪᠢᠯᠠ ᠃ ᠢᠯᠠᠩᠭ᠋ᠤᠶ᠎ᠠ ᠨᠤᠶᠠᠷᠬᠠᠭᠴᠢᠤᠨ ᠤᠨ ᠶᠢᠡᠨ ᠭᠡᠷᠡᠭ᠌ ᠢ ᠳᠤᠷ᠎ᠠ ᠪᠠᠷ ᠵᠠᠳᠠᠷᠠᠭᠤᠯᠤᠨ ᠶᠠᠷᠢᠯᠴᠠᠳᠠᠭ ᠦᠭᠡᠶ ᠶᠤᠮ᠃ ᠳᠠᠳᠠᠨᠤᠰ ᠬᠠᠨ ᠸᠠᠩ ᠤᠨ ᠲᠦᠷᠦᠯ ᠣᠭᠰᠠᠭ᠎ᠠ ᠪᠣᠯᠤᠨ ᠳᠤᠷᠭᠤᠤᠠᠴᠤᠳ ᠤᠨ ᠶᠢᠡᠨ ᠨᠠᠷ᠎ᠠ ᠭᠦᠡᠳᠤ ᠶᠢ ᠬᠠᠮᠠᠭᠠᠯᠠᠬᠤ ᠶᠢᠨ ᠳᠦᠯᠦᠭᠡ ᠬᠠᠨ ᠸᠠᠩ ᠤᠨ ᠲᠦᠷᠦᠯ ᠣᠭᠰᠠᠭ᠎ᠠ ᠶᠢᠨ ᠨᠠᠷ᠎ᠠ ᠭᠦᠡᠳᠤ ᠶᠢ ᠬᠤᠭᠢᠷᠠᠭᠤᠯᠳᠠᠭ ᠡᠨᠡᠭᠦ ᠭᠡᠷᠡᠭ᠌ ᠢ ᠨᠠᠩ ᠣᠯᠠᠨ ᠵᠢᠯ ᠨᠢᠭᠤᠨ ᠳᠠᠯᠳᠠᠯᠠᠭᠰᠠᠭᠠᠷ ᠢᠷᠠᠵᠠᠢ᠃

ᠹᠠᠩ ᠵᠢᠶᠠᠨ ᠴᠠᠩ᠄《ᠦᠨᠡᠨ ᠳᠡᠭᠡᠨ ᠰᠢᠠᠴᠢᠨ ᠭᠡᠭᠡᠨ ᠪᠣᠯ ᠡᠭᠡ ᠨᠢ ᠪᠠᠯᠪᠠᠰᠤᠨ ᠦᠶ᠎ᠡ ᠳᠡᠭᠡᠨ ᠳᠦᠷᠦᠭ᠍ᠰᠡᠨ ᠭᠦᠪᠠᠭᠦᠨ ᠪᠣᠯᠤᠨ᠎ᠠ᠃ ᠡᠢ᠌ᠮᠤ ᠡᠴᠡ ᠂ ᠪᠤᠶᠡᠡᠮᠥ᠋ᠩᠭᠡ ᠶᠢᠨ ᠡᠴᠢᠭᠡ ᠣᠠᠳᠤᠤ ᠳᠡᠭᠦᠤ ᠨᠢ ᠪᠣᠯᠤᠨ᠎ᠠ᠃ ᠴᠢᠩ ᠣᠯᠤᠰ ᠤᠨ ᠦᠶ᠎ᠡ ᠳᠤ᠂ ᠭᠠᠳᠠᠭᠠᠳᠤ ᠮᠤᠩᠭ᠋ᠤᠯ ᠤᠨ ᠨᠤᠶᠠᠤᠨ ᠭᠡᠦᠭᠡᠤᠨ ᠲᠡᠶ ᠪᠣᠯ ᠂ ᠮᠤᠩᠭ᠋ᠤᠯ ᠵᠤᠷᠭᠠᠨ ᠳᠤ ᠳᠠᠩᠰᠠᠯᠠᠭᠤᠯᠤᠨ ᠳᠡᠮᠳᠡᠭᠯᠡᠭᠦᠯᠳᠡᠭ᠌ ᠵᠤᠷᠰᠢᠯ ᠲᠡᠶ ᠪᠠᠢ᠌ᠪᠠ ᠃ ᠰᠢᠠᠴᠢᠨ ᠭᠡᠭᠡᠨ ᠤ ᠡᠭᠡ ᠨᠢ ᠪᠠᠯᠪᠠᠰᠤᠨ ᠰᠠᠭᠤᠵᠤ ᠪᠠᠢ᠌ᠭᠠᠤᠨ ᠭᠠᠷᠭᠠᠭᠰᠠᠨ ᠭᠦᠪᠠᠭᠦᠨ ᠪᠣᠯᠬᠤᠷ᠂ ᠵᠤᠷᠰᠢᠯ ᠳᠤ ᠨᠡᠢ᠌ᠴᠡᠭᠦ ᠦᠭᠡᠶ ᠪᠣᠯᠤᠭᠰᠠᠨ ᠳᠤ᠂ ᠵᠡᠭᠦᠳᠤ ᠪᠠᠷ ᠶᠢᠡᠨ ᠭᠦᠯ ᠭᠦᠡᠳᠤ ᠪᠣᠯᠵᠤ ᠭᠠᠷᠭᠠᠭᠰᠠᠨ ᠭᠡᠦᠭᠡᠤᠨ ᠭᠡᠵᠤ ᠳᠡᠭᠡᠭ᠍ᠰᠢ ᠬᠤᠳᠠᠯ ᠮᠡᠳᠡᠭᠦᠯᠦᠭ᠍ᠰᠡᠨ ᠳᠤ᠂ ᠴᠢᠩ ᠣᠯᠤᠰ ᠤᠨ ᠵᠠᠰᠠᠭ ᠤᠨ ᠣᠷᠳᠤᠨ ᠡᠴᠡ ᠭᠡᠭᠡᠨ ᠭᠡᠭᠦ ᠨᠠᠷ᠎ᠠ ᠬᠠᠢ᠌ᠷᠠᠯᠠᠵᠠᠢ᠃ ᠳᠠᠷᠤᠢ ᠳᠩᠷᠢ ᠬᠠᠢ᠌ᠷᠠᠯᠠᠪᠠᠢ ᠭᠡᠰᠡᠨ ᠥᠭᠡ 》 (37) ᠭᠡᠪᠡ ᠃

ᠵᠸᠤ ᠰᠢᠤᠸᠠᠢ ᠵᠢᠶᠦ᠋ᠨ᠄《ᠳᠦᠩᠪᠣ ᠶᠢᠨ ᠭᠡᠯᠡᠭᠦ ᠪᠠᠷ ᠪᠤᠶᠡᠡᠮᠥ᠋ᠩᠭᠡ ᠪᠣᠯ ᠡᠴᠢᠭᠡ ᠶᠢᠨ ᠶᠢᠡᠨ ᠡᠷ᠎ᠡ ᠭᠠᠭᠴᠠ ᠭᠦᠪᠠᠭᠦᠨ ᠭᠡᠨ᠎ᠡ᠃ ᠡᠴᠢᠭᠡ ᠪᠣᠶᠠᠠᠴᠤᠭᠳᠤ ᠨᠢ ᠨᠠᠰᠤ ᠨᠥᠭ᠍ᠴᠢᠭ᠍ᠰᠡᠨ ᠤ ᠳᠠᠷᠠᠭ᠎ᠠ᠂ ᠡᠭᠡ ᠨᠢ ᠪᠠᠯᠪᠠᠰᠤᠨ ᠪᠠᠢ᠌ᠬᠤ ᠳᠠᠭᠠᠨ ᠳᠠᠪᠣᠳᠤᠭᠠᠷ ᠳᠦᠷᠢ ᠶᠢᠨ ᠰᠢᠠᠴᠢᠨ ᠭᠡᠭᠡᠨ ᠢ ᠳᠦᠷᠦᠭ᠍ᠰᠡᠨ ᠪᠦᠭᠡᠤᠨ ᠳᠠᠷᠠ ᠪᠣᠯ ᠪᠤᠶᠡᠡᠮᠥ᠋ᠩᠭᠡ ᠲᠡᠶ ᠡᠭᠡ ᠨᠢᠭᠡ᠂ ᠡᠴᠢᠭᠡ ᠣᠠᠳᠤᠤ ᠳᠡᠭᠦᠤ ᠨᠢ ᠪᠣᠯᠤᠨ᠎ᠠ᠃ ᠰᠢᠠᠴᠢᠨ ᠭᠡᠭᠡᠨ ᠠᠬ᠎ᠠ ᠪᠤᠶᠡᠡᠮᠥ᠋ᠩᠭᠡ ᠪᠣᠯᠤᠨ ᠪᠠᠷᠭᠡᠨ ᠶᠢᠡᠨ ᠬᠤᠤᠷᠯᠠᠨ ᠠᠯᠠᠵᠠᠢ᠃ ᠡᠨᠡ ᠵᠤᠬᠢᠶᠠᠯ ᠶᠢᠡᠨ ᠡᠤ ᠵᠢᠩ ᠪᠢᠨ ᠂ ᠽᠠᠢ ᠵᠧᠨ ᠰᠸᠩ ᠳᠤ ᠥᠭ᠍ᠴᠤ ᠭᠢᠨᠠᠨ ᠣᠩᠰᠢᠭᠤᠯᠵᠤ ᠵᠥᠪᠰᠢᠶᠡᠷᠡᠭᠦᠯᠪᠡ ᠭᠡᠰᠡᠨ ᠪᠠᠢ᠌ᠨ᠎ᠠ》 (38) ᠭᠡᠵᠡᠢ ᠃

《ᠪᠠᠶᠠᠠᠭᠤᠤᠯ ᠤᠨ ᠰᠤᠶᠤᠯ ᠳᠡᠦᠭᠡ ᠶᠢᠨ ᠮᠠᠲ᠋ᠸᠷᠢᠶᠠᠯ》 (39) ᠪᠠ《ᠪᠠᠶᠠᠠᠭᠤᠤᠯ ᠮᠤᠩᠭ᠋ᠤᠯ ᠥᠪᠠᠷᠳᠡᠭᠡᠨ ᠵᠠᠰᠠᠬᠤ ᠵᠸᠤ ᠶᠢᠨ ᠣᠯᠤᠰ ᠲᠦᠷᠦ ᠶᠢᠨ ᠵᠥᠪᠯᠡᠯᠭᠡᠨ ᠤ ᠰᠤᠶᠤᠯ ᠳᠡᠦᠭᠡ ᠶᠢᠨ ᠮᠠᠲ᠋ᠸᠷᠢᠶᠠᠯ ᠤᠨ ᠰᠤᠩᠭ᠋ᠤᠪᠣᠷᠢ》(40) ᠳᠤ ᠂ ᠰᠢᠠᠴᠢᠨ ᠭᠡᠭᠡᠨ ᠪᠣᠯ 《ᠡᠭᠡ ᠨᠢ ᠵᠤᠤ ᠳᠤ ᠮᠥᠷᠭᠦᠯ ᠭᠢᠭᠦ ᠳᠡᠭᠡᠨ ᡀᠠᠰᠠ ᠳᠤ ᠪᠠᠶ᠎ᠠ ᠳᠠᠪᠬᠤᠷ ᠪᠣᠯᠵᠤ ᠠᠪᠴᠤ ᠢᠷᠡᠭ᠍ᠰᠡᠨ ᠭᠡᠦᠭᠡᠤᠨ ᠮᠦᠨ》 ᠭᠡᠰᠡᠨ ᠨᠢ ᠡᠭᠡ ᠨᠢ ᠲᠦᠪᠡᠳ ᠲᠤ ᠪᠠᠶ᠎ᠠ ᠳᠠᠪᠬᠤᠷ ᠪᠣᠯᠤᠭᠰᠠᠨ ᠢ ᠮᠡᠳᠡᠭᠦᠯᠵᠤ ᠪᠠᠢ᠌ᠨ᠎ᠠ᠃

