ᠨᠡᠪᠲᠡᠷᠡᠨ ᠤᠷᠤᠬᠤ
ᠬᠠᠢ᠌ᠷ᠎ᠠ ᠶᠢᠨ ᠪᠦᠱᠦᠭᠦᠷᠭᠡᠨ ᠳᠤ ᠠᠮᠢᠳᠤᠷᠠᠯ ᠵᠠᠯᠠᠭᠤᠵᠢᠨ᠎ᠠ

ᠬᠠᠨᠢᠯᠠᠵᠤ ᠶᠠᠪᠣᠭ᠎ᠠ ᠨᠠᠰᠤᠨ ᠳᠠᠭᠠᠨ

ᠬᠠᠢ᠌ᠷ᠎ᠠ ᠶᠢᠨ ᠳᠤᠬᠠᠢ ᠥᠭᠡ ᠶᠠᠷᠢᠭ᠎ᠠ ᠦᠭᠡᠶ

ᠬᠠᠯᠠᠭᠤᠨ ᠢᠨᠠᠭ ᠲᠠᠭᠠᠨ ᠰᠤᠭᠳᠤᠭᠤᠷᠠᠵᠤ ᠥᠩᠭᠡᠷᠡᠯ᠎ᠡ ᠴᠤ

ᠬᠠᠢ᠌ᠷᠠᠯᠠᠨ᠎ᠠ ᠭᠡᠵᠤ ᠰᠢᠭᠤᠳ ᠭᠡᠯᠡᠭᠡ ᠦᠭᠡᠶ

ᠬᠠᠢ᠌ᠷᠠᠳᠤ ᠴᠢᠨᠤᠭᠢ ᠪᠠᠨ ᠰᠡᠳᠭᠢᠯ ᠤᠨ ᠡᠷᠭᠡᠨ ᠳᠤ

ᠬᠠᠷᠢᠨ ᠪᠢ ᠠᠮᠤᠷᠵᠢᠵᠤ ᠶᠠᠪᠣᠯ᠎ᠠ᠃


ᠬᠠᠪᠣᠷ ᠴᠠᠭ ᠤᠨ ᠬᠠᠷ᠎ᠠ ᠰᠠᠯᠭᠢᠨ

ᠵᠤᠨ ᠤ ᠦᠶ᠎ᠡ ᠶᠢᠨ ᠠᠭᠠᠭᠢᠮ᠎ᠠ ᠬᠠᠯᠠᠭᠤᠨ

ᠨᠠᠮᠤᠷ ᠤᠨ ᠣᠯᠠᠷᠢᠯ ᠤᠨ ᠵᠢᠭᠡᠭᠦᠨ ᠵᠢᠪᠠᠷ

ᠡᠪᠦᠯ ᠤᠨ ᠬᠤᠭᠤᠴᠠᠭᠠᠨ ᠤ ᠬᠠᠭᠢᠷ ᠭᠦᠢᠳᠡᠨ ᠭᠡᠵᠤ

ᠬᠠᠢ᠌ᠷ᠎ᠠ ᠳᠠᠭᠠᠨ ᠴᠢ ᠣᠯᠠᠷᠢᠯ ᠡᠭᠡᠯᠵᠢᠯᠡᠭᠡ ᠦᠭᠡᠶ

ᠬᠠᠮᠤᠭ ᠵᠤᠷᠢᠭ ᠢ ᠮᠢᠨᠢ ᠭᠦᠪᠴᠢᠯᠡᠵᠤ ᠶᠠᠪᠣᠯ᠎ᠠ᠃


ᠨᠠᠷᠢᠬᠠᠨ ᠬᠤᠷᠤᠭᠤ ᠪᠠᠷ ᠶᠢᠡᠨ ᠠᠮᠢᠳᠤᠷᠠᠯ ᠢ ᠰᠠᠢ᠌ᠯᠵᠤ

ᠨᠠᠮᠠᠬᠠᠨ ᠠᠮᠢᠰᠬᠤᠭ᠎ᠠ ᠪᠠᠷ ᠬᠠᠴᠠᠷ ᠢ ᠢᠯᠪᠢᠨ

ᠨᠠᠳᠠᠳᠤ ᠬᠠᠢ᠌ᠷᠠᠳᠠᠢ ᠪᠠᠨ ᠨᠢᠭᠤᠯ ᠦᠭᠡᠶ ᠮᠡᠳᠡᠭᠦᠯᠦᠭ᠍ᠰᠡᠨ ᠴᠤ

