ᠨᠡᠪᠲᠡᠷᠡᠨ ᠤᠷᠤᠬᠤ
ᠰᠢᠯᠦᠭ᠌ ᠤᠨ ᠨᠤᠳᠤᠭ

ᠰᠠᠬᠠᠯ ᠨᠢ ᠴᠠᠢ᠌ᠭᠰᠠᠨ ᠥᠳᠡᠯᠦᠭᠡ ᠠᠪᠣ ᠶᠢᠨ ᠮᠢᠨᠢ

ᠪᠦᠭ᠍ᠳᠦᠷ ᠨᠢᠷᠤᠭᠤ ᠨᠢ ᠴᠤ ᠰᠢᠯᠦᠭ᠌᠂

ᠰᠠᠭᠠᠤᠨ ᠢ ᠳᠤᠭᠤᠯᠵᠤ᠂ ᠪᠠᠷᠭᠡ ᠶᠢ ᠢᠯᠠᠭᠰᠠᠨ

ᠡᠷ᠎ᠡ ᠶᠢᠨ ᠰᠦᠰᠦ ᠲᠡᠶ ᠰᠢᠯᠦᠭ᠌᠂

ᠰᠠᠠᠴᠢᠭ ᠨᠢ ᠪᠣᠭᠤᠷᠤᠯᠳᠤᠭᠰᠠᠨ ᠨᠠᠰᠤᠳᠠᠢ ᠡᠵᠢ ᠶᠢᠨ ᠮᠢᠨᠢ

ᠮᠠᠩᠨᠠᠢ ᠠᠳᠤᠷᠢᠶ᠎ᠠ ᠨᠢ ᠴᠤ ᠰᠢᠯᠦᠭ᠌᠂

ᠰᠠᠨᠠᠭ᠎ᠠ ᠰᠡᠳᠭᠢᠯ ᠶᠢᠡᠨ ᠴᠢᠯᠡᠭᠡᠵᠤ ᠶᠠᠪᠣᠭᠰᠠᠨ

ᠰᠦᠨ ᠴᠠᠭᠠᠨ ᠰᠢᠯᠦᠭ᠌᠂

ᠮᠠᠠᠳᠤᠬᠤ ᠨᠠᠷᠠ ᠲᠡᠶ ᠴᠠᠴᠤᠯᠠᠵᠤ ᠪᠣᠰᠤᠭᠰᠠᠨ

ᠲᠤᠩ ᠴᠠᠭᠠᠨ ᠥᠷᠦᠭᠡ

ᠮᠠᠩᠨᠤᠭ ᠳᠠᠯ᠎ᠠ ᠳᠠᠭᠠᠨ ᠳᠠᠳᠠᠯᠠᠵᠤ ᠪᠢᠴᠢᠭᠦ

ᠰᠠᠢ᠌ᠬᠠᠨ ᠮᠤᠩᠭ᠋ᠤᠯ ᠰᠢᠯᠦᠭ᠌ ᠡ᠂

ᠨᠠᠮᠢ᠋ᠢ ᠪᠠᠨ ᠭᠡᠵᠤ ᠭᠦᠰᠡᠵᠤ ᠭᠦᠯᠢᠶᠡᠭ᠍ᠰᠡᠨ

ᠮᠢᠨᠤ ᠮᠠᠯᠴᠢᠨ ᠭᠡᠦᠭᠡᠨ ᠡ᠂

ᠨᠠᠪᠴᠢᠨ ᠳᠤᠮᠳᠠ ᠪᠠᠨ ᠰᠤᠭᠳᠣᠢ᠌ᠵᠤ ᠵᠤᠭᠰᠤᠭᠰᠠᠨ

ᠨᠢᠭᠡᠨ ᠳᠠᠪᠠᠷᠢ ᠰᠢᠯᠦᠭ᠌ ᠡ᠂

ᠥᠭᠡᠳᠡᠭ᠌ ᠨᠤᠭᠤᠭᠠᠨ ᠳᠠᠯ᠎ᠠ ᠨᠢ ᠴᠤ ᠰᠢᠯᠦᠭ᠌᠂

ᠥᠭᠡᠭᠦᠨ ᠳᠠᠷᠭᠤ ᠲᠡᠶ ᠰᠥᠷᠦᠭ᠌ ᠨᠢ ᠴᠤ ᠰᠢᠯᠦᠭ᠌᠂

ᠥᠭᠡᠳᠡ ᠡᠰᠡᠷᠡᠭ᠌ ᠠᠮᠢᠳᠤᠷᠠᠯ ᠨᠢ ᠴᠤ ᠰᠢᠯᠦᠭ᠌᠂

ᠥᠯᠦᠭᠡᠢ ᠨᠤᠳᠤᠭ ᠮᠢᠨᠢ ᠴᠤ᠋ ᠊᠊᠊᠊᠊᠊᠊᠊᠊᠊᠊᠊᠊᠊᠊ ᠰᠢᠨ᠎ᠠ ᠰᠢᠯᠦᠭ᠌


ᠵᠤᠬᠢᠶᠠᠭᠴᠢ ᠶᠢᠨ ᠬᠠᠶ‍ᠢᠭ ᠄ ᠪᠠᠭᠠᠷᠢᠨ ᠪᠠᠷᠠᠭᠤᠨ ᠬᠤᠰᠢᠭᠤᠨ ᠤ ᠴᠠᠭᠠᠨ ᠮᠦᠷᠠᠨ ᠪᠠᠯᠭᠠᠰᠤ ᠶᠢᠨ ᠶᠤᠯᠤᠳᠤ ᠭᠠᠴᠠᠭ᠎ᠠ

ᠵᠤᠬᠢᠶᠠᠭᠴᠢ᠄ ᠨᠣ᠊·ᠮᠥᠩᠭᠡ‍ᠲᠤᠭᠲᠠᠬᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2638
ᠴᠠᠭ᠄ 2009 ᠤᠨ ᠤ 12 ᠰᠠᠷ᠎ᠠ ᠶᠢᠨ 12
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