《ᠬᠠᠷᠠᠰᠢᠷ᠎ᠠ ᠶᠢᠨ ᠳᠤᠷᠭᠤᠳ ᠤᠨ ᠭᠡᠷᠡᠭ᠌ ᠤᠨ ᠳᠤᠪᠴᠢ》(41) ᠂ 《ᠡᠮᠦᠨ᠎ᠡ ᠵᠠᠮ ᠤᠨ ᠬᠠᠭᠤᠴᠢᠨ ᠳᠤᠷᠭᠤᠳ ᠤᠨ ᠳᠡᠦᠭᠡ ᠶᠢᠨ ᠮᠠᠲ᠋ᠸᠷᠢᠶᠠᠯ》 ( ᠳᠤᠳᠤ ᠂ ᠬᠤᠳᠤᠮ ᠥᠰᠦᠭ᠌ ᠤᠨ ᠭᠡᠪᠯᠡᠯ )(42) ᠳᠤ ᠪᠦᠷ ᠡᠢ᠌ᠮᠤ ᠨᠢᠭᠡ《ᠣᠯᠠᠮᠵᠢᠯᠠᠯ ᠶᠠᠷᠢᠶ᠎ᠠ》ᠪᠣᠢ ᠄《ᠥᠭᠡᠷ ᠵᠢᠯ(1877 ᠣᠨ ) ᠨᠤᠶᠠᠨ ᠡᠵᠢ ᠪᠠᠷᠠᠭᠤᠨ ᠵᠤᠤ ᠡᠴᠡ ᠪᠣᠴᠠᠬᠤ ᠳᠤ ᠯᠠᠮᠠ ᠨᠠᠷ ᠨᠤᠶᠠᠨ ᠡᠵᠢ ᠡᠴᠡ《ᠵᠤᠤ ᠶᠢᠨ ᠳᠡᠭᠡᠪᠦᠷ ᠢ ᠠᠯᠳᠠ ᠪᠠᠷ ᠪᠦᠷᠢᠳᠡᠭ ᠪᠣᠯᠵᠤ ᠪᠠᠢ᠌ᠨ᠎ᠠ ᠂ ᠳᠠᠮ ᠬᠠᠢ᠌ᠷᠢᠯᠠᠠᠠᠳᠤᠨ》ᠭᠡᠵᠡᠢ ᠃ ᠨᠤᠶᠠᠨ ᠡᠵᠢ ᠪᠠᠷᠠᠭᠤᠨ ᠳᠦᠷᠦᠭᠡ ᠪᠠᠨ ᠦᠭ‍ᠭᠦ ᠪᠠᠷ ᠮᠤᠷᠢᠨ ᠡᠴᠡ ᠪᠠᠭᠤᠬᠤ ᠳᠤ ᠪᠠᠷᠠᠭᠤᠨ ᠭᠦᠯ ᠨᠢ ᠱᠠᠭᠠᠴᠠ ᠪᠠᠨ ᠭᠠᠵᠠᠷ ᠲᠤ ᠰᠢᠭᠢᠤᠠᠴᠤ᠂ ᠰᠢᠠᠴᠢᠨ ᠭᠡᠭᠡᠨ ᠨᠢ ᠬᠤᠪᠢᠯᠭᠠᠨ ᠨᠤᠶᠠᠨ ᠡᠵᠢ ᠳᠤ ᠢᠯᠠᠤᠠᠪᠠ ᠂ ᠪᠠᠷᠰ ᠵᠢᠯ (1878 ᠣᠨ ) ᠪᠠᠷᠰ ᠰᠠᠷ᠎ᠠ ᠶᠢᠨ ᠪᠠᠷᠰ ᠡᠳᠦᠷ ᠪᠠᠷᠰ ᠴᠠᠭ ᠲᠤ ᠬᠤᠶᠠᠷ ᠪᠠᠷᠰ ᠶᠢᠨ ᠳᠤᠮᠳᠠ ᠡᠴᠡ ᠪᠤᠶᠡᠡᠮᠦ᠋ᠩᠬᠡ ᠬᠠᠨ ᠤ ᠳᠡᠭᠦᠤ ᠪᠣᠯᠵᠤ ᠰᠤᠯᠤᠩᠭ᠋᠎ᠠ ᠳᠠᠳᠠᠨ ᠮᠠᠠᠳᠦᠯᠠᠵᠠᠢ》 (43) ᠭᠡᠵᠤ ᠪᠢᠴᠢᠵᠠᠢ ᠃ ᠡᠭᠦᠨ ᠳᠤ《 ᠨᠤᠶᠠᠨ ᠡᠵᠢ ᠮᠤᠷᠢᠨ ᠡᠴᠡ ᠪᠠᠨ ᠪᠠᠭᠤᠬᠤ ᠳᠤ ᠪᠠᠷᠠᠭᠤᠨ ᠭᠦᠯ ᠨᠢ ᠱᠠᠭᠠᠴᠠ ᠪᠠᠨ ᠭᠠᠵᠠᠷ ᠲᠤ ᠰᠢᠭᠡᠦᠡᠴᠤ》 ᠡᠨᠡᠭᠡᠨ ᠬᠤᠭᠤᠷᠤᠠᠳᠤ《ᠰᠢᠠᠴᠢᠨ ᠭᠡᠭᠡᠨ ᠤ ᠬᠤᠪᠢᠯᠭᠠᠨ ᠨᠤᠶᠠᠨ ᠡᠵᠢ ᠳᠤ ᠢᠯᠠᠳᠠᠪᠠᠢ》 ᠭᠡᠰᠡᠨ ᠨᠢ ᠭᠦᠮᠤᠨ ᠳᠦᠷᠦᠯᠭᠡᠳᠡᠨ ᠤ ᠥᠷᠡᠵᠢᠭᠦ ᠵᠢᠮ᠎ᠠ ᠶᠤᠰᠤ ᠶᠢ ᠵᠥᠷᠢᠴᠡᠭ᠍ᠰᠡᠨ《ᠰᠢᠳᠢᠴᠢᠯᠡᠭ᠍ᠰᠡᠨ》ᠱᠠᠯ ᠳᠠᠮᠠᠢ 《ᠣᠯᠠᠮᠵᠢᠯᠠᠯ ᠶᠠᠷᠢᠶ᠎ᠠ》 ᠪᠣᠯᠬᠤ ᠶᠤᠮ ᠃ ᠡᠨᠡᠭᠦ《ᠣᠯᠠᠮᠵᠢᠯᠠᠯ ᠶᠠᠷᠢᠶ᠎ᠠ》 ᠨᠢ ᠬᠡᠳᠦᠢ᠌ᠪᠡᠷ ᠮᠤᠩᠬᠠᠭ ᠪᠢᠰᠢᠷᠠᠯ ᠤᠨ ᠰᠢᠠᠵᠢ ᠪᠠᠢ᠌ᠳᠠᠯ ᠢ ᠬᠠᠳᠠᠭᠠᠯᠠᠭᠰᠠᠨ ᠪᠣᠯᠪᠠᠴᠤ᠂《ᠰᠢᠠᠴᠢᠨ ᠭᠡᠭᠡᠨ ᠤ ᠬᠤᠪᠢᠯᠭᠠᠨ ᠨᠤᠶᠠᠨ ᠡᠵᠢ ᠶᠢᠨ ᠭᠡᠪᠡᠯᠢ ᠳᠤ ᠣᠯᠳᠤᠭᠰᠠᠨ》ᠪᠣᠳᠠᠳᠤ ᠭᠠᠵᠠᠷ ᠨᠢ ᠪᠣᠯ ᠪᠠᠷᠠᠭᠤᠨ ᠵᠤᠤ ᠶᠢᠨ ᠰᠢᠠᠴᠢᠨ ᠭᠡᠭᠡᠨ ᠤ ᠷᠤᠩᠽᠢ ᠰᠦᠮ᠎ᠡ ᠪᠣᠯᠬᠤ ᠪᠦᠭᠡᠤᠨ ᠰᠢᠠᠴᠢᠨ ᠭᠡᠭᠡᠨ ᠨᠤᠶᠠᠨ ᠡᠵᠢ ᠶᠢᠨ ᠭᠡᠪᠡᠯᠢ ᠳᠤ ᠣᠯᠳᠤᠭᠰᠠᠨ ᠴᠠᠭ ᠨᠢ ᠪᠣᠯ ᠨᠤᠶᠠᠨ ᠡᠵᠢ ᠪᠠᠷᠠᠭᠤᠨ ᠵᠤᠤ ᠡᠴᠡ ᠪᠣᠴᠠᠬᠤ ᠭᠡᠰᠡᠨ ᠦᠶ᠎ᠡ ᠭᠡᠳᠡᠭ᠌ ᠢ ᠳᠤᠡᠭ᠌ ᠳᠤᠳᠤᠷᠬᠠᠢ ᠳᠤᠰᠢᠶᠠᠭᠰᠠᠨ ᠪᠠᠢ᠌ᠨ᠎ᠠ᠃ ᠨᠤᠶᠠᠨ ᠡᠵᠢ ᠵᠤᠤ ᠡᠴᠡ ᠪᠣᠴᠠᠵᠤ ᠢᠷᠡᠭ᠍ᠰᠡᠨ ᠡᠴᠡ ᠬᠣᠢ᠌ᠰᠢ ᠰᠢᠠᠴᠢᠨ ᠭᠡᠭᠡᠨ ᠢ ᠲᠦᠷᠦᠪᠠ ᠭᠡᠳᠡᠭ᠌  ᠢ ᠡᠳᠡᠭᠡᠷ ᠵᠤᠬᠢᠶᠠᠯ ᠭᠡᠷᠡᠴᠢᠯᠡᠭᠦ ᠪᠠᠷ ᠪᠠᠷᠠᠬᠤ ᠦᠭᠡᠶ ᠂《ᠰᠢᠠᠴᠢᠨ ᠭᠡᠭᠡᠨ ᠪᠣᠯ ᠨᠤᠶᠠᠨ ᠡᠵᠢ ᠶᠢᠨ ᠵᠤᠤ ᠡᠴᠡ ᠣᠯᠵᠤ ᠢᠷᠡᠭ᠍ᠰᠡᠨ ᠪᠣᠳᠠᠴᠢ ᠭᠡᠦᠭᠡᠤᠨ ᠭᠡᠳᠡᠭ᠌ ᠭᠡᠯᠡᠯᠭᠡ ᠯᠦᠭᠡ ᠠᠮᠠᠨ ᠰᠡᠭᠡᠷ ᠨᠢ ᠨᠠᠢ᠌ᠯᠠᠵᠤ ᠪᠣᠢ᠃ ᠡᠭᠦᠨ ᠡᠴᠡ ᠥᠵᠡᠭᠦ ᠳᠤ᠂ ᠡᠨᠡ ᠨᠢ ᠨᠤᠶᠠᠨ ᠡᠵᠢ ᠮᠠᠭᠤᠬᠠᠢ ᠭᠡᠷᠡᠭ᠌ ᠶᠢᠡᠨ ᠨᠢᠭᠤᠨ ᠳᠠᠯᠳᠠᠯᠠᠵᠤ ᠂ ᠱᠠᠰᠢᠨ ᠳᠤ ᠴᠢᠩ ᠦᠨᠡᠠᠴᠢ ᠰᠥᠰᠦᠭ᠌ ᠪᠢᠰᠢᠷᠠᠯ ᠲᠡᠶ ᠠᠷᠠᠤᠨ ᠣᠯᠠᠨ ᠢ ᠥᠨᠡᠮᠰᠢᠭᠦᠯᠤᠨ ᠮᠡᠭᠡᠯᠡᠭᠦ ᠶᠢᠨ ᠳᠦᠯᠦᠭᠡ ᠵᠤᠬᠢᠶᠠᠭᠰᠠᠨ《ᠰᠢᠳᠢᠳᠤ ᠥᠯᠢᠭᠡᠷ》ᠶᠤᠮ ᠪᠠᠢ᠌ᠨ᠎ᠠ᠃

《ᠪᠠᠶᠠᠠᠭᠤᠤᠯ ᠤᠨ ᠰᠤᠶᠤᠯ ᠳᠡᠦᠭᠡ ᠶᠢᠨ ᠮᠠᠲ᠋ᠸᠷᠢᠶᠠᠯ》 (44) ᠪᠠ《ᠪᠠᠶᠠᠠᠭᠤᠤᠯ ᠮᠤᠩᠭ᠋ᠤᠯ ᠥᠪᠠᠷᠳᠡᠭᠡᠨ ᠵᠠᠰᠠᠬᠤ ᠵᠸᠤ ᠶᠢᠨ ᠣᠯᠤᠰ ᠲᠦᠷᠦ ᠶᠢᠨ ᠵᠥᠪᠯᠡᠯᠭᠡᠨ ᠤ ᠰᠤᠶᠤᠯ ᠳᠡᠦᠭᠡ ᠶᠢᠨ ᠮᠠᠲ᠋ᠸᠷᠢᠶᠠᠯ ᠤᠨ ᠰᠤᠩᠭ᠋ᠤᠮᠠᠯ》 ᠳᠤ ᠡᠢ᠌ᠮᠤ ᠨᠢᠭᠡ ᠡᠭᠢᠨ ᠳᠠᠭᠤᠤ ᠪᠠᠢ᠌ᠨ᠎ᠠ᠃ ᠡᠨᠡ ᠨᠢ ᠰᠢᠠᠴᠢᠨ ᠭᠡᠭᠡᠨ ᠤ ᠡᠭᠡ ᠨᠢ ᠵᠤᠤ ᠡᠴᠡ ᠨᠤᠳᠤᠭ ᠣᠷᠤᠭᠤ ᠪᠠᠨ ᠪᠣᠴᠠᠬᠤ ᠦᠶ᠎ᠡ ᠳᠤ ᠪᠠᠨ ᠳᠠᠭᠤᠯᠠᠭᠰᠠᠨ ᠳᠠᠭᠤᠤ ᠭᠡᠨ᠎ᠡ ᠃ ᠳᠤᠰ ᠳᠠᠭᠤᠤ ᠶᠢᠨ ᠥᠭᠡ ᠨᠢ ᠡᠢ᠌ᠮᠤ ᠪᠠᠢ᠌ᠳᠠᠭ᠄《ᠭᠤᠤᠯ ᠤᠨ ᠦᠨᠳᠦᠷ ᠣᠷᠭᠢᠯ ᠳᠤ ᠬᠤᠶᠠᠷ ᠵᠤᠤ ᠶᠢᠨ  ᠭᠡᠭᠡᠨ ᠬᠤᠯᠡᠵᠢᠶᠡᠳ ᠣᠤᠠᠬᠤ ᠶᠢᠨ ᠬᠤᠭᠤᠷᠤᠠᠳᠤ ᠬᠣᠢ᠌ᠳᠤ ᠶᠢᠨ ᠠᠪᠣᠷᠠᠯ ᠳᠤ ᠪᠠᠭᠳᠠᠭᠠᠭᠳᠤᠨ᠂ ᠰᠸᠷᠠ ᠂ ᠪᠠᠷᠠᠢ᠌ᠪᠣᠩ ᠂ ᠭᠠᠯᠳᠠᠨ ᠭᠤᠷᠪᠠᠨ ᠰᠢᠵᠢᠷ ᠠᠯᠳᠠᠨ ᠳᠡᠭᠡᠪᠦᠷ ᠲᠡᠶ ᠱᠠᠰᠢᠨ ᠶᠢᠡᠨ ᠳᠡᠯᠡᠭᠡᠭ᠍ᠰᠡᠨ ᠳᠠᠨᠠᠷ ᠡᠴᠡ ᠪᠠᠨ ᠶᠠᠭᠠᠭᠢᠵᠤ ᠰᠠᠯᠵᠤ ᠬᠠᠷᠢᠬᠤ ᠪᠣᠢ ︖ ᠨᠤᠷᠪᠣᠯᠢᠩᠭ᠋᠎ᠠ ᠮᠤᠳᠤᠨ ᠨᠤᠭᠤᠭᠠᠳᠤᠷᠠᠨ ᠳᠦᠩᠭᠡᠭᠡᠵᠤ ᠭᠠᠩᠬᠠᠳᠠᠭ ᠨᠤᠮ ᠲᠡᠶ ᠱᠠᠰᠢᠨ ᠲᠡᠶ ᠣᠷᠤᠨ ᠡᠴᠡ ᠪᠠᠨ ᠶᠠᠭᠠᠭᠢᠵᠤ ᠰᠠᠯᠵᠤ ᠮᠤᠷᠳᠠᠬᠤ ᠪᠣᠢ ︖ ᠬᠠᠳᠠᠭᠤ ᠽᠠᠠᠳᠠᠨ ᠮᠤᠳᠤᠨ ᠬᠠᠪᠣᠷ ᠤᠨ ᠰᠠᠯᠭᠢᠨ ᠳᠤ ᠭᠠᠩᠬᠠᠳᠠᠭ ᠬᠠᠳᠠᠭᠤᠷᠠᠭᠰᠠᠨ ᠰᠠᠤᠠᠭᠢᠯ ᠵᠢᠷᠦᠭᠡ ᠶᠢ ᠬᠠᠷᠢᠬᠤ ᠵᠢᠭᠤᠴᠢᠨ ᠣᠶᠠᠤᠠᠬᠠᠳᠠᠭ ᠃ ᠳᠠᠯ ᠲᠡᠶ ᠰᠢᠷ᠎ᠠ ᠬᠤᠯᠤᠰᠤ ᠶᠢ ᠵᠢᠯ ᠳᠤ ᠬᠤᠶᠠᠷ ᠬᠠᠳᠠᠳᠠᠭ ᠵᠢᠩᠭᠢᠨᠢ ᠠᠮᠠᠷᠠᠭ ᠳᠠᠨᠠᠷ ᠡᠴᠡ ᠪᠠᠨ ᠶᠠᠭᠠᠭᠢᠵᠤ ᠰᠠᠯᠵᠤ ᠮᠤᠷᠳᠠᠬᠤ ᠪᠣᠢ ︖ ᠨᠤᠶᠠᠨ ᠡᠵᠢ ᠢᠩᠭᠢᠵᠤ ᠵᠤᠬᠢᠶᠠᠵᠤ ᠳᠠᠭᠤᠯᠠᠭᠰᠠᠨ ᠪᠣᠯᠬᠤᠷ ᠂ ᠡᠨᠡ ᠳᠠᠭᠤᠤ ᠶᠢ ᠣᠳᠤ ᠭᠦᠷᠳᠡᠯ᠎ᠡ ᠠᠷᠠᠤᠨ ᠲᠦᠮᠡᠨ ᠳᠠᠭᠤᠯᠠᠭᠰᠠᠭᠠᠷ ᠪᠠᠢ᠌ᠨ᠎ᠠ 》 (45) ᠭᠡᠵᠡᠢ᠃ ᠡᠨᠡ ᠲᠡᠭᠤᠤ ᠳᠤ ᠨᠤᠶᠠᠨ ᠡᠵᠢ ᠵᠤᠤ ᠶᠢᠨ ᠭᠡᠢ᠌ᠤᠨ ᠤᠨ ᠯᠠᠮᠠ ᠡᠴᠡ ᠰᠠᠯᠵᠤ ᠶᠠᠳᠠᠭᠰᠠᠨ ᠰᠡᠦᠡᠭᠢᠯᠭᠡ ᠪᠠᠨ ᠢᠯᠡᠦᠡᠭᠡᠭ᠍ᠰᠡᠨ ᠪᠠᠢ᠌ᠨ᠎ᠠ᠃ ᠡᠨᠡᠭᠦ ᠰᠡᠦᠡᠭᠢᠯᠭᠡ ᠨᠢ ᠳᠤᠰ ᠲᠠᠭᠤᠤ ᠶᠢᠨ ᠳᠦᠷᠪᠡ ᠂ ᠳᠠᠪᠣᠳᠤᠭᠠᠷ ᠪᠠᠳᠠᠭ ᠲᠤ ᠳᠤᠡᠭ᠌ ᠳᠤᠳᠤᠷᠬᠠᠢ ᠮᠡᠳᠡᠭ᠍ᠳᠡᠨ᠎ᠡ᠃ ᠭᠡᠳᠡᠯ᠎ᠡ᠂ ᠠᠷᠠᠤᠨ ᠤᠨ ᠳᠤᠳᠤᠷ᠎ᠠ ᠡᠨᠡ ᠳᠠᠭᠤᠤ ᠶᠢᠨ ᠵᠤᠬᠢᠶᠠᠭᠴᠢ ᠶᠢᠨ ᠳᠤᠬᠠᠢ ᠠᠳᠠᠯᠢ ᠦᠭᠡᠶ ᠭᠡᠯᠡᠯᠭᠡ ᠪᠣᠢ᠃ ᠨᠠᠰᠤᠳᠠᠢ᠌ᠴᠤᠳ ᠤᠨ ᠭᠡᠯᠡᠭᠦ ᠪᠠᠷ ᠂ ᠡᠨᠡ ᠳᠠᠭᠤᠤ ᠶᠢ ᠪᠦᠭᠦᠳᠡ ᠶᠢ ᠨᠢ ᠰᠸᠷᠳᠢᠪᠢᠯᠭᠠᠳᠠᠨ ᠬᠠᠳᠤᠨ ᠵᠤᠬᠢᠶᠠᠭᠰᠠᠨ ᠪᠢᠰᠢ ᠭᠡᠨ᠎ᠡ᠃ ᠡᠨᠡ ᠳᠠᠭᠤᠤ ᠶᠢᠨ ᠡᠭᠢᠨ ᠤ ᠭᠤᠷᠪᠠᠨ ᠪᠠᠳᠠᠭ ᠢ ᠳᠤᠷᠭᠤᠤᠠᠴᠤᠳ ᠵᠡᠭᠦᠡᠰᠢ ᠪᠤᠴᠡᠬᠰᠡᠨ ᠡᠴᠡ ᠬᠤᠢ᠌ᠰᠢᠬᠢ ᠲᠡᠪᠦᠳᠡᠬᠴᠢ ᠬᠠᠨ ᠨᠠᠮᠵᠢᠯᠳᠤᠷᠵᠢ ᠶᠢᠨ ᠬᠠᠳᠤᠨ ᠷᠠᠱᠢᠫᠢᠯ ᠵᠤᠬᠢᠶᠠᠭᠰᠠᠨ ᠭᠡᠨ᠎ᠡ ᠃ ᠳᠤᠰ ᠵᠤᠬᠢᠶᠠᠯ ᠳ᠋ᠠᠭᠢ ᠄ 《ᠨᠤᠶᠠᠨ ᠡᠵᠢ ᠶᠢᠨ ᠳᠠᠭᠤᠤ》 ᠳᠤ ᠄《ᠭᠤᠤᠯ ᠤᠨ ᠦᠨᠳᠦᠷ ᠣᠷᠭᠢᠯ ᠳᠤ ᠬᠤᠶᠠᠷ ᠵᠤᠤ ᠶᠢᠨ  ᠭᠡᠭᠡᠨ ᠬᠤᠯᠡᠵᠢᠶᠡᠳ ᠣᠤᠠᠬᠤ ᠶᠢᠨ ᠬᠤᠭᠤᠷᠤᠠᠳᠤ ᠬᠣᠢ᠌ᠳᠤ ᠶᠢᠨ ᠠᠪᠣᠷᠠᠯ ᠳᠤ ᠪᠠᠭᠳᠠᠭᠠᠭᠳᠤᠨ ᠂ ᠰᠸᠷᠠ ᠂ ᠪᠠᠷᠠᠢ᠌ᠪᠣᠩ᠂ ᠭᠠᠯᠳᠠᠨ ᠭᠤᠷᠪᠠᠨ ᠰᠢᠵᠢᠷ ᠠᠯᠳᠠᠨ ᠳᠡᠭᠡᠪᠦᠷᠢ ᠲᠡᠶ ᠱᠠᠰᠢᠨ ᠶᠢᠡᠨ ᠳᠡᠯᠡᠭᠡᠭ᠍ᠰᠡᠨ ᠳᠠᠨᠠᠷ ᠡᠴᠡ ᠪᠠᠨ ᠶᠠᠭᠠᠭᠢᠵᠤ ᠰᠠᠯᠵᠤ ᠬᠠᠷᠢᠬᠤ ᠪᠣᠢ ︖ ᠁  ᠳᠤᠰ ᠳᠠᠭᠤᠤ ᠵᠢ1774 ᠣᠨ ᠳᠤ ᠳᠤᠷᠭᠤᠤᠠᠴᠤᠳ ᠬᠠᠷᠠᠰᠢᠷ᠎ᠠ ᠶᠢᠨ ᠬᠤᠳᠤᠭᠤᠷ ᠲᠤ ᠨᠡᠭᠦᠵᠤ ᠢᠷᠡᠭ᠍ᠰᠡᠨ ᠡᠴᠡ ᠬᠣᠢ᠌ᠰᠢ ᠂ ᠨᠠᠮᠵᠢᠯᠳᠤᠷᠵᠢ ᠬᠠᠨ ᠤ ᠬᠠᠳᠤᠨ ᠷᠠᠱᠢᠫᠢᠯ ᠵᠤᠤ ᠳᠤ ᠮᠥᠷᠭᠦᠯ ᠭᠢᠵᠤ ᠪᠣᠴᠠᠵᠤ ᠢᠷᠡᠭᠦ ᠳᠤ ᠪᠠᠨ ᠳᠠᠭᠤᠯᠠᠭᠰᠠᠨ ᠳᠠᠭᠤᠤ》ᠭᠡᠵᠤ《ᠬᠠᠨ ᠳᠩᠷᠢ》 ᠵᠢᠨ1990 ᠣᠨ ᠤ 2 ᠳ᠋ᠤᠭᠠᠷ ᠬᠤᠭᠤᠴᠠᠭ᠎ᠠ ᠳᠤ ᠨᠡᠢ᠌ᠳᠡᠯᠡᠭ᠍ᠰᠡᠨ ᠪᠢᠯᠠ (46) ᠃ ᠳᠤᠰ ᠳᠠᠭᠤᠤ ᠶᠢᠨ ᠠᠳᠠᠭ ᠤᠨ ᠳᠦᠷᠪᠡ᠂ ᠳᠠᠪᠣᠳᠤᠭᠠᠷ ᠪᠠᠳᠠᠭ ᠢ ᠰᠸᠷᠳᠢᠪᠢᠯᠭᠠᠳᠠᠨ ᠬᠠᠳᠤᠨ ᠵᠤᠬᠢᠶᠠᠭᠰᠠᠨ ᠪᠦᠭᠡᠤᠨ ᠳᠠᠭᠤᠤ ᠶᠢᠨ ᠥᠭᠡ ᠶᠢᠨ ᠭᠡᠪ ᠨᠠᠮᠪᠠ ᠨᠢ ᠡᠮᠦᠨᠡᠭᠢ ᠭᠤᠷᠪᠠᠨ ᠪᠠᠳᠠᠭ ᠡᠴᠡ ᠪᠦᠷ ᠢᠯᠠᠭᠠᠭ᠎ᠠ ᠲᠡᠶ ᠪᠠᠢ᠌ᠨ᠎ᠠ ᠄ 《ᠬᠠᠳᠠᠭᠤᠷᠠᠭᠰᠠᠨ ᠰᠠᠤᠠᠭᠢᠯ ᠵᠢᠷᠦᠭᠡ ᠶᠢ ᠬᠠᠷᠢᠬᠤ ᠵᠢᠭᠤᠴᠢᠨ( ᠮᠥᠷᠭᠦᠯᠴᠢᠨ ) ᠣᠶᠠᠤᠠᠬᠠᠳᠠᠭ ᠁ ᠵᠢᠩᠭᠢᠨᠢ ᠠᠮᠠᠷᠠᠭ ᠳᠠᠨᠠᠷ ᠡᠴᠡ ᠪᠠᠨ ᠶᠠᠭᠠᠭᠢᠵᠤ ᠰᠠᠯᠵᠤ ᠮᠤᠷᠳᠠᠬᠤ ᠪᠣᠢ ︖ 》 ᠭᠡᠵᠤ ᠰᠸᠷᠳᠢᠪᠢᠯᠭᠠᠳᠠᠨ ᠬᠠᠳᠤᠨ ᠰᠠᠯᠵᠤ ᠶᠠᠳᠠᠬᠤ ᠰᠡᠦᠡᠭᠢᠯᠭᠡ ᠪᠠᠨ ᠢᠯᠡᠦᠡᠭᠡᠨ ᠳᠠᠭᠤᠯᠠᠵᠠᠢ ᠃


