☆ ᠴ·ᠸᠠᠩᠴᠤᠭ
ᠳᠠᠭᠤᠲᠤ ᠲᠡᠭᠷᠢ ᠴᠤᠤᠲᠤ ᠬᠡᠦᠬᠡᠨ
ᠳᠠᠭᠤᠲᠤ ᠲᠡᠭᠷᠢ
ᠲᠡᠮᠡᠭᠡ ᠢᠮᠠᠭ᠎ᠠ ᠰᠢᠭ ᠲᠡᠨᠦᠭᠦᠯ ᠡᠭᠦᠯᠡ
ᠲᠡᠷᠡᠬᠡᠨ ᠬᠣᠭᠤᠷᠤᠨᠳᠤ ᠲᠡᠪᠡᠷᠢᠯᠳᠦᠨ ᠵᠠᠯᠭᠠᠯ᠎ᠠ
ᠭᠦᠷᠢᠮᠴᠢ ᠯᠠᠮᠠ ᠶᠢᠨ ᠬᠡᠩᠭᠡᠷᠭᠡ ᠰᠢᠭ᠌ ᠲᠦᠷᠴᠢᠬᠢᠨᠡᠯᠡ
ᠭᠦᠷᠦᠨ ᠤ ᠴᠡᠷᠢᠭ ᠦᠨ ᠫᠤᠤ ᠰᠢᠭ ᠨᠢᠵᠢᠭᠢᠨᠡᠯᠡ
ᠬᠤᠷ᠎ᠠ ᠵᠢ ᠬᠦᠰᠡᠭᠰᠡᠨ ᠬᠥᠮᠦᠰ ᠦᠨ ᠨᠢᠭᠤᠷ ᠲᠤ
ᠬᠤᠸᠠᠷ ᠴᠡᠴᠡᠭ ᠵᠡᠷᠭᠡ ᠪᠡᠷ ᠳᠡᠯᠭᠡᠷᠡᠨ᠎ᠡ
ᠭᠠᠵᠠᠷ ᠲᠡᠭᠷᠢ ᠬᠠᠪᠰᠤᠷᠴᠤ ᠨᠡᠢᠯᠡᠮᠡᠷ
ᠭᠠᠯ ᠰᠢᠵᠢᠮ ᠮᠤᠰᠭᠢᠷᠠᠨ ᠤᠯᠠᠯᠵᠠᠯᠠ
ᠭᠠᠩᠭᠠᠩ ᠪᠠᠢᠭᠠᠯᠢ ᠵᠢ ᠤᠷᠤᠰᠭᠠᠵᠤ ᠵᠠᠯᠭᠢᠮᠠᠷ
ᠭᠠᠢᠬᠠᠮ᠎ᠠ ᠴᠢᠮᠡᠭᠡ ᠱᠤᠤᠭᠢᠶᠠᠨ ᠳᠠᠲᠠᠯ᠎ᠠ
ᠠᠷᠰᠯᠠᠨ ᠪᠠᠷᠰ ᠤᠨ ᠠᠷᠬᠢᠷᠠᠭᠠᠨ ᠰᠢᠭ ᠰᠦᠢᠳᠦᠭᠡᠳ
ᠠᠶᠤᠯ ᠲᠠᠷᠢᠮᠠᠷ ᠪᠠᠷᠤᠢᠵᠤ ᠪᠠᠢᠭᠰᠠᠭᠠᠷ
ᠠᠳᠠᠭ ᠨᠢ ᠬᠡᠳᠦᠬᠡᠨ ᠳᠤᠰᠤᠯ ᠴᠤ ᠤᠰᠤ ᠦᠭᠡᠢ
ᠠᠷᠢᠭᠤᠨ ᠲᠡᠭᠷᠢ ᠬᠡᠪ ᠢᠶᠡᠷ ᠴᠡᠯᠮᠡᠯᠡ᠃
ᠴᠤᠤᠲᠤ ᠬᠡᠦᠬᠡᠨ
ᠴᠡᠴᠡᠷᠯᠢᠭ ᠳᠣᠲᠤᠷᠠᠬᠢ ᠲᠣᠭᠤᠰ ᠠᠳᠠᠯᠢ
ᠴᠡᠪᠡᠷ ᠭᠣᠶᠤᠬᠠᠨ ᠲᠥᠷᠦᠭᠰᠡᠨ ᠶᠤᠮ
ᠴᠠᠨ᠎ᠠ ᠦᠨ᠎ᠡ ᠪᠠᠨ ᠠᠯᠳᠠᠬᠤ ᠦᠭᠡᠢ
ᠴᠡᠭᠡᠵᠢ ᠰᠠᠷᠠᠭᠤᠯ ᠲᠣᠷᠨᠢᠭᠰᠠᠨ ᠶᠤᠮ
ᠬᠣᠩᠭᠤᠷ ᠡᠷᠢᠭᠰᠡᠨ ᠭᠣᠣᠨᠢᠴᠤᠳ
ᠬᠣᠷᠮᠤᠢ ᠵᠢ ᠨᠢ ᠳᠠᠭᠠᠭᠠᠳ ᠴᠤᠪᠤᠷᠠᠨ᠎ᠠ
ᠬᠣᠪᠤᠷ ᠨᠠᠨᠳᠢᠨ ᠡᠳ᠋ ᠤᠳ
ᠬᠣᠷᠭᠤ ᠤᠷᠤᠭᠤ ᠴᠢᠬᠢᠭᠳᠦᠨᠡ
ᠠᠪᠠᠬᠠᠢ ᠬᠡᠦᠬᠡᠨ ᠭᠢᠯᠠᠯᠵᠠᠭᠠᠳ
ᠠᠪᠳᠠᠷ᠎ᠠ ᠳᠠᠪᠰᠠᠭ ᠢᠶᠡᠨ ᠣᠨᠢᠰᠤᠯᠠᠨᠠ
ᠠᠭᠠᠰᠢ ᠠᠪᠤᠷᠢ ᠬᠠᠲᠠᠭᠤᠷᠠᠭᠠᠳ
ᠠᠰᠤᠷᠤ ᠶᠡᠬᠡ ᠵᠢ ᠰᠠᠨᠠᠨ᠎ᠠ
ᠭᠣᠯᠤᠭᠳᠠᠭᠰᠠᠨ ᠤᠯᠠᠨ ᠵᠠᠯᠠᠭᠤᠴᠤᠳ
ᠭᠤᠷᠪᠠ ᠪᠣᠯᠤᠭᠠᠳ ᠠᠮᠢᠳᠤᠷᠠᠨ᠎ᠠ
ᠭᠣᠶᠤᠮᠰᠤᠭ ᠬᠡᠦᠬᠡᠨ ᠭᠠᠭᠴᠠᠭᠠᠷ ᠢᠶᠡᠨ
ᠭᠤᠳᠤᠮᠰᠢᠭ ᠪᠣᠯᠤᠭᠠᠳ ᠠᠮᠠᠷᠠᠯ᠎ᠠ᠃
ᠵᠤᠬᠢᠶᠠᠭᠴᠢ᠄ ᠴ·ᠸᠠᠩᠴᠤᠭ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 34967
ᠴᠠᠭ᠄ 2019 ᠤᠨ ᠤ 11 ᠰᠠᠷ᠎ᠠ ᠶᠢᠨ 21
ᠨᠠᠢ᠌ᠷᠠᠭᠤᠯᠤᠭᠴᠢ᠄ ᠪᠦᠬᠡᠡᠷᠳᠡᠨᠢ