ᠨᠠᠭᠠᠯᠠᠩᠬᠠᠢ᠌ᠳᠠᠨ ᠪᠠᠢ᠌ᠵᠤ ᠳᠤᠭᠠᠴᠢᠳᠠᠭ ᠦᠭᠡᠶ

ᠴᠢᠨᠤ ᠬᠠᠢ᠌ᠷ᠎ᠠ ᠶᠢᠨ ᠰᠤᠷᠭᠤᠭ ᠳᠠᠳᠠᠯᠳᠠ ᠳᠤ

ᠮᠢᠨᠤ ᠣᠢ᠌ᠯᠠᠰ ᠡᠷᠭᠦᠭ᠍ᠳᠡᠵᠤ ᠢᠷᠠᠯ᠎ᠠ᠃


ᠡᠯᠢᠭᠡᠨ ᠳᠤ ᠴᠢᠨᠢ ᠨᠠᠭᠠᠯᠳᠤᠵᠤ ᠰᠦ᠋ ᠶᠢ ᠴᠢᠨᠢ ᠭᠦᠭᠦᠭᠦ

ᠡᠩᠭᠦᠷᠡᠢ ᠭᠡᠦᠭᠡᠨ ᠢ ᠮᠢᠨᠢ ᠱᠤᠭᠯᠠᠵᠤ ᠢᠨᠢᠶᠡᠯᠭᠡᠭᠦ ᠳᠤ ᠴᠢᠨᠢ

ᠡᠨᠡᠳᠡᠭᠡ ᠡᠴᠡ ᠨᠢ ᠬᠠᠷᠠᠵᠤ ᠵᠤᠮᠠᠯᠵᠠᠬᠤ ᠳᠤ ᠮᠢᠨᠢ

ᠡᠩᠭᠡᠷ ᠶᠢᠡᠨ ᠬᠤᠷᠳᠤᠬᠠᠨ ᠳᠤᠪᠴᠢᠯᠠᠬᠤ ᠭᠡᠳᠡᠭ᠌

ᠡᠵᠡᠭ᠍ᠳᠡᠢ ᠴᠢᠨᠤᠭᠢ ᠪᠠᠨ ᠬᠠᠢ᠌ᠷ᠎ᠠ ᠶᠢᠨ ᠪᠦᠱᠦᠭᠦᠷᠭᠡᠨ ᠳᠤ

ᠡᠭ᠍ᠰᠢᠭᠦ ᠨᠠᠰᠤᠨ ᠤ ᠮᠢᠨᠢ ᠠᠮᠢᠳᠤᠷᠠᠯ ᠵᠠᠯᠠᠭᠤᠵᠢᠨ᠎ᠠ ᠡ ︕


ᠵᠤᠬᠢᠶᠠᠭᠴᠢ ᠶᠢᠨ ᠬᠠᠶ‍ᠢᠭ ᠄ ᠨᠢ᠋ᠮᠠᠨ ᠬᠤᠰᠢᠭᠤᠨ ᠤ ᠣᠰᠤᠨ ᠤ ᠶᠠᠪᠣᠳᠠᠯ ᠤᠨ ᠳᠤᠪᠴᠢᠶ᠎ᠠ

ᠵᠤᠬᠢᠶᠠᠭᠴᠢ᠄ ᠰ·ᠠᠭᠤᠯᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2634
ᠴᠠᠭ᠄ 2010 ᠤᠨ ᠤ 03 ᠰᠠᠷ᠎ᠠ ᠶᠢᠨ 16
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