ᠭᠤᠷᠪᠠ᠂ ᠬᠠᠨ ᠸᠠᠩ ᠤᠨ ᠳᠦᠷᠪᠠᠳᠦᠭᠡᠷ ᠭᠦᠪᠠᠭᠦᠨ ᠭᠡᠭ᠍ᠴᠢ ᠶᠢᠨ ᠳᠤᠬᠠᠢ


《ᠰᠢᠨ᠎ᠠ ᠬᠠᠭᠤᠴᠢᠨ ᠳᠤᠷᠭᠤᠳ ᠤᠨ ᠬᠠᠭᠠᠤᠨ ᠨᠤᠶᠠᠤᠨ ᠤᠨ ᠣᠭ ᠦᠨᠳᠦᠰᠦᠨ ᠤ ᠢᠯᠡᠦᠡᠭᠡᠯ ᠪᠢᠴᠢᠭ᠌》 ᠲᠤ᠄ 《ᠳᠦᠷᠪᠠᠳᠦᠭᠡᠷ ᠭᠦᠪᠠᠭᠦᠨ ᠢᠨᠤ ᠁》 ᠭᠡᠵᠤ ᠪᠢᠴᠢᠭ᠍ᠰᠡᠨ ᠡᠴᠡ ᠦᠵᠡᠪᠠᠯ ᠂ ᠬᠠᠨ ᠸᠠᠩ ᠤᠨ ᠭᠡᠷ ᠲᠤ ᠦᠨᠡᠷᠠᠨ《ᠳᠦᠷᠪᠠᠳᠦᠭᠡᠷ ᠭᠦᠪᠠᠭᠦᠨ》 ᠪᠠᠢ᠌ᠵᠠᠢ ᠂ ᠭᠡᠳᠡᠯ᠎ᠡ 《ᠢᠯᠡᠦᠡᠭᠡᠯ ᠪᠢᠴᠢᠭ᠌》 ᠲᠤ ᠶᠠᠭᠠᠭᠢᠬᠤ ᠳᠠᠭᠠᠨ ᠳᠦᠷᠪᠠᠳᠦᠭᠡᠷ ᠭᠦᠪᠠᠭᠦᠨ ᠤ ᠨᠠᠷ᠎ᠠ ᠶᠢ ᠪᠢᠴᠢᠭᠦ ᠦᠭᠡᠶ ᠴᠤᠪᠣᠭ᠎ᠠ ᠴᠡᠭ᠌ ᠶᠢᠡᠷ ᠣᠷᠤᠯᠠᠭᠤᠯᠤᠭᠰᠠᠨ ᠪᠣᠯ ᠳ᠋ᠠ ᠃ ᠰᠢᠠᠴᠢᠨ ᠭᠡᠭᠡᠨ ᠤ ᠳᠡᠭᠦᠤ ᠭᠦᠪᠠᠭᠦᠨ ᠨᠢ ᠪᠤᠶᠡᠡᠭᠡᠷᠡᠯ ᠭᠡᠳᠡᠭ᠌᠂ ᠨᠠᠰᠤ ᠪᠠᠭ᠎ᠠ ᠳᠠᠭᠠᠨ ᠦᠭᠡᠶ ᠪᠣᠯᠵᠠᠢ ᠭᠡᠵᠤ ᠠᠷᠠᠤᠨ ᠤᠨ ᠳᠤᠳᠤᠷ᠎ᠠ ᠭᠡᠯᠡᠯᠴᠡᠳᠡᠭ᠌ ᠨᠢ ᠦᠨᠡᠨ ᠭᠡᠯᠳᠡᠢ᠃ ᠡᠭᠦᠨ ᠤ ᠳᠤᠬᠠᠢ ᠳ᠋ᠣ᠊ •ᠨᠠᠢ᠌ᠳᠠᠢ ᠄《 ᠹᠤᠵᠢᠨ ᠁ ᠳᠠᠪᠣᠳᠤᠭᠠᠷ ᠳᠦᠷᠢ ᠶᠢᠨ ᠰᠢᠠᠴᠢᠨ ᠭᠡᠭᠡᠨ ᠢ ᠲᠦᠷᠦᠪᠠ᠃ ᠳᠠᠷᠠᠭ᠎ᠠ ᠵᠢᠯ ᠨᠢ ᠬᠠᠨ ᠪᠣᠶᠠᠠᠴᠤᠭᠳᠤ ᠥᠭᠡᠳᠡ ᠪᠣᠯᠬᠤ ᠦᠶ᠎ᠡ ᠳᠤ ᠪᠠᠰᠠ ᠨᠢᠭᠡ ᠭᠦᠪᠠᠭᠦᠨ ᠭᠠᠷᠤᠭᠰᠠᠨ ᠨᠢ ᠪᠤᠶᠡᠡᠭᠡᠷᠡᠯ ᠭᠡᠳᠡᠭ᠌ ᠶᠤᠮ》 (47) ᠭᠡᠪᠡ᠃ ᠨᠠᠨ ᠨᠢ ᠰᠢᠠᠴᠢᠨ ᠭᠡᠭᠡᠨ ᠦᠨᠡᠷᠠᠨ ᠪᠤᠶᠡᠡᠭᠡᠷᠡᠯ ᠭᠡᠳᠡᠭ᠌ ᠳᠡᠭᠦᠤ ᠲᠡᠶ ᠭᠡᠳᠡᠭ᠌ ᠢ ᠮᠡᠳᠡᠭᠦᠯᠵᠤ ᠪᠠᠢ᠌ᠨ᠎ᠠ᠃

ᠪᠣᠶᠠᠠᠴᠤᠭᠳᠤ ᠬᠠᠭᠠᠨ1890 ᠣᠨ ᠊ᠤ11 ᠰᠠᠷ᠎ᠠ ᠳᠤ ᠨᠠᠰᠤ ᠨᠥᠭ᠍ᠴᠢᠵᠤ ᠂ ᠰᠢᠠᠴᠢᠨ ᠭᠡᠭᠡᠨ1891 ᠣᠨ ᠤ 1 ᠰᠠᠷ᠎ᠠ ᠵᠢᠨ14 ᠤ ᠡᠳᠦᠷ ᠲᠦᠷᠦᠵᠠᠢ ᠃ ᠡᠭᠦᠨ ᠡᠴᠡ ᠥᠵᠡᠭᠦ ᠳᠤ ᠂ ᠬᠠᠨ ᠨᠠᠰᠤ ᠪᠠᠷᠠᠭᠰᠠᠨ ᠤ ᠳᠠᠷᠠᠭ᠎ᠠ ᠰᠢᠠᠴᠢᠨ ᠭᠡᠭᠡᠨ ᠰᠠᠶ‍ᠢ ᠳᠦᠷᠦᠭ᠍ᠰᠡᠨ ᠪᠦᠭᠡᠤᠨ ᠳᠡᠭᠦᠨ ᠤ ᠳᠠᠷᠠᠭ᠎ᠠ ᠂ ᠰᠢᠠᠴᠢᠨ ᠭᠡᠭᠡᠨ ᠨᠢᠭᠡ ᠳᠡᠭᠦᠤ ᠲᠡᠶ ᠪᠣᠯᠤᠭᠰᠠᠨ ᠳᠤ《ᠢᠯᠡᠦᠡᠭᠡᠯ ᠪᠢᠴᠢᠭ᠌ 》 ᠲᠤ 《ᠳᠦᠷᠪᠠᠳᠦᠭᠡᠷ ᠭᠦᠪᠠᠭᠦᠨ ᠢᠨᠤ ᠁ 》ᠭᠡᠭᠦ ᠡᠴᠡ ᠥᠭᠡᠷ᠎ᠡ ᠠᠷᠭ᠎ᠠ ᠦᠭᠡᠶ ᠪᠣᠯᠤᠭᠰᠠᠨ ᠮᠠᠭᠠᠤᠨ ᠃


ᠳᠦᠷᠪᠡ᠂ ᠰᠢᠠᠴᠢᠨ ᠭᠡᠭᠡᠨ ᠤ ᠳᠡᠭᠦᠤ ᠦᠬᠢᠨ ᠤ ᠳᠤᠬᠠᠢ


ᠨᠤᠳᠤᠭ ᠤᠨ ᠨᠠᠰᠤᠳᠠᠢ᠌ᠴᠤᠳ ᠤᠨ ᠭᠡᠯᠡᠭᠦ ᠪᠠᠷ ᠪᠣᠶᠠᠠᠴᠤᠭᠳᠤ ᠬᠠᠨ ᠨᠠᠰᠤ ᠨᠥᠭ᠍ᠴᠢᠭ᠍ᠰᠡᠨ ᠡᠴᠡ ᠬᠤᠭᠤᠷᠤ ᠰᠸᠷᠳᠢᠪᠢᠯᠭᠠᠳᠠᠨ ᠬᠠᠳᠤᠨ ᠬᠤᠶᠠᠷ ᠭᠦᠪᠠᠭᠦᠨ(ᠰᠢᠠᠴᠢᠨ ᠭᠡᠭᠡᠨ ᠪᠣᠯᠤᠨ ᠳᠡᠭᠦᠨ ᠤ ᠳᠡᠭᠦᠤ ᠭᠦᠪᠠᠭᠦᠨ ) ᠂ ᠨᠢᠭᠡᠨ ᠦᠬᠢᠨ ᠳᠦᠷᠦᠭ᠍ᠰᠡᠨ ᠪᠦᠭᠡᠤᠨ ᠨᠠᠷ᠎ᠠ ᠨᠢ ᠦᠪᠣᠯᠠᠢ ᠭᠡᠳᠡᠭ᠌ ᠭᠡᠨ᠎ᠡ᠃ ᠡᠭᠦᠨ ᠢ ᠡ᠊ ᠂ ᠪᠠᠤᠠᠮᠠᠷ᠎ᠠ 《ᠬᠠᠷᠠᠰᠢᠷ᠎ᠠ ᠶᠢᠨ ᠳᠤᠷᠭᠤᠳ ᠤᠨ ᠭᠡᠷᠡᠭ᠌ ᠤᠨ ᠳᠤᠪᠴᠢ》 ᠭᠡᠭᠦ ᠵᠤᠬᠢᠶᠠᠯ ᠳᠠᠭᠠᠠ᠄《 ᠫᠠᠢ᠌ᠳᠢᠠᠳᠠᠢ ᠶᠢᠨ ᠭᠡᠮᠴᠢᠭ᠌ ᠪᠣᠯ ᠮᠠᠠᠴᠤᠭᠵᠠᠪ ᠬᠠᠨ ᠤ ᠠᠪᠠᠭ᠎ᠠ ᠡᠭᠡᠴᠢ ᠦᠪᠣᠯᠠᠢ ᠨᠤᠶᠠᠨ ᠤ ᠭᠦᠪᠠᠭᠦᠨ ᠪᠣᠯᠤᠨ᠎ᠠ》 (48) ᠭᠡᠰᠡᠨ ᠡᠴᠡ ᠮᠠᠳᠠᠵᠤ ᠪᠣᠯᠤᠨ᠎ᠠ ᠃

ᠳᠠᠩᠨᠠᠭᠤᠯ ᠤᠨ ᠡᠭᠦᠷᠭᠡ ᠳᠤᠰᠢᠶᠠᠯ ᠲᠡᠶ ᠬᠠᠭᠠᠠᠳᠤ ᠣᠷᠤᠰ ᠤᠨ ᠬᠠᠷᠢᠶᠠᠳᠤ ᠹᠢᠯᠠᠠᠳ᠋ ᠶᠢᠨ ᠪᠠᠷᠳᠠᠭ᠎ᠠ ᠰᠢᠠᠵᠢᠭ᠍ᠴᠢ ᠮᠠ ᠳ᠋ᠠ ᠬᠠᠨ ᠵᠤᠬᠢᠶᠠᠯ ᠳᠠᠭᠠᠨ《ᠳᠠᠷᠠ1907ᠣᠨ ᠤ 6 ᠰᠠᠷ᠎ᠠ ᠵᠢᠨ17 ᠤ ᠡᠳᠦᠷ ᠶᠦᠯᠳᠤᠰ ᠲᠤ(ᠣᠳᠤ ᠶᠢᠨ ᠪᠠᠶᠠᠠᠪᠣᠯᠠᠭ ᠢ ᠭᠡᠯᠡᠵᠤ ᠪᠣᠢ ) ᠭᠦᠷᠦᠭᠡᠤᠨ 《 ᠮᠠᠷᠭᠠᠰᠢ ᠨᠢ ᠁ ᠮᠠ ᠳ᠋ᠠ ᠬᠠᠨ ᠬᠠᠳᠤᠨ ᠡᠵᠢ ᠳᠤ ᠨᠢᠭᠡ ᠭᠠᠷ ᠴᠠᠭ ᠪᠠᠯᠡᠭ᠍ᠯᠡᠵᠤ ᠂ ᠭᠠᠳᠠᠭᠰᠢ ᠭᠠᠷᠤᠭᠰᠠᠨ ᠭᠡᠦᠭᠡᠨ ᠪᠣᠯᠤᠨ ᠭᠦᠪᠠᠭᠦᠨ ᠳᠤ ᠨᠢ ᠨᠢᠵᠡᠭᠡᠤᠨ ᠳᠤᠷᠠᠨ ᠭᠦᠷᠭᠡᠪᠡ》 (49) ᠭᠡᠵᠤ ᠪᠠᠢ᠌ᠬᠤ ᠨᠢ ᠂ ᠰᠸᠷᠳᠢᠪᠢᠯᠭᠠᠳᠠᠨ ᠬᠠᠳᠤᠨ ᠨᠢᠭᠡ ᠦᠬᠢᠨ ᠲᠡᠶ ᠪᠠᠢ᠌ᠭᠰᠠᠨ ᠢ ᠪᠠᠰᠠ ᠭᠡᠷᠡᠴᠢᠯᠡᠵᠤ ᠪᠠᠢ᠌ᠨ᠎ᠠ ᠃

ᠳᠤᠷᠭᠤᠤᠠᠴᠤᠳ ᠭᠡᠦᠭᠡᠨ ᠭᠦᠮᠤᠨ ᠢ ᠭᠡᠷ ᠤᠨ ᠴᠠᠳᠢᠭ ᠲᠤ ᠣᠷᠤᠭᠤᠯᠬᠤ ᠦᠭᠡᠶ ᠵᠤᠷᠰᠢᠯ ᠲᠡᠶ ᠣᠴᠢᠷ ᠂《ᠢᠯᠡᠦᠡᠭᠡᠯ ᠪᠢᠴᠢᠭ᠌ 》 ᠲᠤ ᠭᠡᠦᠭᠡᠨ ᠢ ᠨᠢ ᠪᠢᠴᠢᠭ᠍ᠰᠡᠨ ᠦᠭᠡᠶ ᠪᠠᠢ᠌ᠨ᠎ᠠ ᠃ ᠭᠡᠪᠠᠴᠤ ᠵᠤᠷᠰᠢᠯ ᠶᠤᠰᠤᠭᠠᠷ ᠪᠣᠶᠠᠠᠴᠤᠭᠳᠤ ᠬᠠᠨ ᠨᠠᠰᠤ ᠪᠠᠷᠠᠭᠰᠠᠨ ᠡᠴᠡ ᠬᠣᠢ᠌ᠰᠢ 1891 ᠣᠨ ᠊ᠤ1 ᠰᠠᠷ᠎ᠠ ᠵᠢᠨ14 ᠤ ᠡᠳᠦᠷ ᠳᠦᠷᠦᠭ᠍ᠰᠡᠨ ᠰᠢᠠᠴᠢᠨ ᠭᠡᠭᠡᠨ ᠪᠣᠯᠤᠨ ᠳᠡᠭᠦᠨ ᠤ ᠳᠡᠭᠦᠤ ᠭᠦᠪᠠᠭᠦᠨ ᠢ ᠭᠡᠷ ᠤᠨ ᠴᠠᠳᠢᠭ ᠲᠤ ᠪᠢᠴᠢᠭ᠍ᠰᠡᠨ ᠪᠠᠢ᠌ᠨ᠎ᠠ᠃

ᠰᠢᠠᠴᠢᠨ ᠭᠡᠭᠡᠨ ᠳᠤ ᠳᠤᠷᠭᠤᠳ ᠬᠠᠨ ᠤ ᠴᠢᠰᠤ ᠮᠢᠬᠠᠨ ᠤ ᠬᠤᠯᠪᠣᠭ᠎ᠠ ᠦᠭᠡᠶ᠂ ᠮᠤᠩᠭ᠋ᠤᠯ ᠦᠨᠳᠦᠰᠦᠳᠠᠨ ᠤ ᠴᠢᠰᠤ ᠮᠢᠬᠠᠨ ᠤ ᠬᠤᠯᠪᠣᠭ᠎ᠠ ᠴᠤ ᠪᠠᠢ᠌ᠬᠤ ᠦᠭᠡᠶ ᠮᠥᠷᠳᠡᠭᠡᠨ ᠂ ᠳᠡᠭᠦᠨ ᠤ ᠳᠡᠭᠦᠤ ᠭᠦᠪᠠᠭᠦᠨ ᠪᠣᠯᠤᠨ ᠳᠡᠭᠦᠤ ᠭᠡᠦᠭᠡᠨ ᠨᠢ ᠴᠤ ᠪᠣᠳᠠᠴᠢ ᠭᠡᠦᠭᠡᠤᠨ ᠭᠡᠭᠦ ᠠᠷᠠᠤᠨ ᠤᠨ ᠶᠠᠪᠠᠭᠠᠨ ᠶᠠᠷᠢᠶ᠎ᠠ ᠨᠢ ᠬᠤᠳᠠᠯ ᠪᠢᠰᠢ ᠂ ᠬᠠᠷᠢᠨ ᠦᠨᠡᠨ ᠭᠡᠳᠡᠭ᠌ ᠢ ᠳᠡᠭᠡᠷ᠎ᠡ ᠡᠰᠢ ᠳᠠᠳᠠᠵᠤ ᠥᠭᠦᠯᠡᠭ᠍ᠰᠡᠨ ᠮᠠᠲ᠋ᠸᠷᠢᠶᠠᠯ ᠤᠳ ᠪᠣᠯᠤᠨ ᠴᠢᠩ ᠣᠯᠤᠰ ᠤᠨ ᠳᠠᠩᠰᠠ ᠡᠪᠭᠡᠮᠡᠯ ᠤᠨ ᠳᠡᠮᠳᠡᠭᠯᠡᠯ ᠤᠳ ᠪᠠᠳᠤᠯᠠᠵᠤ ᠪᠠᠢ᠌ᠨ᠎ᠠ ᠃ ᠡᠢ᠌ᠮᠤ ᠡᠴᠡ ᠂ ᠳᠤᠷᠭᠤᠳ ᠬᠠᠨ ᠪᠤᠶᠡᠡᠮᠦ᠋ᠩᠭᠡ ᠭᠢᠭᠡᠤᠨ ᠰᠢᠠᠴᠢᠨ ᠭᠡᠭᠡᠨ ᠵᠢᠴᠢ ᠳᠡᠭᠦᠨ ᠤ ᠳᠡᠭᠦᠤ ᠭᠦᠪᠠᠭᠦᠨ ᠂ ᠳᠡᠭᠦᠤ ᠦᠬᠢᠨ ᠪᠣᠯ ᠡᠴᠢᠭᠡ ᠣᠠᠳᠤᠤ ᠡᠭᠡ ᠨᠢᠭᠡ ᠠᠬ᠎ᠠ ᠳᠡᠭᠦᠤ ᠶᠢᠨ ᠬᠠᠷᠢᠴᠠᠭ᠎ᠠ ᠲᠡᠶ ᠭᠡᠭᠦ ᠳ᠋ᠦᠩᠨᠠᠯᠳᠠ ᠶᠢ ᠪᠠᠳᠤᠳᠠᠢ ᠭᠠᠷᠭᠠᠵᠤ ᠪᠣᠯᠤᠨ᠎ᠠ᠃

ᠨᠢᠭᠡ ᠠᠢ᠌ᠯ ᠤᠨ ᠭᠡᠦᠭᠡᠤᠨ ᠤᠨ ᠭᠢᠨᠢ ᠨᠢᠭᠡ  ᠨᠢ ᠭᠡᠭᠡᠨ ᠶᠢᠡᠷ ᠳᠤᠳᠤᠯᠠᠭᠳᠠᠪᠠᠯ ᠳᠤᠡᠭ᠌ ᠪᠠᠶᠠᠷ ᠲᠡᠶ ᠭᠡᠷᠡᠭ᠌ ᠪᠣᠯᠬᠤ ᠶᠤᠮ ᠃ ᠡᠨᠡ ᠨᠢ ᠳᠠᠳᠠᠨ ᠤ ᠭᠡᠷ ᠪᠦᠯᠢ ᠪᠠᠢ᠌ᠳᠤᠭᠠᠢ ᠂ ᠪᠦᠭᠦ ᠠᠢ᠌ᠮᠠᠭ ᠬᠤᠰᠢᠭᠤ ᠶᠢᠨ ᠭᠢᠨᠢ ᠢᠷᠠᠭᠤ ᠠᠯᠳᠠᠷ ᠭᠡᠵᠤ ᠪᠣᠳᠤᠳᠠᠭ ᠶᠤᠮ᠃ ᠳᠤᠷᠭᠤᠳ ᠤᠨ ᠪᠣᠶᠠᠠᠴᠤᠭᠳᠤ ᠬᠠᠨ 1888 ᠣᠨ ᠳᠤ ᠵᠤᠤ ᠳᠤ ᠣᠴᠢᠭᠰᠠᠨ ᠤ ᠳᠠᠷᠠᠭ᠎ᠠ ᠭᠡᠷᠪᠡ ᠬᠠᠨ ᠤ ᠭᠦᠪᠠᠭᠦᠨ ᠤ ᠨᠢᠭᠡ ᠶᠢ ᠭᠡᠭᠡᠨ ᠶᠢᠡᠷ ᠳᠤᠳᠤᠯᠠᠭᠰᠠᠨ ᠪᠣᠯ ᠠᠢ᠌ᠯᠠᠤᠠᠬᠠᠯ ᠪᠢᠴᠢᠭ᠌ ᠲᠤ ᠳᠤᠷᠠᠳᠤᠭᠳᠠᠬᠤ ᠶᠤᠰᠤᠳᠠᠢ ᠃ ᠭᠡᠳᠡᠯ᠎ᠡ ᠂ ᠡᠢ᠌ᠮᠤ ᠳᠤᠮᠤ ᠭᠡᠷᠡᠭ᠌ ᠢ ᠪᠦᠷ ᠳᠤᠷᠠᠳᠤᠬᠰᠡᠨ ᠥᠭᠡᠢ ᠪᠠᠢ᠌ᠨ᠎ᠠ ᠃ 1928 ᠣᠨ ᠳᠤ ᠬᠠᠰᠯᠤᠠᠳᠠ ᠳᠤ ᠰᠢᠠᠴᠢᠨ ᠭᠡᠭᠡᠨ ᠬᠤᠪᠢᠯᠭᠠᠨ ᠶᠢᠡᠷ ᠳᠤᠳᠤᠯᠠᠭᠳᠠᠭᠰᠠᠨ ᠭᠡᠷᠡᠭ᠌ ᠶᠢᠡᠨ ᠶᠠᠷᠢᠬᠤ ᠳᠠᠭᠠᠨ ᠄ ᠳᠦᠷᠪᠠᠳᠦᠭᠡᠷ ᠳᠦᠷᠢ ᠶᠢᠨ ᠰᠢᠠᠴᠢᠨ ᠭᠡᠭᠡᠨ ᠢ 1887 ᠣᠨ ᠳᠤ ᠠᠯᠠᠭᠰᠠᠨ ᠳᠤ᠂ ᠭᠤᠷᠪᠠᠨ ᠵᠢᠯ ᠤᠨ ᠳᠠᠷᠠᠭ᠎ᠠ ᠨᠠᠳᠠ ᠶᠢ ᠳᠦᠷᠪᠠᠳᠦᠭᠡᠷ ᠳᠦᠷᠢ ᠶᠢᠨ ᠰᠢᠠᠴᠢᠨ ᠭᠡᠭᠡᠨ ᠤ ᠬᠤᠪᠢᠯᠭᠠᠨ ᠭᠡᠵᠤ ᠳᠤᠳᠤᠯᠠᠪᠠ ᠭᠡᠵᠤ ᠭᠡᠯᠡᠵᠡᠢ (50) ᠃ ᠡᠨᠡᠭᠦ 《ᠭᠤᠷᠪᠠᠨ ᠵᠢᠯ ᠊ᠤᠨ ᠲᠠᠷᠠᠭ᠎ᠠ》ᠭᠡᠳᠡᠭ᠌ ᠨᠢ ᠭᠤᠷᠪᠠᠨ ᠵᠢᠯ ᠤᠨ ᠳᠠᠷᠠᠭᠠᠭᠢ ᠨᠢᠭᠡᠨ ᠵᠢᠯ ᠪᠣᠯᠬᠤ ᠪᠦᠭᠡᠤᠨ1890 ᠣᠨ ᠭᠡᠵᠤ ᠭᠡᠯᠡᠭ᠍ᠰᠡᠨ ᠦᠭᠡᠶ ᠪᠠᠢ᠌ᠨ᠎ᠠ᠃ 1890 ᠣᠨ ᠡᠴᠡ ᠡᠮᠦᠨ᠎ᠡ ᠳᠦᠷᠦᠭ᠍ᠰᠡᠨ ᠬᠠᠨ ᠤ ᠬᠤᠶᠠᠷ ᠭᠦᠪᠠᠭᠦᠨ ᠤ ᠨᠢᠭᠡ ᠶᠢ ᠨᠢ ᠭᠡᠭᠡᠨ ᠤ ᠬᠤᠪᠢᠯᠭᠠᠨ ᠭᠡᠵᠤ ᠳᠤᠳᠤᠯᠠᠭᠰᠠᠨ ᠣᠴᠢᠷ ᠦᠭᠡᠶ ᠪᠢᠯᠠ᠃ ᠡᠭᠦᠨ ᠡᠴᠡ ᠥᠵᠡᠭᠦ ᠳᠤ 《ᠭᠤᠷᠪᠠᠳᠤᠭᠠᠷ ᠭᠦᠪᠠᠭᠦᠨ》 ᠭᠡᠮᠡᠭ᠍ᠴᠢ ᠰᠢᠠᠴᠢᠨ ᠭᠡᠭᠡᠨ ᠤ ᠬᠤᠪᠢᠯᠭᠠᠨ ᠨᠢ 1890 ᠣᠨ ᠡᠴᠡ ᠬᠣᠢ᠌ᠰᠢ᠂ ᠳᠠᠷᠤᠢ ᠪᠣᠶᠠᠠᠴᠤᠭᠳᠤ ᠬᠠᠨ ᠨᠠᠰᠤ ᠪᠠᠷᠠᠭᠰᠠᠨ ᠡᠴᠡ ᠬᠣᠢ᠌ᠰᠢᠭᠢ ᠭᠡᠷᠡᠭ᠌ ᠪᠠᠢ᠌ᠨ᠎ᠠ᠃

《ᠳᠠᠷᠠ ᠰᠢᠠᠴᠢᠨ ᠭᠡᠭᠡᠨ(ᠳᠦᠷᠪᠠᠳᠦᠭᠡᠷ ᠳᠦᠷᠢ ᠶᠢᠨ ᠰᠢᠠᠴᠢᠨ ᠭᠡᠭᠡᠨ) ᠪᠣᠯ ᠣᠤᠯ ᠨᠢ ᠠᠷᠤ ᠲᠦᠪᠡᠳ ᠤᠨ ᠷᠠᠰᠢᠯᠦ᠋ᠮᠪᠣ ᠭᠡᠢ᠌ᠤᠨ ᠤᠨ ᠬᠠᠷᠢᠶᠠᠳᠤ ᠷᠤᠩᠽᠢ ᠰᠦᠮ᠎ᠡ ᠶᠢᠨ ᠭᠡᠭᠡᠨ ᠪᠠᠢ᠌ᠪᠠ᠃ ᠳᠦᠷᠪᠠᠳᠦᠭᠡᠷ ᠳᠦᠷᠢ ᠵᠢᠨ ᠰᠢᠠᠴᠢᠨ ᠭᠡᠭᠡᠨ ᠯᠤᠪᠰᠠᠩᠪᠠᠯᠳᠠᠠᠴᠦ᠋ᠮᠪᠣᠯ ᠢ ᠲᠦᠪᠡᠳ ᠤᠨ ᠭᠠᠱᠠ ᠶᠢᠨ ᠭᠠᠵᠠᠷ ᠡᠴᠡ ᠭᠠᠳᠠᠭᠠᠳᠤ ᠶᠢᠨ ᠭᠦᠮᠦᠰ ᠯᠦᠭᠡ ᠳᠤᠷ᠎ᠠ ᠪᠠᠷ ᠶᠢᠡᠨ ᠶᠠᠪᠣᠯᠴᠠᠵᠤ ᠪᠣᠯᠬᠤ ᠦᠭᠡᠶ ᠭᠡᠰᠡᠨ ᠳᠤᠭᠳᠠᠭᠠᠯ ᠢ ᠵᠦᠷᠢᠴᠠᠵᠤ ᠂ ᠡᠡᠩᠭ᠍ᠯᠢ ᠶᠢᠨ ᠳᠠᠩᠨᠠᠭᠤᠯ ᠳ᠋ᠠᠰ ᠢ ᠵᠤᠴᠢᠯᠠᠭᠰᠠᠨ ᠳᠤ ᠂ ᠳ᠋ᠠᠰ ᠷᠤᠩᠽᠢ ᠰᠦᠮ᠎ᠡ ᠳᠤ ᠭᠡᠳᠤᠨ ᠰᠠᠷ᠎ᠠ ᠰᠠᠭᠤᠭᠠᠤᠨ ᠂ ᠠᠷᠤ ᠲᠦᠪᠡᠳ ᠤᠨ ᠭᠠᠵᠠᠷ ᠤᠨ ᠵᠢᠷᠤᠭ ᠢ ᠵᠢᠷᠤᠵᠤ ᠠᠪᠣᠭᠠᠤᠨ ᠶᠠᠪᠣᠵᠠᠢ ᠃ ᠡᠨᠡ ᠣᠴᠢᠷ ᠶᠢᠡᠷ ᠳᠦᠷᠪᠠᠳᠦᠭᠡᠷ ᠳᠦᠷᠢ ᠶᠢᠨ ᠰᠢᠠᠴᠢᠨ ᠭᠡᠭᠡᠨ 1887 ᠣᠨ ᠤ 6 ᠰᠠᠷ᠎ᠠ ᠶᠢᠨ ᠨᠢᠭᠡ ᠡᠳᠦᠷ ᠭᠠᠱᠠ ᠶᠢᠨ ᠭᠠᠵᠠᠷ ᠲᠤ ᠶᠠᠯᠠᠯᠠᠭᠳᠠᠨ ᠠᠯᠠᠭᠳᠠᠵᠤ ᠂ ᠳᠠᠭᠢᠵᠤ ᠣᠭᠳᠤ ᠲᠦᠷᠦᠯ ᠠᠷᠠᠯᠵᠢᠵᠤ ᠪᠣᠯᠬᠤ ᠦᠭᠡᠶ ᠭᠡᠵᠤ ᠰᠢᠦᠡᠭᠡᠭ᠍ᠳᠡᠵᠡᠢ᠃ ᠰᠡᠭᠦᠯᠡᠷ ᠨᠢ ᠭᠡᠢ᠌ᠤᠨ ᠤᠨ ᠳᠡᠭᠡᠳᠤ ᠳᠠᠪᠬᠤᠷᠭᠠᠳᠠᠤᠨ ᠠᠷᠭᠠᠯᠠᠨ ᠣᠬᠠᠭᠠᠯᠠᠵᠤ ᠪᠠᠢ᠌ᠭᠠᠤᠨ ᠳᠡᠭᠦᠨ ᠢ ᠬᠠᠭᠤᠴᠢᠨ ᠳᠤᠷᠭᠤᠳ ᠤᠨ ᠬᠠᠨ ᠤ ᠭᠡᠷ ᠲᠤ ᠬᠤᠪᠢᠯᠠᠭᠤᠯᠤᠭᠰᠠᠨ ᠶᠤᠮ》(51) ᠭᠡᠵᠡᠢ᠃ ᠳᠠᠪᠣᠳᠤᠭᠠᠷ ᠳᠦᠷᠢ ᠶᠢᠨ ᠰᠢᠠᠴᠢᠨ ᠭᠡᠭᠡᠨ ᠳ᠋ᠠᠠᠮᠠᠷᠺ ᠭᠦᠮᠤᠨ ᠬᠠᠰᠯᠤᠠᠳᠠ ᠲᠡᠶ ᠶᠠᠷᠢᠯᠴᠠᠬᠤ ᠳᠤ ᠪᠠᠨ ᠂ ᠦᠪᠡᠷ ᠤᠨ ᠣᠷᠢᠳᠠᠭᠢ ᠳᠦᠷᠢ ︱ ᠳᠦᠷᠪᠠᠳᠦᠭᠡᠷ ᠳᠦᠷᠢ ᠶᠢᠨ ᠰᠢᠠᠴᠢᠨ ᠭᠡᠭᠡᠨ ᠪᠣᠯ《ᠭᠠᠳᠠᠭᠠᠳᠤ ᠣᠯᠤᠰ ᠤᠨ ᠵᠠᠰᠠᠭ ᠤᠨ ᠭᠠᠵᠠᠷ ᠤᠨ ᠳᠦᠯᠦᠭᠡᠯᠡᠭ᠍ᠴᠢᠤᠨ ᠤᠨ ᠪᠦᠯᠭᠦᠮ ᠳᠤ ᠯᠠᠮᠠ ᠶᠢᠨ ᠱᠠᠰᠢᠨ ᠤ ᠨᠢᠭᠤᠴᠠ ᠶᠢ ᠵᠠᠳᠠᠷᠠᠭᠤᠯᠤᠭᠰᠠᠨ》 (52) ᠣᠴᠢᠷ ᠶᠢᠡᠷ ᠠᠯᠠᠭᠳᠠᠭᠰᠠᠨ ᠪᠢᠯᠠ ᠭᠡᠵᠤ ᠭᠡᠯᠡᠭ᠍ᠰᠡᠨ ᠪᠠᠢ᠌ᠪᠠ᠃ ᠳᠡᠭᠡᠪᠠᠯ᠂ ᠳᠠᠯᠠᠢ ᠯᠠᠮᠠ ᠶᠢᠨ ᠣᠳᠤᠷᠢᠳᠤᠭᠰᠠᠨ ᠲᠦᠪᠡᠳ ᠤᠨ ᠭᠠᠱᠠ ᠶᠢᠨ ᠵᠠᠰᠠᠭ ᠤᠨ ᠭᠠᠵᠠᠷ ᠡᠴᠡ ᠰᠢᠦᠡᠭᠡᠨ ᠠᠯᠠᠵᠤ ᠂ ᠳᠠᠭᠢᠨ ᠣᠭᠳᠤ ᠲᠦᠷᠦᠯ ᠠᠷᠠᠯᠵᠢᠵᠤ ᠪᠣᠯᠬᠤ ᠦᠭᠡᠶ ᠭᠡᠵᠤ ᠵᠠᠷᠯᠠᠭᠰᠠᠨ ᠲᠦᠪᠡᠳ ᠤᠨ ᠰᠢᠠᠴᠢᠨ ᠭᠡᠭᠡᠨ ᠶᠠᠭᠠᠭᠢᠭᠠᠤᠨ ᠠᠯᠤᠰ ᠬᠤᠯᠠ ᠳ᠋ᠠᠭᠢ ᠰᠢᠠᠵᠢᠶᠠᠩ ᠮᠤᠩᠭ᠋ᠤᠯ ᠤᠨ ᠳᠤᠷᠭᠤᠳ ᠠᠢ᠌ᠮᠠᠭ ᠲᠤ ᠂ ᠨᠠᠩ ᠴᠤ ᠰᠠᠨᠠᠭᠰᠠᠨ ᠡᠴᠡ ᠭᠠᠳᠠᠭᠤᠷ ᠳᠤᠷᠭᠤᠤᠠᠴᠤᠳ ᠤᠨ ᠬᠠᠮᠤᠭ ᠳᠡᠭᠡᠳᠤ ᠨᠤᠶᠠᠷᠬᠠᠭᠴᠢ ᠪᠣᠯᠬᠤ ᠬᠠᠨ ᠸᠠᠩ ᠤᠨ ᠭᠡᠷ ᠲᠤ ᠳᠤᠳᠤᠷᠠᠭᠰᠠᠨ ᠪᠣᠢ ︖ ᠭᠡᠪᠠᠯ ᠂ 《ᠣᠢ᠌ᠷᠠᠤᠨ ᠮᠤᠩᠭ᠋ᠤᠯ ᠤᠨ ᠳᠤᠪᠴᠢ ᠳᠡᠦᠭᠡ 》 ᠳᠤ ᠄ 《ᠳᠤᠷᠭᠤᠳ ᠤᠨ ᠪᠣᠶᠠᠠᠴᠤᠭᠳᠤ ᠬᠠᠨ ᠤ ᠳᠦᠷᠪᠠᠳᠦᠭᠡᠷ ᠭᠦᠪᠠᠭᠦᠨ( 《ᠢᠯᠠᠤᠠᠬᠡᠯ ᠪᠢᠴᠢᠭ᠌》 ᠡᠴᠡ ᠦᠵᠡᠪᠠᠯ ᠂ ᠭᠤᠷᠪᠠᠳᠤᠭᠠᠷ ᠭᠦᠪᠠᠭᠦᠨ ᠨᠢ ᠪᠦᠯᠦᠨ᠎ᠡ ︱ ᠡᠰᠢ ᠳᠠᠳᠠᠭᠴᠢ ᠡᠴᠡ) ᠢ ᠳᠠᠪᠣᠳᠤᠭᠠᠷ ᠳᠦᠷᠢ ᠶᠢᠨ ᠰᠢᠠᠴᠢᠨ ᠭᠡᠭᠡᠨ ᠤ ᠬᠤᠪᠢᠯᠭᠠᠨ ᠭᠡᠵᠤ ᠳᠤᠳᠤᠯᠠᠵᠠᠢ᠃ ᠢᠩᠭᠢᠭᠡᠤᠨ ᠲᠦᠪᠡᠳ ᠦᠨᠳᠦᠰᠦᠳᠠᠨ ᠤ ᠰᠢᠠᠴᠢᠨ ᠭᠡᠭᠡᠨ ᠳᠤᠷᠭᠤᠳ ᠲᠤ ᠢᠯᠡᠳᠡᠭ᠍ᠰᠡᠨ ᠪᠠᠢ᠌ᠨ᠎ᠠ ᠃ ᠡᠨᠡ ᠪᠣᠯ ᠭᠡᠯᠪᠠᠷᠢ ᠶᠢᠨ ᠳᠠᠯ᠎ᠠ ᠶᠢᠨ ᠭᠡᠯᠡᠯᠭᠡ ᠳᠠᠳᠤᠢ ᠶᠤᠮ᠃ ᠰᠢᠠᠴᠢᠨ ᠭᠡᠭᠡᠨ ᠶᠠᠭᠠᠭᠢᠭᠠᠤᠨ ᠰᠢᠠᠵᠢᠶᠠᠩ ᠳᠤ ᠢᠯᠡᠳᠡᠭ᠍ᠰᠡᠨ ᠤ ᠭᠤᠤᠯ ᠰᠢᠯᠳᠠᠭᠠᠨ ᠪᠣᠯ ᠲᠦᠪᠡᠳ ᠤᠨ ᠣᠯᠤᠰ ᠲᠦᠷᠦ᠂ ᠱᠠᠰᠢᠨ ᠤ ᠪᠦᠯᠦᠭ᠌ ᠤᠨ ᠳᠠᠮᠠᠴᠠᠯ ᠡᠴᠡ ᠪᠣᠯᠤᠭᠰᠠᠨ ᠶᠤᠮ》 (53) ᠭᠡᠵᠡᠢ ᠃ ᠡᠭᠦᠨ ᠡᠴᠡ ᠥᠵᠡᠭᠦ ᠳᠤ ᠂ ᠡᠨᠡ ᠨᠢ ᠪᠣᠷᠬᠠᠨ ᠪᠠᠭᠰᠢ ᠡᠴᠡ ᠳᠤᠷᠭᠤᠳ ᠬᠠᠨ ᠤ ᠭᠢᠨ ᠳᠤ ᠭᠡᠨᠡᠦᠡᠳᠡ ᠭᠡᠰᠢᠭ᠌ ᠭᠦᠷᠳᠡᠭᠡᠭ᠍ᠰᠡᠨ ᠭᠡᠷᠡᠭ᠌ ᠣᠭᠳᠤ ᠪᠢᠰᠢ ᠂ ᠬᠠᠷᠢᠨ ᠭᠡᠭᠡᠨ ᠤ ᠲᠦᠷᠦᠯ ᠠᠷᠠᠯᠵᠢᠭᠰᠠᠨ ᠭᠡᠷᠡᠭ᠌ ᠤᠨ ᠬᠣᠢ᠌ᠭᠤᠷ ᠨᠢ ᠦᠨᠡᠷᠠᠨ ᠭᠦᠮᠤᠨ ᠳᠤ ᠮᠡᠳᠡᠭ᠍ᠳᠡᠭᠡᠤᠨ ᠦᠭᠡᠶ ᠨᠠᠷᠢᠨ ᠨᠢᠭᠤᠴᠠ ᠨᠢᠭᠤᠭᠳᠠᠨ ᠳᠠᠯᠳᠠᠯᠠᠭᠳᠠᠵᠤ ᠪᠠᠢ᠌ᠬᠤ ᠶᠢ ᠮᠡᠳᠡᠭᠦᠯᠵᠤ ᠪᠠᠢ᠌ᠨ᠎ᠠ ᠃ ᠭᠡᠳᠡᠯ᠎ᠡ᠂ ᠳᠠᠪᠣᠳᠤᠭᠠᠷ ᠳᠦᠷᠢ ᠶᠢᠨ ᠰᠢᠠᠴᠢᠨ ᠭᠡᠭᠡᠨ ᠢ ᠠᠷᠪᠠᠨ ᠭᠤᠷᠪᠠᠳᠤᠭᠠᠷ ᠳᠠᠯᠠᠢ ᠯᠠᠮᠠ ᠣᠭᠳᠤ ᠭᠦᠯᠢᠶᠡᠨ ᠳᠠᠨᠢᠬᠤ ᠦᠭᠡᠶ ᠪᠠᠢ᠌ᠪᠠ᠃ ᠰᠢᠠᠴᠢᠨ ᠭᠡᠭᠡᠨ᠄《ᠭᠦᠮᠤᠨ ᠤ ᠰᠦᠨᠠᠰᠤ ᠭᠢᠭᠡᠤᠨ ᠪᠠᠶ᠎ᠠ ᠮᠠᠬᠠᠪᠣᠤᠨ ᠢ ᠡᠵᠡᠮᠰᠢᠭᠦ ᠡᠷᠭᠡ ᠲᠡᠶ ᠳᠠᠯᠠᠢ ᠯᠠᠮᠠ ᠡᠴᠡ ᠰᠢᠡᠴᠢᠨ ᠂ ᠳᠤᠷᠵᠢᠼᠠᠩ ᠢ ᠭᠦᠮᠤᠨ ᠤ ᠶ‍ᠢᠷᠳᠢᠠᠴᠤ ᠳᠤ ᠳᠠᠭᠢᠨ ᠲᠦᠷᠦᠯ ᠬᠤᠪᠢᠯᠬᠤ ᠶᠢ ᠴᠠᠭᠠᠵᠢᠯᠠᠵᠠᠢ ᠃ ᠁ ᠳᠠᠢ᠌ᠮᠤ ᠡᠴᠡ ᠂ ᠳᠠᠷᠠ (ᠰᠢᠠᠴᠢᠨ)ᠠᠷᠭ᠎ᠠ ᠪᠣᠰᠤ ᠳᠠᠯᠠᠢ ᠯᠠᠮᠠ ᠡᠴᠡ ᠬᠤᠯᠠᠬᠠᠨ ᠠᠮᠢᠳᠤᠷᠬᠤ ᠪᠣᠯᠵᠠᠢ》(54) ᠭᠡᠰᠡᠨ ᠪᠠᠢ᠌ᠯ᠎ᠠ᠃

1912 ᠣᠨ ᠳᠤ  ᠡᠭᠦᠰᠦᠭ᠍ᠰᠡᠨ ᠴᠠᠭᠠᠭᠴᠢᠨ ᠭᠠᠬᠠᠢ ᠵᠢᠯ ᠤᠨ ᠬᠤᠪᠢᠰᠬᠠᠯ ᠨᠢ ᠴᠢᠩ ᠲᠦᠷᠦ ᠶᠢ ᠡᠴᠦᠰᠯᠡᠭᠦᠯᠦᠭ᠍ᠰᠡᠨ ᠳᠤ ᠡᠡᠩᠭ᠍ᠯᠢ ᠶᠢᠨ ᠡᠵᠡᠷᠭᠡᠭ᠌ ᠳᠦᠷᠢᠮᠡᠭᠡᠢ᠌ᠳᠡᠨ ᠡᠭᠦᠨ ᠢ《ᠲᠦᠪᠡᠳ ᠢ ᠳᠤᠰᠠᠭᠠᠷ ᠳᠤᠭᠳᠠᠨᠢᠭᠤᠯᠬᠤ》ᠣᠯᠳᠠᠰᠢ ᠦᠭᠡᠶ ᠵᠠᠪ ᠲᠤᠬᠢᠶᠠᠯ ᠭᠡᠵᠤ ᠥᠵᠡᠭᠡᠤᠨ᠂ ᠡᠨᠡᠦᠡᠭᠡᠭ᠌ ᠡᠴᠡ ᠬᠣᠢ᠌ᠰᠢ ( ᠣᠮᠠᠷᠠᠰᠢ ) ᠪᠠᠨ ᠳᠦᠷᠢᠮᠡᠭᠡᠢ᠌ᠯᠡᠭᠦ ᠭᠡᠵᠤ ᠨᠢᠭᠡᠡᠳᠡ ᠳᠤᠭᠳᠠᠭᠠᠰᠠᠨ ᠴᠢᠭᠯᠡᠯᠳᠡ ᠪᠠ ᠠᠽᠢᠶ᠎ᠠ ᠶᠢ ᠳᠦᠷᠢᠮᠡᠭᠡᠢ᠌ᠯᠡᠭᠦ ᠪᠠᠢ᠌ᠯᠳᠤᠬᠤ ᠪᠣᠳᠤᠯᠭ᠎ᠠ ᠶᠢᠨ ᠶᠡᠷᠦᠩᠭᠡᠢ ᠳᠦᠯᠦᠪᠯᠡᠯᠭᠡ ᠪᠠᠨ ᠦᠨᠳᠦᠰᠦᠯᠠᠨ᠂ ᠡᠨᠡᠭᠦ ᠴᠠᠭ ᠲᠤᠬᠢᠶᠠᠯ ᠢ ᠵᠠᠪᠳᠤᠨ ᠮᠠᠨ ᠤ ᠣᠯᠤᠰ ᠤᠨ ᠪᠠᠷᠠᠭᠤᠨ ᠭᠡᠰᠡᠭ᠌ ᠤᠨ ᠥᠷᠭᠡᠨ ᠶᠡᠭᠡ ᠨᠤᠳᠤᠭ ᠳᠡᠪᠢᠰᠭᠡᠷ ᠢ ᠬᠠᠭᠠᠴᠠᠭᠤᠯᠤᠨ ᠰᠠᠯᠭᠠᠵᠤ᠂ ᠦᠪᠡᠷ ᠤᠨ ᠺᠤᠯᠤᠨᠢ ᠣᠷᠤᠨ ᠡᠨᠡᠦᠡᠭᠡᠭ᠌᠂ ᠠᠹᠭᠠᠨᠢᠰᠲ᠋ᠠᠨ᠂ ᠺᠠᠱᠮᠢᠷ ᠲᠡᠶ ᠨᠡᠢ᠌ᠯᠡᠭᠦᠯᠭᠦ ᠭᠡᠵᠤ (55) ᠪᠠᠢ᠌ᠬᠤ ᠳᠤ᠂《ᠶᠡᠭᠡ ᠲᠦᠪᠡᠳ ᠣᠯᠤᠰ》 ᠪᠠᠢ᠌ᠭᠤᠯᠬᠤ ᠪᠠᠷ ᠶᠠᠭᠠᠷᠠᠵᠤ ᠪᠠᠢ᠌ᠭᠰᠠᠨ ᠳᠠᠯᠠᠢ ᠯᠠᠮᠠ᠂ ᠨᠤᠳᠤᠭ ᠨᠢ《ᠶᠡᠭᠡ ᠲᠦᠪᠡᠳ ᠣᠯᠤᠰ》 ᠤᠨ ᠭᠦᠷᠢᠶ᠎ᠡ ᠭᠢᠵᠠᠭᠠᠷ ᠪᠣᠯᠬᠤ 《ᠰᠢᠠᠵᠢᠶᠠᠩ ᠤᠨ ᠡᠮᠦᠨ᠎ᠡ ᠭᠡᠰᠡᠭ᠌》 (56) ᠲᠤ ᠪᠠᠢ᠌ᠬᠤ ᠳᠤᠷᠭᠤᠳ ᠮᠤᠩᠭ᠋ᠤᠯ ᠤᠨ ᠬᠠᠮᠤᠭ ᠳᠡᠭᠡᠳᠤ ᠨᠤᠶᠠᠷᠬᠠᠭᠴᠢ ᠬᠠᠨ ᠤ《ᠭᠤᠷᠪᠠᠳᠤᠭᠠᠷ ᠭᠦᠪᠠᠭᠦᠨ》 ᠭᠡᠮᠡᠭ᠍ᠴᠢ ᠰᠢᠠᠴᠢᠨ ᠭᠡᠭᠡᠨ ᠢ ᠳᠠᠭᠤᠳᠠᠭᠤᠯᠤᠨ ᠠᠭᠤᠯᠵᠠᠵᠤ᠂ ᠳᠠᠢ᠌ᠯᠠᠯᠭ᠎ᠠ ᠭᠢᠵᠤ ᠵᠤᠴᠢᠯᠠᠭᠠᠤᠨ᠂ ᠥᠭᠡ ᠴᠢᠭ᠍ᠴᠢ ᠂ ᠣᠤᠠᠬ᠎ᠠ ᠭᠦᠨ ᠶᠢᠡᠷ ᠰᠤᠷᠭᠠᠯ ᠬᠠᠢ᠌ᠷᠠᠯᠠᠨ ᠭᠦᠡᠳᠤ ᠨᠠᠢ᠌ᠳᠠᠯᠭ᠎ᠠ ᠪᠠᠨ ᠵᠠᠭᠢᠵᠤ᠂ ᠦᠪᠡᠷ ᠤᠨ《ᠳᠦᠪᠳᠠᠨ》 ᠭᠡᠭᠦ ᠴᠤᠯᠠ ᠪᠠᠨ ᠳᠡᠭᠦᠨ ᠳᠤ ᠥᠭ᠍ᠴᠡᠢ᠃ ᠢᠩᠭᠡᠭᠡᠤᠨ ᠰᠢᠠᠴᠢᠨ ᠭᠡᠭᠡᠨ ᠤ ᠨᠠᠷ᠎ᠠ ᠨᠢ ᠳᠦᠪᠳᠠᠠᠴᠠᠷᠠᠠᠴᠦ᠋ᠮᠪᠣᠯ ᠪᠣᠯᠵᠠᠢ (57)᠃ ᠳᠠᠷᠠ ᠲᠦᠪᠡᠳ ᠡᠴᠡ ᠪᠣᠴᠠᠵᠤ ᠢᠷᠡᠭ᠍ᠰᠡᠨ ᠡᠴᠡ ᠬᠣᠢ᠌ᠰᠢ᠂ ᠡᠵᠡᠨ ᠬᠠᠨ ᠢ ᠬᠤᠷᠤᠭᠠᠵᠤ ᠡᠷᠭᠡ ᠪᠣᠯᠢᠶᠠᠵᠤ ᠂ ᠲᠦᠷᠦ ᠱᠠᠰᠢᠨ ᠢ ᠨᠢᠭᠡᠦᠡᠭᠡᠭᠦ ᠳᠦᠷᠢᠮ ᠢ ᠭᠡᠷᠡᠭ᠍ᠵᠢᠭᠦᠯᠪᠡ ᠁ 1932 ᠣᠨ ᠳᠤ᠂ ᠰᠢᠠᠵᠢᠶᠠᠩ ᠮᠤᠵᠢ ᠶᠢᠨ ᠵᠠᠰᠠᠭ ᠤᠨ ᠭᠠᠵᠠᠷ ᠡᠴᠡ ᠳᠡᠭᠦᠨ ᠢ ᠫᠣᠤᠳᠠᠨ ᠠᠯᠠᠪᠠ (58) ᠃ ᠳᠠᠢ᠌ᠮᠤ ᠡᠴᠡ ᠂ ᠰᠢᠠᠴᠢᠨ ᠭᠡᠭᠡᠨ ᠲᠦᠷᠦᠯ ᠠᠷᠠᠯᠵᠢᠭᠰᠠᠨ ᠶᠠᠪᠣᠳᠠᠯ ᠨᠢ ᠡᠮᠦᠨ᠎ᠡ ᠳᠤᠷᠭᠤᠳ ᠠᠢ᠌ᠮᠠᠭ ᠲᠤ ᠡᠭᠦᠰᠦᠭ᠍ᠰᠡᠨ ᠵᠣᠢ᠌ᠯ ᠪᠦᠷᠢ ᠶᠢᠨ ᠣᠯᠤᠰ ᠲᠦᠷᠦ ᠵᠢᠨ ᠭᠡᠷᠡᠭ᠌ ᠊ᠤᠨ ᠡᠭᠡ ᠡᠭᠦᠰᠪᠦᠷᠢ ᠪᠣᠯᠬᠤ ᠶᠤᠮ᠃ ᠳᠤᠷᠭᠤᠳ ᠮᠤᠩᠭ᠋ᠤᠯᠴᠤᠳ ᠤᠨ ᠡᠷᠳᠡ ᠳᠡᠭᠡᠳᠤ ᠡᠴᠡ ᠣᠯᠠᠮᠵᠢᠯᠠᠵᠤ ᠢᠷᠡᠭ᠍ᠰᠡᠨ ᠦᠵᠡᠯᠳᠠ ᠪᠠᠷ ᠪᠣᠯ ᠳᠤᠷᠭᠤᠳ ᠤᠨ ᠬᠠᠨ ᠲᠡᠶ ᠴᠢᠰᠤᠨ ᠮᠢᠬᠠᠨ ᠤ ᠬᠤᠯᠪᠣᠭ᠎ᠠ ᠦᠭᠡᠶ ᠭᠦᠮᠤᠨ ᠢ ᠬᠠᠨ ᠰᠠᠭᠤᠷᠢ ᠳᠤ ᠣᠭᠳᠤ ᠭᠠᠷᠭᠠᠬᠤ ᠦᠭᠡᠶ ᠪᠠᠢ᠌ᠳᠠᠭ᠃ ᠳᠠᠢ᠌ᠮᠤ ᠡᠴᠡ ᠂ ᠡᠨᠡ ᠨᠢ ᠡᠮᠦᠨ᠎ᠡ ᠳᠤᠷᠭᠤᠳ ᠪᠣᠯᠤᠨ ᠬᠤᠱᠤᠳ ᠤᠨ ᠳᠡᠭᠡᠳᠤ ᠳᠠᠪᠬᠤᠷᠭᠠᠳᠠᠨ ᠰᠢᠠᠴᠢᠨ ᠭᠡᠭᠡᠨ ᠤ ᠡᠵᠡᠨ ᠶᠢᠡᠨ ᠬᠤᠷᠤᠭᠠᠵᠤ ᠡᠷᠭᠡ ᠪᠣᠯᠢᠶᠠᠵᠤ᠂ ᠵᠠᠰᠠᠭ ᠣᠷᠤᠯᠠᠭᠴᠢ ᠸᠠᠩ( ᠬᠠᠨ )ᠪᠣᠯᠬᠤ ᠶᠢ ᠨᠢ ᠴᠢᠩᠭ᠋᠎ᠠ ᠡᠰᠡᠷᠭᠦᠴᠡᠵᠤ ᠪᠠᠢ᠌ᠭᠰᠠᠨ ᠤ ᠭᠤᠤᠯ ᠰᠢᠯᠳᠠᠭᠠᠨ ᠪᠣᠯᠤᠨ᠎ᠠ᠃ ᠡᠢ᠌ᠮᠤ ᠡᠴᠡ᠂ ᠡᠨᠡ ᠨᠢ ᠳᠤᠷᠭᠤᠳ ᠮᠤᠩᠭ᠋ᠤᠯ ᠤᠨ ᠳᠡᠦᠭᠡᠨ ᠳᠤ ᠳᠤᠳᠤᠷᠬᠠᠢ᠌ᠯᠠᠬᠤ ᠴᠢᠬᠤᠯᠠ ᠲᠡᠶ ᠨᠢᠭᠡᠨ ᠭᠡᠷᠡᠭ᠌ ᠪᠣᠯᠤᠨ᠎ᠠ᠃ ᠡᠨᠡᠭᠦ ᠵᠠᠭᠤᠨ ᠭᠠᠷᠤᠢ ᠵᠢᠯ ᠤᠨ ᠬᠤᠭᠤᠴᠠᠭᠠᠨ ᠳᠤ ᠪᠢᠳᠡᠭᠦᠮᠵᠢᠯᠡᠭ᠍ᠳᠡᠨ ᠳᠠᠷᠤᠭᠳᠠᠭᠰᠠᠨ《ᠣᠷᠳᠤᠨ ᠤ ᠨᠢᠭᠤᠴᠠ》 ᠶᠢ ᠢᠯᠡᠷᠡᠭᠦᠯᠤᠨ ᠵᠠᠳᠠᠷᠠᠭᠤᠯᠬᠤ ᠶᠠᠪᠣᠳᠠᠯ ᠨᠢ ᠢᠷᠭᠡᠨ ᠣᠯᠤᠰ ᠤᠨ ᠦᠶ᠎ᠡ ᠳᠤ ᠳᠤᠷᠭᠤᠳ ᠮᠤᠩᠭ᠋ᠤᠯ ᠤᠨ ᠬᠠᠨ ᠤ ᠠᠢ᠌ᠮᠠᠭ ᠲᠤ ᠡᠭᠦᠰᠦᠭ᠍ᠰᠡᠨ ᠠᠷᠪᠢᠨ ᠣᠯᠠᠨ ᠭᠡᠷᠡᠭ᠌ ᠢ ᠰᠤᠳᠤᠯᠬᠤ ᠳᠤ ᠳᠤᠡᠭ᠌ ᠴᠢᠬᠤᠯᠠ ᠠᠴᠢ ᠬᠤᠯᠪᠣᠭᠳᠠᠯ ᠲᠡᠶ ᠪᠠᠷ ᠪᠠᠷᠠᠬᠤ ᠦᠭᠡᠶ᠂ ᠣᠢ᠌ᠷᠠᠤᠨ ᠮᠤᠩᠭ᠋ᠤᠯ ᠤᠨ ᠳᠡᠦᠭᠡ ᠪᠣᠯᠤᠨ ᠰᠢᠠᠵᠢᠶᠠᠩ ᠤᠨ ᠣᠷᠤᠨ ᠨᠤᠳᠤᠭ ᠤᠨ ᠳᠡᠦᠭᠡᠨ ᠳ᠋ᠠᠭᠢ ᠭᠦᠩᠭᠡᠪᠴᠢᠯᠡᠵᠤ ᠪᠣᠯᠤᠰᠢ ᠦᠭᠡᠶ ᠨᠢᠭᠡᠨ ᠳᠡᠦᠭᠡᠳᠤ ᠭᠡᠷᠡᠭ᠌ ᠢ ᠭᠦᠡᠳᠡᠭ᠍ᠰᠡᠨ ᠶᠠᠪᠣᠳᠠᠯ ᠪᠣᠯᠤᠨ᠎ᠠ ᠃


ᠵᠡᠭᠦᠯᠳᠡ ᠄

1 中锅缵一励狗档案馆编 《 光绪朝朱砒疣折 》 ,中华书局1996年12月影印第一版,第116辑,第351页,第328件奏折; 《 清德宗实录 》 卷248,光绪十三年十月辛卯(初八日)。转引自 《 西域研究 》 2009年第一期第32页。

2 新疆励狗与现状系列研究综合项目︖新疆励狗档案文献丛刊 《 近带郝疆蒙古励狗档案 》 新疆维吾蹲灾吻档案局、中锅圭会科学院边疆史地中心、 《 新疆通史 》 编撰委员会编,新疆人民出版社2008年出版,第294页。

3 中锅缵一励狗档案馆编 《 光绪朝朱砒疣折 》 第 113 辑北京:中华书局,1996:629 -630。转引自 《 昌吉学院学报 》 2008年第3期 • 周学军 《 新疆旧土鹅杼孛晒旁 ︔ 俗苛送己谷舾墒肥悼肌芬晃摹︖

4 《 清实录 》 准噶妒妨险啵︖48页,新疆人民出版社1987年出版。

5 《ᠣᠢ᠌ᠷᠠᠤᠨ ᠳᠡᠦᠭᠡᠨ ᠰᠤᠷᠪᠣᠯᠵᠢ ᠪᠢᠴᠢᠭ᠌》᠂ ᠦᠪᠣᠷ ᠮᠤᠩᠭ᠋ᠤᠯ ᠤᠨ ᠰᠤᠶᠤᠯ ᠤᠨ ᠭᠡᠪᠯᠡᠯ ᠤᠨ ᠬᠤᠷᠢᠶ᠎ᠠ᠂1985 ᠣᠨ ᠳᠤ ᠭᠡᠪᠯᠡᠵᠡᠢ ᠂ 372 ᠳ᠋ᠤᠭᠠᠷ ᠨᠢᠭᠤᠷ ᠲᠤ ᠪᠣᠢ ᠃

6 《 ᠰᠢᠨ᠎ᠠ ᠬᠠᠭᠤᠴᠢᠨ ᠳᠤᠷᠭᠤᠳ ᠤᠨ ᠬᠠᠭᠠᠤᠨ ᠨᠤᠶᠠᠤᠨ ᠤᠨ ᠣᠭ ᠦᠨᠳᠦᠰᠦᠨ ᠤ ᠢᠯᠡᠦᠡᠭᠡᠯ ᠪᠢᠴᠢᠭ᠌ 》 ᠦᠨᠳᠦᠰᠦᠳᠠᠨ ᠤ ᠭᠡᠪᠯᠡᠯ ᠤᠨ ᠬᠤᠷᠢᠶ᠎ᠠ 1991 ᠣᠨ ᠳᠤ ᠭᠡᠪᠯᠡᠪᠡ ᠂ 50 ᠂ 50 51 ᠳ᠋ᠤᠭᠡᠷ ᠨᠢᠭᠤᠷ ᠲᠤ ᠪᠣᠢ ᠃

7 《 塔端挛幕费罟竺鞅嘀 ᠂ 嗪H嗣癯霭嫔绯霭1997年出版,第63页。

10 .26. 32.53 《 ᠣᠢ᠌ᠷᠠᠤᠨ ᠮᠤᠩᠭ᠋ᠤᠯ ᠤᠨ ᠳᠤᠪᠴᠢ ᠳᠡᠦᠭᠡ 》 ᠂ (ᠲᠤᠤᠷᠠᠳᠤ ᠳᠠᠪᠳᠠᠷ ) ᠰᠢᠠᠵᠢᠶᠠᠩ ᠤᠨ ᠠᠷᠠᠤᠨ ᠤᠨ ᠭᠡᠪᠯᠡᠯ ᠤᠨ ᠬᠤᠷᠢᠶ᠎ᠠ 2000 ᠣᠨ ᠳᠤ ᠭᠡᠪᠯᠡᠪᠡ ᠂ 87 ᠂ 219 ᠂ 383 ᠂ 87 ᠳ᠋ᠤᠭᠠᠷ ᠨᠢᠭᠤᠷ ᠲᠤ ᠪᠣᠢ ᠃

11. 27. 37. 房建昌 《 西藏励估渗禅舱呼图克图及重孜寺 》 载 《 中央民族学院学报1993年第4期第38页 .

12 .28 .34 .《 巴州文史资料 》 (汉文版.5 ) 59 ᠂ 59 ᠂ 55 页。

13 .《ᠪᠠᠷᠠᠭᠤᠨ ᠮᠤᠩᠭ᠋ᠤᠯ ᠰᠤᠳᠤᠯᠤᠯ 》 2009 ᠣᠨ ᠤ 2 ᠳ᠋ᠤᠭᠠᠷ ᠬᠤᠭᠤᠴᠠᠭ᠎ᠠ ᠶᠢᠨ《 清末和民锅郝疆旧土鹅杼卦 ︔ 俗苛送己谷舾墒肥敌 ︔ 肌辐峪 ᠵᠤᠬᠢᠶᠠᠯ ᠳᠤ ᠪᠣᠢ ᠃

14 .《 西域研究 》 2009年第1期 第33页 《 卓哩克图汗布彦蒙库与五世渗禅舱活佛渗腙考辨 》 一文中。

15 .41. 48. ᠡ᠊ • ᠪᠠᠤᠠᠮᠠᠷ᠎ᠠ ᠶᠢᠨ《 ᠬᠠᠷᠠᠰᠢᠷ᠎ᠠ ᠶᠢᠨ ᠳᠤᠷᠭᠤᠳ ᠤᠨ ᠭᠡᠷᠡᠭ᠌ ᠤᠨ ᠳᠤᠪᠴᠢ 》 ᠢ 《 ᠭᠡᠯᠡ ᠪᠠ ᠣᠷᠴᠢᠭᠤᠯᠭ᠎ᠠ 》 ᠰᠡᠦᠡᠭᠦᠯ ᠤᠨ 1986 ᠣᠨ ᠤ 1 ᠳ᠋ᠦᠭᠡᠷ ᠬᠤᠭᠤᠴᠠᠭ᠎ᠠ 44 ᠳ᠋ᠤᠭᠡᠷ ᠨᠢᠭᠤᠷ ᠲᠤ ᠃

16. 丹麦亨宁︖哈士纶著ガ徐孝祥译 《 蒙古的人和神 》 新疆人民出版社1999年出版,第283页。

17 .《 新疆民族辞典 》 新疆人民出版社1995出版,第583页。

18 .《 巴音锅俱蒙古自治州志 》 汉文版当带裥锅弼版社1994年出版,第305页。

19 .33. 《 和静县志. 》 汉文版新疆人民出版社 1995年出版 第755. ᠂ 490页。

20 .《 和静县文史 》 汉文版 3 第30页。

21. 《ᠣᠢ᠌ᠷᠠᠤᠨ ᠤᠨ ᠰᠤᠳᠤᠯᠤᠯ 》 ᠰᠡᠦᠡᠭᠦᠯ ᠤᠨ 2007 ᠣᠨ ᠤᠨ 4 ᠳ᠋ᠤᠭᠡᠷ ᠬᠤᠭᠤᠴᠠᠭ᠎ᠠ ᠶᠢᠨ 46 ᠳ᠋ᠤᠭᠠᠷ ᠨᠢᠭᠤᠷ ᠲᠤ ᠪᠣᠢ ᠃

22. 台湾 张大军 《 新疆风暴七十年 》 第714页。

23. 壶骖铸 《 “巴州志”记述盟旗制度方面的一些问题探讨 》 载 《 新疆地方志 》 1997年第四期第33页。

24. 瑞典斯文︖赫定箸,徐十周 王安洪 王安江 译 《 亚洲腹地探险八年 》 新疆人民出版社1992年出版,第200页。

25. 壶骖铸帧︖罗布淖队胪炼扈特研究 》 新疆人民出版社 2009年出版,第217页 。

29. 《 和静文史 》 汉文版 2 第41页.

30. 57. 党金、额︖巴德玛拉帧⑶锹追颉⑽诙髌嬉搿段迨郎栈罘鸫分醒朊褡宄霭嫔︖997年出版,第14 ᠂ 24页。

31. 40. 45. 《 ᠪᠠᠶᠠᠠᠭᠤᠤᠯ ᠤᠨ ᠮᠤᠩᠭ᠋ᠤᠯ ᠥᠪᠠᠷᠳᠡᠭᠡᠨ ᠵᠠᠰᠠᠬᠤ ᠵᠸᠤ ᠶᠢᠨ ᠰᠤᠶᠤᠯ ᠳᠡᠦᠭᠡ ᠶᠢᠨ ᠮᠠᠲ᠋ᠸᠷᠢᠶᠠᠯ ᠤᠨ ᠰᠤᠩᠭ᠋ᠤᠪᠣᠷᠢ 》( ᠳᠤᠳᠤ ) ᠰᠢᠠᠵᠢᠶᠠᠩ ᠤᠨ ᠠᠷᠠᠤᠨ ᠤᠨ ᠭᠡᠪᠯᠡᠯ ᠤᠨ ᠬᠤᠷᠢᠶ᠎ᠠ 2001 ᠣᠨ ᠳᠤ ᠭᠡᠪᠯᠡᠪᠡ ᠂ 32 • 364 • 366 ᠳ᠋ᠤᠭᠠᠷ ᠨᠢᠭᠤᠷ ᠲᠤ ᠪᠣᠢ ᠃

35. 中锅缵一励狗档案馆编 《 光绪朝朱砒疣折 》 ,第114辑,中华书局1996版:452—453。转引自 《西域研究》 2009年第一期第31页。

36. 《ᠣᠢ᠌ᠢᠷᠠᠤᠨ ᠰᠤᠳᠤᠯᠤᠯ》 ᠂ 2004 ᠣᠨ ᠤ 2 ᠳ᠋ᠤᠭᠠᠷ ᠬᠤᠭᠤᠴᠠᠭᠠᠨ ᠤ 32 ︱ 33 ᠳ᠋ᠤᠭᠠᠷ ᠨᠢᠭᠤᠷ ᠲᠤ ᠪᠣᠢ ᠃

38. 通宝口述,潘祖焕绽怼︖新疆文史资料选辑 》 第二辑,新疆人民出版社1979年出版,第101页_111页转引自周学军 《卓哩克图汗布彦蒙库与五世渗禅舱活佛渗腙考辨 》 一文发表在 《西域研究》 2009年第一辑,第29页

39. 44 .《ᠪᠠᠶᠠᠠᠭᠤᠤᠯ ᠤᠨ ᠰᠤᠶᠤᠯ ᠳᠡᠦᠭᠡ ᠶᠢᠨ ᠮᠠᠲ᠋ᠸᠷᠢᠶᠠᠯ 》 ᠤᠨ ( ᠳᠤᠳᠤ) ᠭᠤᠷᠪᠠᠳᠤᠭᠠᠷ ᠳᠠᠪᠳᠠᠷ ᠤᠨ 39 • 41 ᠳᠤᠭᠡᠷ ᠨᠢᠭᠤᠷ ᠲᠤ ᠪᠣᠢ ᠃

42 .《ᠡᠮᠦᠨ᠎ᠡ ᠵᠠᠮ ᠤᠨ ᠬᠠᠭᠤᠴᠢᠨ ᠳᠤᠷᠭᠤᠳ ᠤᠨ ᠳᠡᠦᠭᠡ ᠶᠢᠨ ᠮᠠᠲ᠋ᠸᠷᠢᠶᠠᠯ 》 ( ᠳᠤᠳᠤ ) ᠰᠢᠠᠵᠢᠶᠠᠩ ᠤᠨ ᠠᠷᠠᠤᠨ ᠤᠨ ᠭᠡᠪᠯᠡᠯ ᠤᠨ ᠬᠤᠷᠢᠶ᠎ᠠ 2000 ᠣᠨ ᠳᠤ ᠭᠡᠪᠯᠡᠪᠡ ᠂ 48 ᠳ᠋ᠤᠭᠠᠷ ᠨᠢᠭᠤᠷ ᠲᠤ ᠪᠣᠢ ᠃

43.《ᠡᠮᠦᠨ᠎ᠡ ᠵᠠᠮ ᠤᠨ ᠬᠠᠭᠤᠴᠢᠨ ᠳᠤᠷᠭᠤᠳ ᠤᠨ ᠳᠡᠦᠭᠡ ᠶᠢᠨ ᠮᠠᠲ᠋ᠸᠷᠢᠶᠠᠯ 》 (ᠬᠤᠳᠤᠮ )ᠰᠢᠠᠵᠢᠶᠠᠩ ᠤᠨ ᠠᠷᠠᠤᠨ ᠤᠨ ᠭᠡᠪᠯᠡᠯ ᠤᠨ ᠬᠤᠷᠢᠶ᠎ᠠ 2000 ᠣᠨ ᠳᠤ ᠭᠡᠪᠯᠡᠪᠡ ᠂ 50 ᠳ᠋ᠤᠭᠠᠷ ᠨᠢᠭᠤᠷ ᠲᠤ ᠪᠣᠢ ᠃

46.《ᠬᠠᠨ ᠳᠡᠭ᠍ᠷᠢ 》 ᠰᠡᠦᠡᠭᠦᠯ ( ᠰᠢᠠᠵᠠᠶᠠᠩ ᠤᠨ ᠠᠷᠠᠤᠨ ᠤᠨ ᠭᠡᠪᠯᠡᠯ ᠤᠨ ᠬᠤᠷᠢᠶ᠎ᠠ ) ᠤᠨ 1990 ᠣᠨ ᠤ 2 ᠳ᠋ᠤᠭᠠᠷ ᠬᠤᠭᠤᠴᠠᠭᠠᠨ ᠤ 178 ᠳ᠋ᠤᠭᠠᠷ ᠨᠢᠭᠤᠷ ᠲᠤ ᠪᠣᠢ ᠃

47. ᠳ᠋ᠣ᠊ • ᠨᠠᠢ᠌ᠳᠠᠢ 《ᠳᠤᠷᠭᠤᠳ ᠳᠤᠪᠴᠢᠶᠠᠨ ︱ ᠦᠨᠡᠨ ᠰᠥᠰᠦᠭ᠍ᠳᠤ ᠬᠠᠭᠤᠴᠢᠨ ᠳᠤᠷᠭᠤᠳ ᠤᠨ ᠡᠮᠦᠨ᠎ᠡ ᠠᠢ᠌ᠮᠠᠭ ᠵᠢᠴᠢ ᠳᠡᠭᠦᠨ ᠲᠡᠶ ᠬᠤᠯᠪᠣᠭᠳᠠᠬᠤ ᠡᠷᠳᠡ ᠡᠳᠦᠭᠡ ᠶᠢᠨ ᠳᠡᠦᠭᠡ ᠶᠢᠨ ᠳᠡᠮᠳᠡᠭ᠍ᠯᠡᠯ》 ᠂ ᠰᠢᠠᠵᠢᠶᠠᠩ ᠤᠨ ᠠᠷᠠᠤᠨ ᠤᠨ ᠭᠡᠪᠯᠡᠯ ᠤᠨ ᠬᠤᠷᠢᠶ᠎ᠠ 2000 ᠣᠨ ᠳᠤ ᠭᠡᠪᠯᠡᠪᠡ ᠂ 414 ᠳ᠋ᠤᠭᠡᠷ ᠨᠢᠭᠤᠷ ᠲᠤ ᠪᠣᠢ ᠃

49 马大正主编,王家骥帧堵泶锖骸罚ǚ依迹46页 ᠂ 中锅滕柴族摄影艺术出版社2002年出版。

50 .52. 54.丹麦 亨宁︖哈士纶︖ ᠂ 徐孝详译 《 蒙古的人和神 》 新疆人民出版社1999年出版 ᠂ 第229—230 • 229 • 230页。

51 .《 新疆民族辞典 》 新疆人民出版社1995年 出版,第583页。

55 .王贵 ᠂ 喜饶尼玛 ᠂ 唐家卫帧段鞑乩返槐纭᠂ 民族出版社2003年 出版 ᠂ 第174页以及请参阅该书第254页 《 英锅绫碓谖髂防嵋樯咸岢龌帜诓︖ ᠂ 外藏界线简图 》 。

56. 《 新疆简史 》 (第三册) 新疆人民出版社1980年出版 ᠂ 第198页。

58 .请参阅 《 卫拉特蒙古励狗文化研究 》 一书 《 1932年新疆省政府枪杀五世森钦活佛之事件 》 汉文一文,民族出版社2007年出版,第674页。ᠪᠣᠯᠤᠨ 《ᠦᠪᠣᠷ ᠮᠤᠩᠭ᠋ᠤᠯ ᠤᠨ ᠨᠡᠢ᠌ᠭᠡᠮ ᠤᠨ ᠰᠢᠡᠵᠢᠯᠡᠭᠦ ᠣᠬᠠᠭᠠᠨ》 ᠰᠡᠦᠡᠭᠦᠯ ᠤᠨ 2009 ᠣᠨ ᠤ 2 ᠳ᠋ᠤᠭᠠᠷ ᠬᠤᠭᠤᠴᠠᠭ᠎ᠠ ᠶᠢᠨ 12 ᠳ᠋ᠤᠭᠠᠷ ᠨᠢᠭᠤᠷ ᠤᠨ《1932 ᠣᠨ ᠳᠤ ᠰᠢᠠᠵᠢᠶᠠᠩ ᠤᠨ ᠮᠤᠵᠢ ᠶᠢᠨ ᠵᠠᠰᠠᠭ ᠤᠨ ᠭᠠᠵᠠᠷ ᠡᠴᠡ ᠳᠠᠪᠣᠳᠤᠭᠠᠷ ᠳᠦᠷᠢ ᠶᠢᠨ ᠰᠢᠠᠴᠢᠨ ᠭᠡᠭᠡᠨ ᠢ ᠠᠯᠠᠠᠠᠰᠠᠨ ᠣᠴᠢᠷ 》ᠭᠡᠭᠦ ᠥᠭᠦᠯᠡᠯ ᠳᠤ ᠪᠣᠢ ᠃

ᠵᠤᠬᠢᠶᠠᠭᠴᠢ ᠶᠢᠨ ᠳᠠᠨᠢᠯᠴᠠᠭᠤᠯᠭ᠎ᠠ ᠄

ᠴᠠᠭᠳᠠᠷ ᠤᠨ ᠮᠠᠠᠳᠠᠷᠠᠸ᠎ᠠ᠂ ᠡᠮᠡᠭ᠍ᠳᠡᠢ᠂ ᠮᠤᠩᠭ᠋ᠤᠯ ᠦᠨᠳᠦᠰᠦᠳᠠᠨ ᠂ 1954 ᠣᠨ ᠳᠤ ᠲᠦᠷᠦᠵᠠᠢ ᠃ ᠰᠢᠠᠵᠢᠶᠠᠩ ᠤᠨ ᠣᠢ᠌ᠭᠤᠷ ᠥᠪᠠᠷᠳᠡᠭᠡᠨ ᠵᠠᠰᠠᠬᠤ ᠣᠷᠤᠨ ᠤ ᠣᠤᠠᠬ᠎ᠠ ᠣᠷᠯᠢᠭᠴᠢᠤᠨ ᠤᠨ ᠬᠤᠯᠪᠣᠭ᠎ᠠ ᠶᠢᠨ ᠳᠠᠳ᠋ ᠭᠢᠨᠠᠨ ᠨᠠᠢ᠌ᠷᠠᠭᠤᠯᠤᠭᠴᠢ᠃

ᠮᠠᠠᠳᠠᠷᠠᠸ᠎ᠠ ᠨᠥᠭᠦᠷ ᠠᠷᠠᠤᠨ ᠤᠨ ᠪᠠᠭᠰᠢ᠂ ᠣᠤᠠᠬ᠎ᠠ ᠵᠤᠬᠢᠶᠠᠯ ᠤᠨ ᠨᠠᠢ᠌ᠷᠠᠭᠤᠯᠤᠭᠴᠢ ᠂ ᠠᠷᠠᠤᠨ ᠤᠨ ᠠᠮᠠᠨ ᠵᠤᠬᠢᠶᠠᠯ ᠢ ᠬᠠᠮᠠᠭᠠᠯᠠᠬᠤ᠂ ᠰᠤᠳᠤᠯᠬᠤ ᠂ ᠭᠡᠪᠯᠡᠭᠦᠯᠭᠦ ᠵᠡᠷᠭᠡ ᠠᠵᠢᠯ ᠢ ᠭᠢᠭ᠍ᠰᠡᠭᠡᠷ ᠢᠷᠠᠵᠠᠢ᠃ ᠳᠠᠷᠠ ᠂ ᠠᠷᠪᠢᠨ ᠣᠯᠠᠨ ᠵᠤᠬᠢᠶᠠᠯ ᠪᠦᠳᠦᠭᠡᠯ ᠢ ᠨᠠᠢ᠌ᠷᠠᠭᠤᠯᠬᠤ᠂ ᠣᠷᠴᠢᠭᠤᠯᠬᠤ᠂ ᠭᠡᠪᠯᠡᠭᠦ ᠠᠵᠢᠯ ᠢ ᠭᠢᠭ᠍ᠰᠡᠨ ᠶᠢᠡᠷ ᠪᠠᠷᠠᠬᠤ ᠦᠭᠡᠶ᠂ ᠪᠠᠰᠠ ᠨᠠᠯᠢᠶᠠᠤᠨ ᠳᠤᠮᠤ( ᠮᠢᠯᠭ᠎ᠠ ᠲᠦᠮᠡ ᠰᠢᠬᠠᠭᠤ ᠥᠰᠦᠭ᠌ ) ᠨᠤᠮ ᠤᠳ ᠢ ᠭᠡᠪᠯᠡᠭᠦ ᠶᠢ ᠵᠤᠬᠢᠶᠠᠨ ᠪᠠᠢ᠌ᠭᠤᠯᠬᠤ᠂ ᠭᠢᠨᠠᠬᠤ᠂ ᠡᠷᠭᠢᠯᠡᠨ ᠨᠠᠢ᠌ᠷᠠᠭᠤᠯᠬᠤ ᠵᠡᠷᠭᠡ ᠠᠵᠢᠯ ᠢ ᠠᠮᠵᠢᠯᠳᠡ ᠳᠠᠢ ᠪᠠᠶᠡᠯᠡᠭᠦᠯᠵᠤ ᠭᠡᠪᠯᠡᠭᠦᠯᠵᠡᠢ᠃ ᠳᠠᠷᠠ ᠪᠠᠷ ᠮᠤᠩᠭ᠋ᠤᠯ ᠂ ᠭᠢᠳᠠᠤᠨ ᠭᠡᠯᠡ ᠪᠠᠷ ᠥᠭᠦᠯᠡᠯᠭᠡ ᠂ ᠨᠠᠢ᠌ᠷᠠᠭᠤᠯᠤᠯ ᠢ ᠳᠤᠭᠤᠷᠪᠢᠬᠤ ᠪᠣᠶᠤ ᠥᠭᠦᠯᠡᠯᠭᠡ ᠂ ᠨᠠᠢ᠌ᠷᠠᠭᠤᠯᠤᠯ ᠂ ᠠᠷᠠᠤᠨ ᠤᠨ ᠠᠮᠠᠨ ᠵᠤᠬᠢᠶᠠᠯ ᠂ ᠨᠤᠮ ᠵᠡᠷᠭᠡ ᠶᠢ ᠣᠷᠴᠢᠭᠤᠯᠤᠨ ᠭᠡᠪᠯᠡᠭᠦᠯᠵᠤ ᠂ ᠣᠤᠠᠬ᠎ᠠ ᠵᠤᠬᠢᠶᠠᠯ ᠂ ᠳᠡᠦᠭᠡᠨ ᠰᠤᠳᠤᠯᠤᠯ ᠤᠨ ᠳᠤᠬᠠᠢ ᠭᠡᠳᠤᠨ ᠠᠷᠪᠠᠨ ᠥᠭᠦᠯᠡᠯ ( ᠭᠢᠳᠠᠤᠨ ᠂ ᠮᠤᠩᠭ᠋ᠤᠯ ᠥᠰᠦᠭ᠌ ᠶᠢᠡᠷ ) ᠢ ᠣᠷᠤᠨ ᠤ ᠳᠤᠳᠤᠷ᠎ᠠ ᠂ ᠭᠠᠳᠠᠨᠠᠭᠢ ᠰᠡᠦᠡᠭᠦᠯ ᠤᠳ ᠲᠤ ᠨᠡᠢ᠌ᠳᠡᠯᠡᠭ᠍ᠰᠡᠨ ᠪᠦᠭᠡᠤᠨ ᠵᠠᠷᠢᠮ ᠨᠢ ᠨᠡᠢ᠌ᠭᠡᠮ ᠨᠠᠢ᠌ᠳᠠ ᠳᠤ ᠨᠠᠯᠢᠶᠠᠤᠨ ᠶᠡᠭᠡ ᠨᠥᠯᠦᠭᠡ ᠳᠤᠰᠬᠠᠯ ᠲᠡᠶ ᠪᠣᠯᠤᠭᠰᠠᠨ ᠶᠤᠮ ᠃

ᠬᠤᠪᠢ ᠶᠢᠨ ᠪᠦᠳᠦᠭᠡᠯ ᠨᠢ ᠣᠯᠠᠨ ᠵᠣᠢ᠌ᠯ ᠤᠨ ᠱᠠᠩᠨᠠᠯ ᠭᠦᠷᠳᠡᠵᠤ᠂ ᠣᠯᠠᠨ ᠣᠳᠠᠭ᠎ᠠ ᠰᠢᠯᠢᠳᠡᠭ᠌ ᠠᠵᠢᠯᠳᠠᠨ ᠵᠢᠡᠷ ᠱᠠᠩᠨᠠᠭᠳᠠᠨ ᠭᠦᠭᠢᠭᠦᠯᠦᠭ᠍ᠳᠡᠵᠤ ᠂ ᠪᠠᠰᠠ《ᠳᠤᠮᠳᠠᠳᠤ ᠣᠯᠤᠰ ᠤᠨ ᠮᠤᠩᠭ᠋ᠤᠯ ᠰᠡᠦᠡᠭᠦᠯ ᠤᠨ ᠰᠢᠯᠢᠳᠡᠭ᠌ ᠨᠠᠢ᠌ᠷᠠᠭᠤᠯᠤᠭᠴᠢ》᠂《ᠳᠤᠮᠳᠠᠳᠤ ᠣᠯᠤᠰ ᠤᠨ ᠮᠤᠩᠭ᠋ᠤᠯ ᠰᠡᠦᠡᠭᠦᠯ ᠤᠨ ᠭᠠᠪᠢᠶᠠᠳᠤ ᠨᠠᠢ᠌ᠷᠠᠭᠤᠯᠤᠭᠴᠢ》ᠭᠡᠭᠦ ᠢᠷᠠᠭᠤ ᠠᠯᠳᠠᠷ ᠭᠦᠷᠳᠡᠭ᠍ᠰᠡᠨ ᠪᠦᠭᠡᠤᠨ《ᠶ‍ᠢᠰᠦᠳᠦᠭᠡᠷ ᠬᠤᠭᠤᠴᠠᠭᠠᠨ ᠤ ᠳᠤᠮᠳᠠᠳᠤ ᠣᠯᠤᠰ ᠤᠨ ᠠᠷᠠᠤᠨ ᠤᠨ ᠣᠤᠠᠬ᠎ᠠ ᠣᠷᠯᠢᠭ ᠤᠨ ᠠᠭᠤᠯᠠ ᠶᠢᠨ ᠴᠡᠴᠡᠭ᠌( ᠱᠠᠨ ᠬᠤᠧᠨ 山花奖 ) ᠨᠠᠷᠠᠮᠵᠢᠳᠤ ᠱᠠᠩᠨᠠᠯ 》( ᠣᠯᠤᠰ ᠤᠨ ᠳᠠᠰ ᠤᠨ ᠱᠠᠩᠨᠠᠯ ) ᠢ ᠢᠷᠠᠭᠤ ᠠᠯᠳᠠᠷ ᠲᠡᠶ ᠪᠠᠷ ᠳᠤᠰᠴᠤ ᠠᠪᠣᠭᠰᠠᠨ ᠶᠤᠮ ᠃ ᠳᠠᠷᠠ ᠪᠠᠷ ᠳᠤᠮᠳᠠᠳᠤ ᠣᠯᠤᠰ ᠤᠨ ᠠᠷᠠᠤᠨ ᠤᠨ ᠣᠷᠠᠯᠢᠴᠢᠤᠨ ᠤᠨ ᠨᠡᠢ᠌ᠭᠡᠮᠯᠢᠭ᠌ ᠤᠨ ᠭᠡᠰᠢᠭᠦᠨ᠂ ᠳᠤᠮᠳᠠᠳᠤ ᠣᠯᠤᠰ ᠤᠨ ᠴᠥᠭᠡᠨ ᠳᠤᠭᠠᠳᠤ ᠦᠨᠳᠦᠰᠦᠳᠠᠨ ᠤ ᠣᠤᠠᠬ᠎ᠠ ᠵᠤᠬᠢᠶᠠᠯ ᠤᠨ ᠨᠡᠢ᠌ᠭᠡᠮᠯᠢᠭ᠌ ᠤᠨ ᠭᠡᠰᠢᠭᠦᠨ ᠂ ᠳᠤᠮᠳᠠᠳᠤ ᠣᠯᠤᠰ ᠤᠨ《ᠵᠢᠩᠭ᠋ᠠᠷ》 ᠤᠨ ᠰᠤᠳᠤᠯᠭᠠᠨ  ᠤ ᠨᠡᠢ᠌ᠭᠡᠮᠯᠢᠭ᠌ ᠤᠨ ᠭᠡᠷᠡᠭ᠌ ᠡᠷᠭᠢᠯᠡᠭ᠍ᠴᠢ᠂ ᠰᠢᠠᠵᠢᠶᠠᠩ ᠤᠨ ᠠᠷᠠᠤᠨ ᠤᠨ ᠣᠷᠠᠯᠢᠬᠴᠢᠤᠨ ᠤᠨ ᠨᠡᠢ᠌ᠭᠡᠮᠯᠢᠭ᠌ ᠤᠨ ᠭᠡᠷᠡᠭ᠌ ᠡᠷᠭᠢᠯᠡᠭ᠍ᠴᠢ᠂ ᠰᠢᠠᠵᠢᠶᠠᠩ ᠤᠨ ᠣᠢ᠌ᠭᠤᠷ ᠥᠪᠠᠷᠳᠡᠭᠡᠨ ᠵᠠᠰᠠᠬᠤ ᠣᠷᠤᠨ ᠤ ᠣᠯᠤᠰ ᠲᠦᠷᠦ ᠶᠢᠨ ᠵᠥᠪᠯᠡᠯᠭᠡᠨ ᠤ ᠰᠤᠶᠤᠯ ᠳᠡᠦᠭᠡ ᠶᠢᠨ ᠵᠦᠪᠯᠠᠯ ᠤᠨ ᠣᠠᠴᠠ ᠤᠷᠢᠬᠰᠡᠨ ᠳᠤᠰᠢᠶᠠᠯᠳᠠᠨ ᠵᠡᠷᠭᠡ ᠨᠡᠢ᠌ᠭᠡᠮ ᠨᠠᠢ᠌ᠳᠠ ᠶᠢᠨ ᠳᠤᠰᠢᠶᠠᠯ ᠢ ᠡᠭᠦᠷᠭᠡᠯᠡᠵᠤ ᠶᠠᠪᠣᠨ᠎ᠠ᠃

( ᠳᠤᠰ ᠡᠬᠡ ᠪᠢᠴᠢᠭ᠌ ᠢ ᠥᠬᠡᠯᠡᠳ ᠭᠠᠯᠳᠡᠨ ᠬᠠᠡᠭᠭᠠᠪᠡ)

ᠵᠤᠬᠢᠶᠠᠭᠴᠢ᠄ ᠴ · ᠮᠠᠨᠳᠠᠷᠠᠸ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠮᠤᠩᠭᠤᠯ ᠲᠡᠦᠬᠡ
ᠳᠠᠷᠤᠮ᠄ 7521
ᠴᠠᠭ᠄ 2011 ᠤᠨ ᠤ 05 ᠰᠠᠷ᠎ᠠ ᠶᠢᠨ 20
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